ᠹᠢᠯᠢᠫᠣᠢ ᠨᠢᠭᠡ
ᠲᠠᠯᠠᠷᠬᠠᠯ ᠪᠠ ᠭᠤᠶᠤᠯᠲᠠ
1 ᠾᠷᠢᠰᠲ᠋ᠣᠰ ᠢᠰᠦ᠋ᠰ ᠤᠨ ᠵᠠᠷᠤᠴᠠ ᠫᠠᠦ᠋ᠯ ᠪᠣᠯᠣᠨ ᠲᠢᠮᠣᠲ ᠠᠴᠠ ᠹᠢᠯᠢᠫᠣᠢ ᠳᠤ ᠪᠠᠢᠭ᠎ᠠ ᠾᠷᠢᠰᠲ᠋ᠣᠰ ᠢᠰᠦ᠋ᠰ ᠤᠨ ᠳᠣᠲᠣᠷᠠᠬᠢ ᠬᠠᠮᠤᠭ ᠠᠷᠢᠭᠤᠨ ᠬᠥᠮᠦᠰ ᠬᠢᠭᠡᠳ ᠬᠠᠷᠠᠭᠠᠯᠵᠠᠭᠴᠢ᠂ ᠳᠡᠮᠴᠢ ᠳᠤ᠄
2 ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
3 ᠪᠢ ᠲᠠ ᠨᠠᠷ ᠢ ᠳᠤᠷᠠᠰᠬᠤ ᠪᠣᠯᠭᠠᠨ ᠳᠠᠭᠠᠨ ᠪᠤᠷᠬᠠᠨ ᠳᠠᠭᠠᠨ ᠲᠠᠯᠠᠷᠬᠠᠵᠤ᠂ 4 ᠲᠠ ᠪᠦᠭᠦᠳᠡ ᠶᠢᠨ ᠲᠥᠯᠥᠭᠡ ᠬᠡᠵᠢᠶᠡᠳᠡ ᠪᠠᠶᠠᠷ ᠲᠠᠢ ᠪᠠᠷ ᠭᠤᠶᠤᠳᠠᠭ᠃ 5 ᠤᠴᠢᠷ ᠨᠢ᠂ ᠠᠩ᠋ᠬᠠᠨ ᠤ ᠡᠳᠦᠷ ᠡᠴᠡ ᠣᠳᠣ ᠪᠣᠯᠲᠠᠯ᠎ᠠ ᠲᠠ ᠨᠠᠷ ᠪᠠᠶᠠᠷ ᠤᠨ ᠮᠡᠳᠡᠭᠡ ᠳᠡᠯᠭᠡᠷᠡᠭᠦᠯᠬᠦ ᠳᠦ ᠣᠷᠣᠯᠴᠠᠭᠰᠠᠭᠠᠷ ᠢᠷᠡᠭᠰᠡᠨ ᠶᠤᠮ᠃ 6 ᠲᠠ ᠨᠠᠷ ᠤᠨ ᠳᠤᠮᠳᠠ ᠰᠠᠢᠨ ᠠᠵᠢᠯ ᠢ ᠡᠬᠢᠯᠡᠭᠦᠯᠦᠭᠴᠢ ᠨᠢ ᠾᠷᠢᠰᠲ᠋ᠣᠰ ᠢᠰᠦ᠋ᠰ ᠤᠨ ᠡᠳᠦᠷ ᠪᠣᠯᠲᠠᠯ᠎ᠠ ᠲᠡᠷᠡ ᠠᠵᠢᠯ ᠢᠶᠠᠨ ᠪᠡᠶᠡᠯᠡᠭᠦᠯᠦᠨ᠎ᠡ ᠭᠡᠳᠡᠭ ᠲᠦ ᠪᠢ ᠢᠲᠡᠭᠡᠯ ᠲᠡᠢ ᠪᠠᠢᠨ᠎ᠠ᠃ 7 ᠲᠠ ᠪᠦᠭᠦᠳᠡ ᠶᠢᠨ ᠲᠤᠬᠠᠢ ᠢᠩᠭᠢᠲᠡᠯ᠎ᠡ ᠪᠡᠨ ᠪᠣᠳᠣᠵᠤ ᠪᠠᠢᠭ᠎ᠠ ᠮᠢᠨᠢ ᠵᠥᠪ ᠶᠤᠮ᠂ ᠤᠴᠢᠷ ᠨᠢ᠂ ᠲᠠ ᠨᠠᠷ ᠮᠢᠨᠦ ᠵᠢᠷᠦᠬᠡᠨ ᠳᠦ ᠪᠤᠢ᠃ ᠨᠠᠮᠠᠶᠢ ᠬᠦᠯᠢᠶᠡᠰᠦᠲᠡᠢ ᠪᠠᠢᠬᠤ ᠳᠤ ᠴᠤ᠂ ᠪᠠᠶᠠᠷ ᠤᠨ ᠮᠡᠳᠡᠭᠡ ᠶᠢ ᠥᠮᠥᠭᠯᠡᠨ ᠭᠡᠷᠡᠴᠢᠯᠡᠵᠦ ᠪᠠᠢᠬᠤ ᠳᠤ ᠴᠤ᠂ ᠲᠠ ᠪᠦᠬᠦᠨ ᠨᠠᠳᠠ ᠲᠠᠢ ᠬᠠᠮᠲᠤ ᠪᠤᠷᠬᠠᠨ ᠤ ᠢᠪᠡᠭᠡᠯ ᠢ ᠬᠤᠪᠢᠶᠠᠯᠴᠠᠵᠤ ᠪᠠᠢᠭᠰᠠᠨ᠃ 8 ᠾᠷᠢᠰᠲ᠋ᠣᠰ ᠢᠰᠦ᠋ᠰ ᠤᠨ ᠰᠡᠳᠬᠢᠯ ᠢᠶᠠᠷ ᠲᠠ ᠪᠦᠭᠦᠳᠡ ᠶᠢ ᠬᠡᠷᠬᠢᠨ ᠰᠠᠨᠠᠭᠠᠯᠵᠠᠵᠤ ᠪᠠᠢᠭ᠎ᠠ ᠶᠢ ᠮᠠᠨᠢ ᠪᠤᠷᠬᠠᠨ ᠭᠡᠷᠡᠴᠢᠯᠡᠨ᠎ᠡ᠃ 9 ᠪᠢ ᠳᠠᠭᠠᠳᠬᠠᠶ᠎ᠠ᠃ ᠲᠠ ᠨᠠᠷ ᠤᠨ ᠬᠠᠢᠷ᠎ᠠ ᠨᠢ ᠵᠥᠪ ᠮᠡᠳᠡᠯᠭᠡ ᠪᠠ ᠭᠦᠨ ᠣᠢᠯᠠᠭᠠᠯᠲᠠ ᠶᠢᠨ ᠬᠠᠮᠲᠤ ᠤᠯᠠᠮ ᠠᠷᠪᠢᠵᠢᠵᠤ᠂ 10 ᠣᠬᠢ ᠰᠠᠢᠨ ᠢ ᠢᠯᠭᠠᠨ ᠲᠠᠨᠢᠵᠤ᠂ ᠾᠷᠢᠰᠲ᠋ᠣᠰ ᠤᠨ ᠡᠳᠦᠷ ᠪᠣᠯᠲᠠᠯ᠎ᠠ ᠴᠡᠪᠡᠷ ᠪᠥᠭᠡᠳ ᠥ ᠦᠭᠡᠢ ᠪᠠᠢᠭᠰᠠᠭᠠᠷ᠂ 11 ᠢᠰᠦ᠋ᠰ ᠾᠷᠢᠰᠲ᠋ᠣᠰ ᠤᠨ ᠠᠴᠢ ᠪᠠᠷ ᠵᠥᠪ ᠦᠨ ᠦᠷ᠎ᠡ ᠵᠢᠮᠢᠰ ᠢ ᠳᠦᠭᠦᠷᠡᠩ ᠰᠠᠭᠤᠯᠭᠠᠵᠤ ᠪᠤᠷᠬᠠᠨ ᠳᠤ ᠠᠯᠳᠠᠷ ᠰᠤᠤ ᠪᠠ ᠮᠠᠭᠲᠠᠭᠠᠯ ᠢ ᠡᠷᠭᠦᠬᠦ ᠪᠣᠯᠲᠤᠭᠠᠢ᠃
ᠬᠣᠷᠢᠭᠳᠠᠯ ᠪᠠ ᠪᠠᠶᠠᠷ ᠤᠨ ᠮᠡᠳᠡᠭᠡ
12 ᠠᠬ᠎ᠠ ᠳᠡᠭᠦᠦ ᠨᠠᠷ ᠡ᠂ ᠲᠣᠬᠢᠶᠠᠯᠳᠤᠭᠰᠠᠨ ᠶᠠᠪᠤᠳᠠᠯ ᠤᠳ ᠮᠠᠨᠢ ᠪᠠᠶᠠᠷ ᠤᠨ ᠮᠡᠳᠡᠭᠡ ᠶᠢ ᠤᠯᠠᠮ ᠢᠯᠡᠭᠦᠦ ᠮᠠᠨᠳᠤᠭᠤᠯᠤᠭᠰᠠᠨ ᠭᠡᠳᠡᠭ ᠢ ᠲᠠ ᠨᠠᠷ ᠮᠡᠳᠡᠭᠡᠰᠡᠢ ᠭᠡᠵᠦ ᠪᠢ ᠬᠦᠰᠡᠵᠦ ᠪᠠᠢᠨ᠎ᠠ᠃ 13 ᠲᠤᠬᠠᠢᠯᠠᠪᠠᠯ᠂ ᠾᠷᠢᠰᠲ᠋ᠣᠰ ᠤᠨ ᠲᠥᠯᠥᠭᠡ ᠬᠣᠷᠢᠭᠳᠠᠭᠰᠠᠨ ᠢ ᠮᠢᠨᠢ ᠣᠷᠳᠣᠨ ᠤ ᠪᠦᠬᠦ ᠬᠠᠮᠠᠭᠠᠯᠠᠭᠴᠢ ᠴᠡᠷᠢᠭ 1 ᠪᠠ ᠪᠤᠰᠤᠳ ᠬᠥᠮᠦᠨ ᠴᠥᠮ ᠲᠣᠳᠣᠷᠬᠠᠢ ᠮᠡᠳᠡᠭᠰᠡᠨ ᠪᠥᠭᠡᠳ 14 ᠠᠬ᠎ᠠ ᠳᠡᠭᠦᠦ ᠨᠠᠷ ᠤᠨ ᠣᠯᠠᠩᠬᠢ ᠨᠢ ᠮᠢᠨᠦ ᠬᠣᠷᠢᠭᠳᠠᠭᠰᠠᠨ ᠠᠴᠠ ᠪᠣᠯᠣᠭᠠᠳ ᠡᠵᠡᠨ ᠳᠦ ᠪᠠᠲᠤ ᠢᠲᠡᠭᠡᠵᠦ᠂ ᠤᠯᠠᠮ ᠶᠡᠬᠡ ᠵᠣᠷᠢᠭᠲᠠᠢ ᠪᠠᠷ᠂ ᠠᠶᠤᠬᠤ ᠦᠭᠡᠢ ᠪᠠᠷ ᠪᠤᠷᠬᠠᠨ ᠤ ᠦᠭᠡ ᠶᠢ ᠶᠠᠷᠢᠳᠠᠭ ᠪᠣᠯᠣᠭᠰᠠᠨ᠃
15 ᠵᠠᠷᠢᠮ ᠨᠢ ᠠᠲᠠᠭ᠎ᠠ ᠲᠡᠮᠡᠴᠡᠯ ᠢᠶᠡᠷ᠂ ᠵᠠᠷᠢᠮ ᠨᠢ ᠰᠠᠢᠨ ᠰᠠᠨᠠᠭ᠎ᠠ ᠪᠠᠷ ᠾᠷᠢᠰᠲ᠋ᠣᠰ ᠢ ᠳᠡᠯᠭᠡᠷᠡᠭᠦᠯᠳᠡᠭ᠌᠃ 16 ᠡᠨᠡ ᠬᠥᠮᠦᠰ ᠨᠢ ᠪᠠᠶᠠᠷ ᠤᠨ ᠮᠡᠳᠡᠭᠡ ᠶᠢ ᠥᠮᠥᠭᠯᠡᠬᠦ ᠪᠡᠷ ᠲᠣᠮᠢᠯᠠᠭᠳᠠᠭᠰᠠᠨ ᠢ ᠮᠢᠨᠢ ᠮᠡᠳᠡᠵᠦ᠂ ᠬᠠᠢᠷ᠎ᠠ ᠠᠴᠠ ᠪᠠᠨ ᠾᠷᠢᠰᠲ᠋ᠣᠰ ᠢ ᠳᠡᠯᠭᠡᠷᠡᠭᠦᠯᠳᠡᠭ᠌ ᠪᠣᠯ᠂ 17 ᠨᠥᠭᠥᠭᠡ ᠬᠥᠮᠦᠰ ᠨᠢ ᠬᠣᠷᠢᠭᠳᠠᠭᠰᠠᠨ ᠨᠠᠳᠠ ᠳᠤ ᠵᠣᠪᠠᠯᠠᠩ ᠤᠴᠠᠷᠠᠭᠤᠯᠬᠤ ᠭᠡᠳ ᠴᠢᠩ ᠰᠡᠳᠬᠢᠯ ᠡᠴᠡ ᠪᠡᠨ ᠪᠢᠰᠢ᠂ ᠬᠠᠷᠢᠨ ᠪᠦᠯᠦᠭᠯᠡᠯ ᠦᠨ ᠡᠭᠦᠳᠡᠨ ᠡᠴᠡ ᠾᠷᠢᠰᠲ᠋ᠣᠰ ᠢ ᠳᠡᠯᠭᠡᠷᠡᠭᠦᠯᠳᠡᠭ᠌᠃ 18 ᠲᠡᠷᠡ ᠶᠠᠭᠠᠬᠢᠬᠤ ᠪᠤᠢ᠂ ᠥᠩᠭᠡᠪᠴᠢ ᠴᠤ ᠭᠡᠰᠡᠨ᠂ ᠦᠨᠡᠨ ᠴᠤ ᠭᠡᠰᠡᠨ᠂ ᠬᠠᠮᠤᠭ ᠠᠷᠭ᠎ᠠ ᠵᠠᠮ ᠢᠶᠠᠷ ᠾᠷᠢᠰᠲ᠋ᠣᠰ ᠳᠡᠯᠭᠡᠷᠡᠭᠦᠯᠦᠭᠳᠡᠵᠦ ᠪᠠᠢᠭ᠎ᠠ᠂ ᠪᠢ ᠡᠭᠦᠨ ᠳᠦ ᠪᠠᠶᠠᠷᠯᠠᠵᠤ ᠪᠠᠢᠨ᠎ᠠ᠃
19 ᠲᠠ ᠨᠠᠷ ᠤᠨ ᠳᠠᠭᠠᠳᠬᠠᠯ ᠪᠠ ᠢᠰᠦ᠋ᠰ ᠾᠷᠢᠰᠲ᠋ᠣᠰ ᠤᠨ ᠠᠷᠢᠭᠤᠨ ᠰᠦᠨᠡᠰᠦᠨ ᠦ ᠲᠤᠰᠠᠯᠠᠮᠵᠢ ᠪᠠᠷ ᠨᠠᠳᠠ ᠳᠤ ᠲᠣᠬᠢᠶᠠᠯᠳᠤᠭᠰᠠᠨ ᠶᠠᠪᠤᠳᠠᠯ ᠮᠢᠨᠢ ᠨᠠᠮᠠᠶᠢ ᠠᠪᠤᠷᠠᠯ ᠳᠤ ᠬᠦᠷᠭᠡᠬᠦ ᠪᠣᠯᠣᠨ᠎ᠠ ᠭᠡᠵᠦ ᠪᠢ ᠮᠡᠳᠡᠵᠦ ᠪᠠᠢᠨ᠎ᠠ᠃ 20 ᠪᠢ ᠶᠠᠭᠤᠨ ᠠᠴᠠ ᠴᠤ ᠢᠴᠢᠬᠦ ᠦᠭᠡᠢ᠃ ᠬᠠᠷᠢᠨ ᠤᠷᠢᠳᠤ ᠶᠢᠨ ᠰᠢᠭ᠋ ᠲᠡᠭᠦᠰ ᠵᠣᠷᠢᠭᠲᠠᠢ ᠪᠠᠢᠭᠰᠠᠭᠠᠷ ᠪᠠᠢᠵᠤ᠂ ᠠᠮᠢᠳᠤ ᠴᠤ᠂ ᠦᠬᠦᠭᠰᠡᠨ ᠴᠤ ᠪᠡᠶ᠎ᠡ ᠪᠡᠷ ᠢᠶᠠᠨ ᠾᠷᠢᠰᠲ᠋ᠣᠰ ᠢ ᠬᠦᠨᠳᠦᠳᠬᠡᠬᠦ 2 ᠶᠢ ᠮᠥᠷᠥᠭᠡᠳᠦᠨ ᠡᠷᠡᠮᠡᠯᠵᠡᠳᠡᠭ᠌᠃ 21 ᠤᠴᠢᠷ ᠨᠢ᠂ ᠮᠢᠨᠦ ᠬᠤᠪᠢ ᠳᠤ ᠠᠮᠢᠳᠤᠷᠠᠬᠤ ᠨᠢ ᠾᠷᠢᠰᠲ᠋ᠣᠰ ᠤᠨ ᠬᠢ᠂ ᠦᠬᠦᠬᠦ ᠨᠢ ᠴᠤ ᠣᠯᠣᠯᠲᠠ ᠶᠤᠮ᠃ 22 ᠭᠡᠪᠡᠴᠦ ᠪᠢ ᠮᠢᠬᠠᠨ ᠪᠡᠶ᠎ᠡ ᠳᠣᠲᠣᠷ᠎ᠠ ᠠᠮᠢᠳᠤᠷᠠᠵᠤ ᠪᠠᠢᠪᠠᠯ ᠠᠵᠢᠯ ᠮᠢᠨᠢ ᠦᠷ᠎ᠡ ᠵᠢᠮᠢᠰ ᠲᠠᠢ ᠪᠣᠯᠣᠨ᠎ᠠ ᠭᠡᠰᠡᠨ ᠦᠭᠡ᠂ ᠭᠡᠬᠦ ᠳᠡᠭᠡᠨ ᠠᠯᠢ ᠶᠢ ᠨᠢ ᠰᠣᠩ᠋ᠭᠣᠬᠤ ᠪᠠᠨ ᠪᠢ ᠮᠡᠳᠡᠬᠦ ᠦᠭᠡᠢ᠃ 23 ᠪᠢ ᠬᠣᠶᠠᠷ ᠤᠨ ᠬᠣᠭᠣᠷᠣᠨᠳᠣ ᠰᠢᠬᠠᠭᠳᠠᠭᠰᠠᠨ ᠪᠠᠢᠨ᠎ᠠ᠂ ᠡ᠊ᠨᠳᠡ ᠡᠴᠡ ᠣᠳᠴᠤ᠂ ᠾᠷᠢᠰᠲ᠋ᠣᠰ ᠲᠠᠢ ᠬᠠᠮᠲᠤ ᠪᠠᠢᠬᠤ ᠳᠤᠷᠠᠲᠠᠢ ᠪᠥᠭᠡᠳ ᠲᠡᠭᠡᠬᠦ ᠨᠢ ᠢᠯᠡᠭᠦᠦ ᠰᠠᠢᠨ ᠪᠢᠯᠡ᠃ 24 ᠬᠠᠷᠢᠨ ᠮᠢᠬᠠᠨ ᠪᠡᠶ᠎ᠡ ᠪᠡᠷ ᠠᠮᠢᠳᠤ ᠦᠯᠡᠳᠡᠬᠦ ᠨᠢ ᠲᠠ ᠨᠠᠷ ᠲᠤ ᠢᠯᠡᠭᠦᠦ ᠲᠤᠰᠠᠲᠠᠢ᠃ 25 ᠢᠩᠭᠢᠵᠦ ᠢᠲᠡᠭᠡᠳᠡᠭ ᠪᠣᠯᠬᠣᠷ ᠲᠠ ᠨᠠᠷ ᠤᠨ ᠢᠲᠡᠭᠡᠯ ᠦᠨ ᠥᠰᠥᠯᠲᠡ ᠪᠣᠯᠣᠨ ᠪᠠᠶᠠᠰᠤᠯ ᠤᠨ ᠲᠥᠯᠥᠭᠡ ᠠᠮᠢᠳᠤ ᠦᠯᠡᠳᠡᠵᠦ᠂ ᠲᠠ ᠨᠠᠷ ᠤᠨ ᠳᠡᠷᠭᠡᠳᠡ ᠪᠠᠢᠬᠤ ᠶᠣᠰᠣᠲᠠᠢ ᠪᠠᠨ ᠴᠤ ᠪᠢ ᠮᠡᠳᠡᠵᠦ ᠪᠠᠢᠨ᠎ᠠ᠃ 26 ᠲᠡᠢᠮᠦ ᠡᠴᠡ ᠪᠢ ᠲᠠᠨ ᠤ ᠲᠡᠨᠳᠡ ᠳᠠᠬᠢᠭᠠᠳ ᠣᠴᠢᠪᠠᠯ ᠲᠠ ᠨᠠᠷ ᠨᠠᠳᠠ ᠠᠴᠠ ᠪᠣᠯᠵᠤ ᠾᠷᠢᠰᠲ᠋ᠣᠰ ᠤᠨ ᠳᠣᠲᠣᠷ᠎ᠠ ᠤᠯᠠᠮ ᠢᠯᠡᠭᠦᠦ ᠣᠮᠣᠭᠰᠢᠬᠤ ᠪᠣᠯᠣᠨ᠎ᠠ᠃
ᠾᠷᠢᠰᠲ᠋ᠣᠰ ᠤᠨ ᠲᠥᠯᠥᠭᠡ ᠵᠣᠪᠠᠯᠠᠩ ᠠᠮᠰᠠᠬᠤ
27 ᠲᠠ ᠨᠠᠷ ᠾᠷᠢᠰᠲ᠋ᠣᠰ ᠤᠨ ᠪᠠᠶᠠᠷ ᠤᠨ ᠮᠡᠳᠡᠭᠡ ᠳᠦ ᠵᠣᠬᠢᠰᠲᠠᠢ ᠪᠠᠷ ᠪᠡᠶ᠎ᠡ ᠪᠡᠨ ᠠᠪᠴᠤ ᠶᠠᠪᠤ᠂ ᠡᠢᠨ ᠬᠦ ᠪᠢ ᠲᠠᠨ ᠤ ᠲᠡᠨᠳᠡ ᠣᠴᠢᠵᠤ ᠠᠭᠤᠯᠵᠠᠭᠰᠠᠨ ᠴᠤ᠂ ᠲᠡᠨᠳᠡ ᠪᠠᠢᠬᠤ ᠦᠭᠡᠢ ᠪᠠᠢᠭᠰᠠᠨ ᠴᠤ᠂ ᠲᠠ ᠨᠠᠷ ᠨᠢᠭᠡ ᠰᠦᠨᠡᠰᠦ ᠪᠡᠷ ᠪᠠᠲᠤ ᠵᠣᠭᠰᠣᠵᠤ᠂ ᠪᠠᠶᠠᠷ ᠤᠨ ᠮᠡᠳᠡᠭᠡᠨ ᠳᠦ ᠢᠲᠡᠭᠡᠬᠦ ᠳᠡᠭᠡᠨ ᠰᠡᠳᠬᠢᠯ ᠨᠢᠭᠡᠲᠡᠢ ᠲᠡᠮᠡᠴᠡᠵᠦ ᠪᠠᠢᠭ᠎ᠠ ᠪᠠ 28 ᠡᠰᠡᠷᠭᠦᠴᠡᠭᠴᠢᠳ ᠡᠴᠡ ᠪᠡᠨ ᠶᠠᠮᠠᠷ ᠴᠤ ᠲᠠᠯ᠎ᠠ ᠪᠠᠷ ᠠᠶᠤᠬᠤ ᠦᠭᠡᠢ ᠪᠠᠢᠬᠤ ᠪᠠᠨ ᠨᠠᠳᠠ ᠳᠤ ᠰᠣᠨᠣᠰᠬᠠᠬᠤ ᠪᠣᠯᠲᠤᠭᠠᠢ᠃ ᠡᠨᠡ ᠨᠢ ᠲᠡᠳᠡᠨ ᠦ ᠬᠤᠪᠢ ᠳᠤ ᠮᠥᠬᠥᠯ ᠦᠨ ᠰᠢᠨᠵᠢ᠂ ᠲᠠ ᠨᠠᠷ ᠤᠨ ᠬᠤᠪᠢ ᠳᠤ ᠠᠪᠤᠷᠠᠯ ᠤᠨ ᠰᠢᠨᠵᠢ ᠪᠣᠯᠬᠤ ᠪᠥᠭᠡᠳ ᠪᠤᠷᠬᠠᠨ ᠠᠴᠠ ᠡᠭᠦᠰᠦᠯ ᠲᠡᠢ ᠶᠤᠮ᠃ 29 ᠵᠥᠪᠬᠡᠨ ᠾᠷᠢᠰᠲ᠋ᠣᠰ ᠲᠤ ᠢᠲᠡᠭᠡᠬᠦ ᠲᠡᠳᠦᠢ ᠪᠢᠰᠢ᠂ ᠲᠡᠭᠦᠨ ᠦ ᠡᠮᠦᠨ᠎ᠡ ᠡᠴᠡ ᠵᠣᠪᠠᠯᠠᠩ ᠠᠮᠰᠠᠬᠤ ᠢᠪᠡᠭᠡᠯ ᠢ ᠴᠤ ᠪᠤᠷᠬᠠᠨ ᠲᠠ ᠨᠠᠷ ᠲᠤ ᠰᠣᠶᠣᠷᠬᠠᠵᠠᠢ᠃ 30 ᠲᠠ ᠨᠠᠷ ᠤᠷᠢᠳᠤ ᠨᠢ ᠮᠢᠨᠦ ᠪᠡᠶ᠎ᠡ ᠳᠡᠭᠡᠷ᠎ᠡ ᠡᠴᠡ ᠬᠠᠷᠠᠭᠰᠠᠨ ᠪᠠ ᠡᠳᠦᠭᠡ ᠰᠣᠨᠣᠰᠴᠤ ᠪᠠᠢᠭ᠎ᠠ ᠲᠠᠢ ᠪᠠᠨ ᠠᠳᠠᠯᠢᠬᠠᠨ ᠲᠡᠮᠡᠴᠡᠯ ᠦᠨ ᠳᠤᠮᠳᠠ ᠪᠠᠢᠨ᠎ᠠ᠃