ᠬᠣᠶᠠᠳᠤᠭᠠᠷ ᠲᠢᠮᠣᠲ ᠭᠤᠷᠪᠠ
ᠡᠴᠦᠰ ᠦᠨ ᠦᠶ᠎ᠡ ᠶᠢᠨ ᠬᠢᠨ ᠤ ᠵᠠᠩ ᠴᠢᠨᠠᠷ ᠤᠳ
1 ᠡᠭᠦᠨ ᠢ ᠮᠡᠳᠡᠲᠦᠭᠡᠢ᠂ ᠡᠴᠦᠰ ᠦᠨ ᠡᠳᠦᠷ ᠤᠳ ᠲᠤ ᠠᠶᠤᠮᠰᠢᠭᠲᠤ ᠴᠠᠭ ᠢᠷᠡᠨ᠎ᠡ᠂ 2 ᠬᠥᠮᠦᠰ ᠥᠪᠡᠷ ᠲᠡᠭᠡᠨ ᠬᠠᠢᠷ᠎ᠠ ᠲᠠᠢ᠂ ᠵᠣᠭᠣᠰᠣᠨ ᠳᠤ ᠬᠠᠢᠷ᠎ᠠ ᠲᠠᠢ᠂ ᠣᠩᠭᠢᠷᠠᠭ᠎ᠠ᠂ ᠶᠡᠬᠡᠷᠬᠡᠭ᠂ ᠠᠯᠳᠠᠰᠤᠯᠠᠬᠤ ᠳᠤᠷᠠᠲᠠᠢ᠂ ᠡᠴᠢᠭᠡ ᠡᠬᠡ ᠳᠡᠭᠡᠨ ᠳᠤᠭᠤᠯᠭᠠᠪᠤᠷᠢ ᠦᠭᠡᠢ᠂ ᠲᠠᠯᠠᠷᠬᠠᠯ ᠦᠭᠡᠢ᠂ ᠰᠦᠰᠦᠭ ᠦᠭᠡᠢ᠂ 3 ᠡᠨᠡᠷᠢᠯ ᠦᠭᠡᠢ᠂ ᠡᠪᠯᠡᠷᠡᠰᠢ ᠦᠭᠡᠢ᠂ ᠭᠦᠳᠬᠡᠮᠡᠲᠡᠭᠡᠢ᠂ ᠪᠡᠶ᠎ᠡ ᠪᠡᠨ ᠪᠠᠷᠢᠬᠤ ᠦᠭᠡᠢ᠂ ᠰᠢᠷᠦᠭᠦᠨ᠂ ᠰᠠᠢᠨ ᠳᠤ ᠳᠤᠷ᠎ᠠ ᠦᠭᠡᠢ᠂ 4 ᠤᠷᠪᠠᠮᠠᠲᠠᠭᠠᠢ᠂ ᠬᠥᠩᠭᠡᠨ ᠬᠠᠭᠤᠳᠠᠮ᠂ ᠣᠮᠣᠷᠬᠠᠭ᠂ ᠪᠤᠷᠬᠠᠨ ᠢ ᠬᠠᠢᠷᠠᠯᠠᠬᠤ ᠠᠴᠠ ᠢᠯᠡᠭᠦᠦ ᠴᠡᠩᠭᠡᠯ ᠢ ᠬᠠᠢᠷᠠᠯᠠᠬᠤ ᠪᠥᠭᠡᠳ 5 ᠰᠦᠰᠦᠭᠯᠢᠭ ᠳᠦᠷᠢ ᠲᠠᠢ ᠪᠣᠯᠪᠠᠴᠤ ᠰᠦᠰᠦᠭ ᠦᠨ ᠬᠦᠴᠦ ᠶᠢ ᠦᠭᠡᠶᠢᠰᠬᠡᠬᠦ ᠪᠣᠯᠣᠨ᠎ᠠ᠃ ᠴᠢ ᠡᠢᠮᠦᠷᠬᠦ ᠬᠥᠮᠦᠰ ᠡᠴᠡ ᠵᠠᠢᠳᠠ᠃ 6 ᠲᠡᠳᠡᠨ ᠦ ᠳᠤᠮᠳᠠ ᠬᠥᠮᠦᠨ ᠦ ᠭᠡᠷ ᠲᠦ ᠰᠡᠮᠬᠡᠨ ᠣᠷᠣᠵᠤ ᠭᠡᠨᠡᠨ ᠡᠮᠡᠰ ᠢ᠂ ᠭᠡᠮ ᠨᠢᠭᠦᠯ ᠳᠡᠭᠡᠨ ᠳᠠᠷᠤᠭᠳᠠᠭᠠᠳ ᠡᠯᠳᠡᠪ ᠳᠤᠷ᠎ᠠ ᠬᠦᠰᠡᠯ ᠳᠦ ᠲᠠᠲᠠᠭᠳᠠᠨ᠂ 7 ᠰᠤᠷᠤᠯᠴᠠᠭᠰᠠᠭᠠᠷ ᠪᠠᠢᠭᠰᠠᠨ ᠴᠤ ᠦᠨᠡᠨ ᠳᠦ ᠬᠦᠷᠴᠦ ᠴᠢᠳᠠᠳᠠᠭ ᠦᠭᠡᠢ ᠡᠮᠡᠰ ᠢ ᠥᠪᠡᠷ ᠲᠡᠭᠡᠨ ᠲᠠᠲᠠᠭᠴᠢᠳ ᠴᠤ ᠪᠤᠢ᠃ 8 ᠶᠠᠨᠧ ᠪᠠ ᠶᠠᠮᠪᠷᠧ ᠬᠣᠶᠠᠭᠤᠯᠠ ᠮᠣᠰᠧ ᠶᠢ ᠡᠰᠡᠷᠭᠦᠴᠡᠭᠰᠡᠨ ᠰᠢᠭ᠂ ᠡᠳᠡᠭᠡᠷ ᠢᠯᠵᠢᠷᠠᠮᠠᠯ ᠰᠠᠨᠠᠭ᠎ᠠ ᠲᠠᠢ᠂ ᠢᠲᠡᠭᠡᠯ ᠦᠨ ᠲᠠᠯ᠎ᠠ ᠪᠠᠷ ᠭᠣᠯᠣᠭᠳᠠᠭᠰᠠᠨ ᠬᠥᠮᠦᠰ ᠦᠨᠡᠨ ᠢ ᠡᠰᠡᠷᠭᠦᠴᠡᠳᠡᠭ᠃ 9 ᠭᠡᠪᠡᠴᠦ ᠲᠡᠳᠡ ᠴᠠᠰᠢ ᠠᠬᠢᠭᠤᠯᠵᠤ ᠴᠢᠳᠠᠬᠤ ᠦᠭᠡᠢ᠂ ᠤᠴᠢᠷ ᠨᠢ᠂ ᠲᠡᠷᠡ ᠬᠣᠶᠠᠭᠤᠯᠠ ᠲᠠᠢ ᠠᠳᠠᠯᠢ ᠪᠠᠷ ᠲᠡᠳᠡᠨ ᠦ ᠤᠬᠠᠭᠠᠨ ᠦᠭᠡᠢ ᠪᠠᠢᠳᠠᠯ ᠴᠤ ᠪᠦᠬᠦᠨ ᠦ ᠡᠮᠦᠨ᠎ᠡ ᠢᠯᠡᠷᠡᠨ᠎ᠡ᠃
ᠰᠢᠳᠠᠷ ᠱᠠᠪᠢ ᠶᠢᠨ ᠦᠯᠢᠭᠡᠷ ᠵᠢᠱᠢᠶ᠎ᠡ
10 ᠬᠠᠷᠢᠨ ᠴᠢ ᠮᠢᠨᠦ ᠰᠤᠷᠭᠠᠯ᠂ ᠠᠮᠢᠳᠤᠷᠠᠯ᠂ ᠵᠣᠷᠢᠯᠭ᠎ᠠ᠂ ᠢᠲᠡᠭᠡᠯ᠂ ᠲᠡᠰᠪᠦᠷᠢ᠂ ᠬᠠᠢᠷ᠎ᠠ᠂ ᠲᠤᠤᠱᠲᠠᠢ ᠪᠠᠢᠳᠠᠯ ᠬᠢᠭᠡᠳ 11 ᠠᠨᠲ᠋ᠢᠶᠣᠬᠢᠶᠠ᠂ ᠢᠺᠣᠨᠢᠶᠣᠨ᠂ ᠯᠦᠰᠲ᠋ᠷᠠ ᠳᠤ ᠨᠠᠳᠠ ᠳᠤ ᠲᠣᠬᠢᠶᠠᠯᠳᠤᠭᠰᠠᠨ ᠬᠠᠪᠴᠢᠯᠭ᠎ᠠ ᠪᠠ ᠵᠣᠪᠠᠯᠠᠩ ᠢ ᠭᠦᠨᠵᠡᠭᠡᠢ ᠣᠢᠯᠠᠭᠠᠭᠰᠠᠨ᠃ ᠪᠢ ᠲᠡᠢᠮᠦᠷᠬᠦ ᠬᠠᠪᠴᠢᠯᠭ᠎ᠠ ᠶᠢ ᠳᠤᠭᠤᠯᠤᠭᠰᠠᠨ᠂ ᠬᠠᠷᠢᠨ ᠡᠵᠡᠨ ᠨᠠᠮᠠᠶᠢ ᠡᠨᠡ ᠪᠦᠭᠦᠳᠡ ᠡᠴᠡ ᠭᠡᠲᠦᠯᠭᠡᠭᠰᠡᠨ ᠶᠤᠮ᠃ 12 ᠦᠨᠡᠨ ᠳᠡᠭᠡᠨ᠂ ᠾᠷᠢᠰᠲ᠋ᠣᠰ ᠢᠰᠦ᠋ᠰ ᠤᠨ ᠳᠣᠲᠣᠷ᠎ᠠ ᠰᠦᠰᠦᠭ ᠲᠡᠢ ᠠᠮᠢᠳᠤᠷᠠᠬᠤ ᠶᠢ ᠬᠦᠰᠡᠭᠴᠢ ᠪᠣᠯᠭᠠᠨ ᠬᠠᠪᠴᠢᠭᠳᠠᠨᠠ᠂ 13 ᠬᠠᠷᠢᠨ ᠮᠠᠭᠤ ᠬᠥᠮᠦᠰ ᠪᠠ ᠬᠠᠭᠤᠷᠤᠭᠴᠢᠳ ᠨᠢ ᠮᠡᠬᠡᠯᠡᠨ ᠮᠡᠬᠡᠯᠡᠭᠳᠡᠵᠦ᠂ ᠮᠠᠭᠤ ᠠᠴᠠ ᠮᠠᠭᠤ ᠤᠷᠤᠭᠤ ᠶᠠᠪᠤᠨ᠎ᠠ᠃
ᠠᠷᠢᠭᠤᠨ ᠨᠣᠮ ᠤᠨ ᠠᠴᠢ ᠬᠣᠯᠪᠣᠭᠳᠠᠯ
14 ᠬᠠᠷᠢᠨ ᠴᠢ ᠪᠣᠯ ᠰᠤᠷᠤᠭᠠᠳ ᠪᠠᠲᠤ ᠢᠲᠡᠭᠡᠭᠰᠡᠨ ᠦ ᠪᠠᠨ ᠳᠣᠲᠣᠷ᠎ᠠ ᠪᠠᠢᠭᠲᠤᠨ᠂ ᠴᠢ ᠬᠡᠨ ᠬᠡᠨ ᠡᠴᠡ ᠰᠤᠷᠤᠭᠰᠠᠨ ᠢᠶᠠᠨ᠂ 15 ᠪᠠᠰᠠ ᠪᠦᠷ ᠪᠠᠯᠴᠢᠷ ᠪᠠᠢᠬᠤ ᠠᠴᠠ ᠪᠠᠨ ᠠᠷᠢᠭᠤᠨ ᠨᠣᠮ ᠢ ᠬᠡᠷᠬᠢᠨ ᠲᠠᠨᠢᠭᠰᠠᠨ ᠢᠶᠠᠨ ᠮᠡᠳᠡᠨ᠎ᠡ᠂ ᠠᠷᠢᠭᠤᠨ ᠨᠣᠮ ᠾᠷᠢᠰᠲ᠋ᠣᠰ ᠢᠰᠦ᠋ᠰ ᠲᠤ ᠢᠲᠡᠭᠡᠭᠰᠡᠨ ᠢᠶᠡᠷ ᠠᠪᠤᠷᠠᠯ ᠳᠤ ᠬᠦᠷᠬᠦ ᠮᠡᠷᠭᠡᠨ ᠤᠬᠠᠭᠠᠨ ᠢ ᠴᠢᠮ᠎ᠠ ᠳᠤ ᠣᠯᠭᠣᠬᠤ ᠴᠢᠳᠠᠯ ᠲᠠᠢ᠃ 16 ᠪᠦᠬᠦ ᠪᠢᠴᠢᠭᠡᠰᠦ ᠨᠢ ᠪᠤᠷᠬᠠᠨ ᠤ ᠠᠮᠢᠰᠬᠤᠯ ᠲᠠᠢ ᠪᠥᠭᠡᠳ ᠵᠢᠭᠠᠬᠤ᠂ ᠵᠢᠮᠡᠯᠡᠬᠦ᠂ ᠵᠠᠯᠠᠷᠠᠭᠤᠯᠬᠤ ᠪᠠ ᠵᠥᠪ ᠢᠶᠡᠷ ᠰᠠᠬᠢᠯᠭᠠᠵᠢᠭᠤᠯᠬᠤ ᠳᠤ ᠲᠤᠰᠠ ᠲᠠᠢ᠂ 17 ᠪᠤᠷᠬᠠᠨ ᠤ ᠬᠥᠮᠦᠨ ᠠᠯᠢᠪᠠ ᠰᠠᠢᠨ ᠢ ᠦᠢᠯᠡᠳᠬᠦ ᠳᠡᠭᠡᠨ ᠡᠭᠦᠨ ᠢᠶᠡᠷ ᠲᠡᠭᠦᠯᠳᠡᠷᠵᠢᠬᠦ ᠪᠣᠯᠣᠨ᠎ᠠ᠃