ᠹᠢᠯᠢᠫᠣᠢ ᠭᠤᠷᠪᠠ
ᠬᠣᠭᠣᠰᠣᠨ ᠨᠠᠢᠳᠠᠪᠤᠷᠢ
1 ᠨᠡᠮᠡᠵᠦ ᠬᠡᠯᠡᠶ᠎ᠡ᠂ ᠠᠬ᠎ᠠ ᠳᠡᠭᠦᠦ ᠨᠠᠷ ᠮᠢᠨᠢ᠂ ᠡᠵᠡᠨ ᠦ ᠳᠣᠲᠣᠷ᠎ᠠ ᠪᠠᠶᠠᠷᠯᠠᠭᠠᠷᠠᠢ᠂ ᠠᠳᠠᠯᠢ ᠦᠭᠡ ᠪᠡᠨ ᠳᠠᠪᠲᠠᠨ ᠪᠢᠴᠢᠬᠦ ᠨᠢ ᠮᠢᠨᠦ ᠬᠤᠪᠢ ᠳᠤ ᠶᠠᠷᠰᠢᠭ ᠪᠢᠰᠢ᠂ ᠲᠠ ᠨᠠᠷ ᠤᠨ ᠬᠤᠪᠢ ᠳᠤ ᠴᠤ ᠲᠣᠳᠣᠷᠬᠠᠢ ᠪᠣᠯᠬᠤ ᠶᠤᠮ᠃
2 ᠲᠠ ᠨᠠᠷ 《ᠨᠣᠬᠠᠳ》 ᠡᠴᠡ ᠪᠣᠯᠭᠣᠮᠵᠢᠯᠠ᠂ ᠮᠠᠭᠤ ᠶᠢ ᠦᠢᠯᠡᠳᠦᠭᠴᠢᠳ ᠡᠴᠡ ᠪᠣᠯᠭᠣᠮᠵᠢᠯᠠᠨ᠂ ᠪᠡᠶ᠎ᠡ ᠳᠡᠭᠡᠷ᠎ᠡ ᠣᠭᠲᠣᠯᠣᠭᠴᠢᠳ ᠠᠴᠠ ᠪᠣᠯᠭᠣᠮᠵᠢᠯᠠᠭᠲᠤᠨ᠃ 3 ᠪᠤᠷᠬᠠᠨ ᠤ ᠰᠦᠨᠡᠰᠦ ᠳᠣᠲᠣᠷ᠎ᠠ ᠮᠥᠷᠭᠥᠨ᠂ ᠾᠷᠢᠰᠲ᠋ᠣᠰ ᠢᠰᠦ᠋ᠰ ᠢᠶᠠᠷ ᠪᠠᠬᠠᠷᠬᠠᠵᠤ ᠮᠢᠬᠠᠨ ᠪᠡᠶ᠎ᠡ ᠳᠦ ᠨᠠᠢᠳᠠᠳᠠᠭ ᠦᠭᠡᠢ ᠪᠢᠳᠡ ᠨᠠᠷ ᠯᠠ ᠵᠢᠩᠬᠢᠨᠢ ᠬᠥᠪᠴᠢᠷᠬᠡᠢ ᠬᠥᠨᠳᠡᠭᠦᠯᠦᠭᠴᠢᠳ ᠮᠥᠨ᠃ 4 ᠬᠠᠷᠢᠨ ᠨᠠᠳᠠ ᠳᠤ ᠴᠤ ᠮᠢᠬᠠᠨ ᠪᠡᠶ᠎ᠡ ᠳᠡᠭᠡᠨ ᠨᠠᠢᠳᠠᠬᠤ ᠤᠴᠢᠷ ᠪᠤᠢ ᠯᠠ ᠳᠠ᠂ ᠬᠡᠷᠪᠡ ᠪᠤᠰᠤᠳ ᠬᠥᠮᠦᠨ ᠮᠢᠬᠠᠨ ᠪᠡᠶ᠎ᠡ ᠳᠡᠭᠡᠨ ᠨᠠᠢᠳᠠᠬᠤ ᠤᠴᠢᠷ ᠲᠠᠢ ᠭᠡᠵᠦ ᠦᠵᠡᠳᠡᠭ ᠶᠤᠮ ᠪᠣᠯ᠂ ᠮᠢᠨᠦ ᠬᠤᠪᠢ ᠳᠤ ᠪᠣᠯ ᠪᠦᠷ ᠴᠤ ᠢᠯᠡᠭᠦᠦ ᠶᠤᠮ᠃ 5 ᠪᠢ ᠨᠠᠢ᠌ᠮᠠᠳᠤᠭᠠᠷ ᠡᠳᠦᠷ ᠳᠡᠭᠡᠷ᠎ᠡ ᠪᠡᠨ ᠬᠥᠪᠴᠢᠷᠬᠡᠢ ᠬᠥᠨᠳᠡᠭᠦᠯᠦᠭᠰᠡᠨ ᠪᠥᠭᠡᠳ ᠢᠰᠷᠧᠯ ᠦᠨᠳᠦᠰᠦᠲᠡᠨ ᠦ ᠪᠢᠨᠶᠠᠮᠢᠨ ᠣᠪᠣᠭ ᠤᠨ ᠬᠢ᠂ ᠢᠪᠷᠠᠢ ᠬᠥᠮᠦᠨ ᠡᠴᠡ ᠲᠥᠷᠥᠭᠰᠡᠨ ᠢᠪᠷᠠᠢ ᠬᠥᠮᠦᠨ ᠪᠥᠭᠡᠳ ᠬᠠᠤᠯᠢ ᠶᠢᠨ ᠬᠤᠪᠢ ᠳᠤ ᠪᠣᠯ ᠹᠠᠷᠢᠰᠠᠢ ᠬᠥᠮᠦᠨ; 6 ᠬᠠᠯᠠᠭᠤᠨ ᠰᠡᠳᠬᠢᠯ ᠤᠨ ᠬᠤᠪᠢ ᠳᠤ ᠴᠢᠭᠤᠯᠭᠠᠨ ᠢ ᠬᠠᠪᠴᠢᠭᠴᠢ; ᠬᠠᠤᠯᠢ ᠶᠢᠨ ᠪᠠᠷᠢᠮᠵᠢᠶ᠎ᠠ ᠶᠢᠨ ᠬᠤᠪᠢ ᠳᠤ ᠭᠡᠮ ᠵᠢᠮ ᠦᠭᠡᠢ᠃
7 ᠨᠠᠳᠠ ᠳᠤ ᠡᠳᠡᠭᠡᠷ ᠣᠯᠣᠯᠲᠠ ᠪᠠᠢᠭᠰᠠᠨ ᠪᠦᠬᠦᠨ ᠢ ᠾᠷᠢᠰᠲ᠋ᠣᠰ ᠠᠴᠠ ᠪᠣᠯᠵᠤ ᠪᠢ ᠠᠯᠳᠠᠭᠳᠠᠯ ᠭᠡᠵᠦ ᠦᠵᠡᠳᠡᠭ ᠪᠣᠯᠵᠠᠢ᠃ 8 ᠲᠡᠷᠡ ᠴᠤ ᠪᠠᠢᠲᠤᠭᠠᠢ᠂ ᠮᠢᠨᠦ ᠡᠵᠡᠨ ᠾᠷᠢᠰᠲ᠋ᠣᠰ ᠢᠰᠦ᠋ᠰ ᠢ ᠲᠠᠨᠢᠵᠤ ᠮᠡᠳᠡᠬᠦ ᠨᠢ ᠬᠠᠮᠤᠭ ᠤᠨ ᠡᠷᠬᠢᠮ ᠤᠴᠢᠷ ᠠᠴᠠ ᠪᠢ ᠬᠠᠮᠤᠭ ᠶᠠᠭᠤᠮ᠎ᠠ ᠪᠠᠨ ᠴᠥᠮ ᠠᠯᠳᠠᠭᠳᠠᠯ ᠭᠡᠵᠦ ᠦᠵᠡᠳᠡᠭ᠃ ᠾᠷᠢᠰᠲ᠋ᠣᠰ ᠠᠴᠠ ᠪᠣᠯᠵᠤ ᠪᠢ ᠪᠦᠬᠦᠨ ᠢᠶᠡᠨ ᠠᠯᠳᠠᠵᠤ᠂ ᠲᠡᠳᠡᠭᠡᠷ ᠢ ᠬᠣᠭ ᠭᠡᠵᠦ ᠦᠵᠡᠳᠡᠭ ᠨᠢ ᠾᠷᠢᠰᠲ᠋ᠣᠰ ᠢ ᠣᠯᠵᠤ᠂ 9 ᠲᠡᠭᠦᠨ ᠦ ᠳᠣᠲᠣᠷ᠎ᠠ ᠣᠯᠳᠠᠭᠳᠠᠬᠤ ᠭᠡᠰᠡᠨ ᠳᠡᠭᠡᠨ ᠶᠤᠮ᠃ ᠪᠢ ᠡᠢᠮᠦᠷᠬᠦ ᠵᠥᠪᠲᠦ ᠶᠢ ᠥᠪᠡᠷ ᠢᠶᠡᠨ ᠬᠠᠤᠯᠢ ᠡᠴᠡ ᠣᠯᠣᠭᠰᠠᠨ ᠪᠢᠰᠢ᠂ ᠬᠠᠷᠢᠨ ᠾᠷᠢᠰᠲ᠋ᠣᠰ ᠲᠤ ᠢᠲᠡᠭᠡᠭᠰᠡᠨ ᠢᠶᠡᠷ᠂ ᠲᠤᠬᠠᠢᠯᠠᠪᠠᠯ ᠢᠲᠡᠭᠡᠯ ᠢᠶᠡᠷ ᠢᠶᠠᠨ ᠪᠤᠷᠬᠠᠨ ᠠᠴᠠ ᠣᠯᠣᠭᠰᠠᠨ ᠶᠤᠮ᠃ 10 ᠡᠢᠮᠦ ᠡᠴᠡ ᠮᠢᠨᠦ ᠵᠣᠷᠢᠯᠭ᠎ᠠ ᠪᠣᠯ ᠾᠷᠢᠰᠲ᠋ᠣᠰ ᠪᠠ ᠲᠡᠭᠦᠨ ᠦ ᠠᠮᠢᠯᠠᠯᠲᠠ ᠶᠢᠨ ᠬᠦᠴᠦ ᠶᠢ ᠲᠠᠨᠢᠬᠤ᠂ ᠲᠡᠭᠦᠨ ᠦ ᠵᠣᠪᠠᠯᠠᠩ ᠠᠴᠠ ᠬᠤᠪᠢᠶᠠᠯᠴᠠᠬᠤ᠂ ᠲᠡᠭᠦᠨ ᠦ ᠦᠬᠦᠯ ᠢ ᠳᠠᠭᠤᠷᠢᠶᠠᠬᠤ ᠶᠢ ᠮᠡᠳᠡᠵᠦ᠂ 11 ᠵᠠᠪᠠᠯ ᠦᠬᠦᠭᠰᠡᠳ ᠦᠨ ᠳᠤᠮᠳᠠ ᠠᠴᠠ ᠠᠮᠢᠯᠠᠯ ᠳᠤ ᠬᠦᠷᠬᠦ ᠶᠠᠪᠤᠳᠠᠯ ᠪᠣᠯᠣᠨ᠎ᠠ᠃
ᠬᠠᠮᠤᠭ ᠤᠨ ᠥᠨᠳᠥᠷ ᠬᠠᠷᠠᠯᠲᠠ
12 ᠪᠢ ᠡᠳᠡᠭᠡᠷ ᠢ ᠣᠯᠴᠢᠬᠠᠭᠰᠠᠨ ᠪᠢᠰᠢ᠂ ᠥᠪᠡᠷ ᠢᠶᠡᠨ ᠲᠡᠭᠦᠰ ᠪᠣᠯᠴᠢᠬᠠᠭᠰᠠᠨ ᠴᠤ ᠪᠢᠰᠢ᠂ ᠬᠠᠷᠢᠨ ᠡᠳᠡᠭᠡᠷ ᠢ ᠣᠯᠣᠭᠤᠯᠬᠤ ᠪᠠᠷ ᠾᠷᠢᠰᠲ᠋ᠣᠰ ᠢᠰᠦ᠋ᠰ ᠨᠠᠮᠠᠶᠢ ᠣᠯᠵᠤ ᠠᠪᠤᠭᠰᠠᠨ ᠲᠤᠯᠠ ᠪᠢ ᠴᠤ ᠣᠯᠵᠤ ᠠᠪᠬᠤ ᠪᠠᠷ ᠬᠥᠭᠡᠭᠡᠴᠡᠯᠳᠦᠵᠦ ᠪᠠᠢᠨ᠎ᠠ᠃ 13 ᠠᠬ᠎ᠠ ᠳᠡᠭᠦᠦ ᠨᠠᠷ ᠡ᠂ ᠪᠢ ᠣᠯᠣᠭᠠᠳ ᠠᠪᠴᠢᠬᠠᠭᠰᠠᠨ ᠭᠡᠵᠦ ᠪᠣᠳᠣᠬᠤ ᠦᠭᠡᠢ᠂ ᠬᠠᠷᠢᠨ ᠨᠢᠭᠡ ᠶᠢ ᠯᠠ ᠪᠡᠶᠡᠯᠡᠭᠦᠯᠵᠦ ᠪᠠᠢᠨ᠎ᠠ᠃ ᠲᠤᠬᠠᠢᠯᠠᠪᠠᠯ᠂ ᠠᠷᠤ ᠳᠠᠬᠢ ᠪᠠᠨ ᠮᠠᠷᠲᠠᠵᠤ ᠡᠮᠦᠨᠡᠰᠢ ᠪᠠᠨ ᠲᠡᠮᠡᠦᠯᠳᠡᠭ ᠪᠥᠭᠡᠳ 14 ᠾᠷᠢᠰᠲ᠋ᠣᠰ ᠢᠰᠦ᠋ᠰ ᠢᠶᠠᠷ ᠳᠠᠮᠵᠢᠨ ᠳᠡᠭᠡᠭᠰᠢ ᠪᠠᠨ ᠳᠠᠭᠤᠳᠠᠭᠴᠢ ᠪᠤᠷᠬᠠᠨ ᠤ ᠱᠠᠩᠨᠠᠯ ᠢ ᠬᠦᠷᠲᠡᠬᠦ ᠪᠡᠷ ᠪᠠᠷᠢᠶ᠎ᠠ ᠲᠡᠰᠢ ᠭᠦᠶᠦᠵᠦ ᠪᠠᠢᠨ᠎ᠠ᠃ 15 ᠲᠥᠯᠥᠪᠰᠢᠭᠰᠡᠨ ᠬᠥᠮᠦᠨ ᠪᠦᠬᠦᠨ ᠢᠩᠭᠢᠵᠦ ᠪᠣᠳᠣᠭᠠᠰᠠᠢ᠃ ᠬᠡᠷᠪᠡ ᠲᠠ ᠨᠠᠷ ᠶᠠᠮᠠᠷ ᠨᠢᠭᠡ ᠲᠠᠯ᠎ᠠ ᠪᠠᠷ ᠥᠭᠡᠷ᠎ᠡ ᠪᠣᠳᠣᠯ ᠲᠠᠢ ᠪᠠᠢᠭᠰᠠᠨ ᠴᠤ ᠪᠤᠷᠬᠠᠨ ᠮᠥᠨ ᠶᠠᠭᠠᠬᠢᠵᠤ ᠪᠣᠳᠣᠬᠤ ᠶᠣᠰᠣᠲᠠᠢ ᠶᠢ ᠲᠠ ᠨᠠᠷ ᠲᠤ ᠢᠯᠡᠷᠬᠡᠶᠢᠯᠡᠬᠦ ᠪᠣᠯᠣᠨ᠎ᠠ᠃ 16 ᠪᠢᠳᠡ ᠶᠠᠮᠠᠷ ᠲᠦᠪᠰᠢᠨ ᠳᠤ ᠬᠦᠷᠦᠭᠰᠡᠨ ᠪᠣᠯ ᠲᠡᠷᠡ ᠶᠣᠰᠣᠭᠠᠷ ᠢᠶᠠᠨ ᠯᠠ ᠶᠠᠪᠤᠵᠠᠭᠠᠶ᠎ᠠ᠃
17 ᠨᠠᠮᠠᠶᠢ ᠳᠠᠭᠤᠷᠢᠶᠠᠭᠠᠷᠠᠢ᠂ ᠠᠬ᠎ᠠ ᠳᠡᠭᠦᠦ ᠨᠠᠷ ᠡ᠂ ᠮᠥᠨ ᠲᠠ ᠨᠠᠷ ᠲᠤ ᠦᠵᠡᠭᠦᠯᠦᠭᠰᠡᠨ ᠪᠢᠳᠡᠨ ᠦ ᠦᠯᠢᠭᠡᠷ ᠵᠢᠱᠢᠶ᠎ᠡ ᠶᠣᠰᠣᠭᠠᠷ ᠶᠠᠪᠤᠳᠠᠭ ᠬᠥᠮᠦᠰ ᠢ ᠠᠩ᠋ᠬᠠᠷᠤᠭᠲᠤᠨ᠃ 18 ᠤᠴᠢᠷ ᠨᠢ᠂ ᠣᠯᠠᠨ ᠬᠥᠮᠦᠨ ᠾᠷᠢᠰᠲ᠋ᠣᠰ ᠤᠨ ᠵᠠᠭᠠᠯᠮᠠᠢ ᠶᠢ ᠳᠠᠢᠰᠤᠩᠨᠠᠨ ᠠᠮᠢᠳᠤᠷᠠᠵᠤ ᠪᠠᠢᠨ᠎ᠠ᠃ ᠲᠡᠳᠡᠨ ᠦ ᠲᠤᠬᠠᠢ ᠪᠢ ᠲᠠ ᠨᠠᠷ ᠲᠤ ᠣᠯᠠᠨᠲᠠ ᠶᠠᠷᠢᠭᠰᠠᠨ ᠪᠥᠭᠡᠳ ᠣᠳᠣ ᠪᠢ ᠨᠢᠯᠪᠤᠰᠤ ᠤᠨᠠᠭᠠᠨ ᠶᠠᠷᠢᠵᠤ ᠪᠠᠢᠨ᠎ᠠ᠃ 19 ᠲᠡᠳᠡᠨ ᠦ ᠲᠡᠭᠦᠰᠬᠡᠯ ᠪᠣᠯ ᠰᠥᠨᠥᠯ᠂ ᠲᠡᠳᠡᠨ ᠦ ᠪᠤᠷᠬᠠᠨ ᠪᠣᠯ ᠬᠣᠳᠣᠭᠣᠳᠣ᠃ ᠲᠡᠳᠡ ᠢᠴᠢᠭᠦᠷᠢ ᠪᠠᠨ ᠢᠷᠠᠭᠤ ᠠᠯᠳᠠᠷ ᠭᠡᠵᠦ ᠦᠵᠡᠨ ᠭᠠᠵᠠᠷ ᠳᠡᠭᠡᠷᠡᠬᠢ ᠶᠠᠪᠤᠳᠠᠯ ᠢ ᠯᠠ ᠪᠣᠳᠣᠳᠠᠭ᠃ 20 ᠭᠡᠪᠡᠴᠦ ᠪᠢᠳᠡ ᠪᠣᠯ ᠲᠩᠷᠢ ᠶᠢᠨ ᠬᠠᠷᠢᠶᠠᠲᠤ ᠮᠥᠨ᠃ ᠲᠡᠨᠳᠡ ᠡᠴᠡ ᠢᠷᠡᠬᠦ ᠠᠪᠤᠷᠠᠭᠴᠢ ᠡᠵᠡᠨ ᠢᠰᠦ᠋ᠰ ᠾᠷᠢᠰᠲ᠋ᠣᠰ ᠢ ᠪᠢᠳᠡ ᠲᠡᠰᠪᠦᠷᠢ ᠲᠠᠢ ᠬᠦᠯᠢᠶᠡᠵᠦ ᠪᠠᠢᠨ᠎ᠠ᠃ 21 ᠲᠡᠷᠡ ᠬᠠᠮᠤᠭ ᠶᠠᠭᠤᠮ᠎ᠠ ᠶᠢ ᠡᠷᠬᠡᠰᠢᠶᠡᠯ ᠳᠡᠭᠡᠨ ᠣᠷᠣᠭᠤᠯᠵᠤ ᠴᠢᠳᠠᠳᠠᠭ ᠬᠦᠴᠦ ᠪᠡᠷ ᠢᠶᠠᠨ ᠪᠢᠳᠡᠨ ᠦ ᠡᠭᠡᠯ ᠳᠣᠣᠷᠠᠳᠤ ᠪᠡᠶ᠎ᠡ ᠶᠢ ᠠᠯᠳᠠᠷ ᠰᠤᠤᠲᠤ ᠪᠡᠶ᠎ᠡ ᠲᠠᠢ ᠪᠠᠨ ᠠᠳᠠᠯᠢᠬᠠᠨ ᠢᠶᠠᠷ ᠬᠤᠪᠢᠷᠠᠭᠠᠬᠤ ᠪᠣᠯᠣᠨ᠎ᠠ᠃