ᠹᠢᠯᠢᠫᠣᠢ ᠳᠥᠷᠪᠡ
1 ᠲᠡᠢᠮᠦ ᠡᠴᠡ ᠮᠢᠨᠦ ᠬᠠᠢᠷ᠎ᠠ ᠪᠠ ᠰᠡᠳᠬᠢᠯ ᠤᠨ ᠲᠡᠮᠡᠦᠯᠦᠯ᠂ ᠮᠢᠨᠦ ᠪᠠᠶᠠᠰᠬᠤᠯᠠᠩ ᠪᠠ ᠲᠢᠲᠢᠮ ᠪᠣᠯᠬᠤ ᠠᠬ᠎ᠠ ᠳᠡᠭᠦᠦ ᠨᠠᠷ ᠡ᠂ ᠡᠵᠡᠨ ᠦ ᠳᠣᠲᠣᠷ᠎ᠠ ᠲᠡᠢᠨ ᠬᠦ ᠵᠣᠭᠰᠣᠭᠲᠤᠨ᠂ ᠬᠠᠢᠷᠠᠲᠤ ᠨᠤᠭᠤᠳ ᠮᠢᠨᠢ᠃
ᠣᠨᠴᠠ ᠰᠠᠢᠨ ᠢ ᠲᠤᠩ᠋ᠭᠠᠵᠠᠭᠠ
2 ᠪᠢ ᠧᠦ᠋ᠤᠳᠢᠶᠠ ᠶᠢ ᠢᠳᠬᠠᠵᠤ᠂ ᠰᠢᠨᠲ᠋ᠢᠺᠧ ᠶᠢ ᠴᠤ ᠢᠳᠬᠠᠶ᠎ᠠ᠂ ᠡᠵᠡᠨ ᠦ ᠳᠣᠲᠣᠷ᠎ᠠ ᠰᠠᠨᠠᠭ᠎ᠠ ᠪᠠᠨ ᠨᠢᠭᠡᠳᠭᠡᠭᠡᠷᠡᠢ᠃ 3 ᠪᠤᠭᠤᠯᠠᠭ᠎ᠠ ᠨᠢᠭᠡᠲᠡᠢ ᠦᠨᠡᠨᠴᠢ ᠨᠥᠬᠥᠷ ᠮᠢᠨᠢ ᠡ᠂ ᠴᠢᠮ᠎ᠠ ᠠᠴᠠ ᠪᠢ ᠭᠤᠶᠤᠶ᠎ᠠ᠂ ᠲᠡᠷᠡ ᠬᠣᠶᠠᠭᠤᠯᠠ ᠳᠤ ᠲᠤᠰᠠᠯᠠᠭᠠᠷᠠᠢ᠃ ᠲᠡᠷᠡ ᠬᠣᠶᠠᠷ ᠡᠮᠡᠭᠲᠡᠢ ᠬᠢᠭᠡᠳ ᠺᠯᠧᠮᠧᠨᠲ ᠪᠣᠯᠣᠨ ᠪᠤᠰᠤᠳ ᠬᠠᠮᠲᠤᠷᠠᠭᠴᠢᠳ ᠮᠢᠨᠢ ᠨᠠᠳᠠ ᠲᠠᠢ ᠬᠠᠮᠲᠤ ᠴᠥᠮ ᠪᠠᠶᠠᠷ ᠤᠨ ᠮᠡᠳᠡᠭᠡᠨ ᠦ ᠲᠥᠯᠥᠭᠡ ᠵᠦᠳᠡᠷᠡᠭᠰᠡᠨ᠃ ᠡᠳᠡᠭᠡᠷ ᠬᠥᠮᠦᠨ ᠦ ᠨᠡᠷ᠎ᠡ ᠠᠮᠢ ᠶᠢᠨ ᠨᠣᠮ ᠳᠤ ᠪᠤᠢ᠃
4 ᠡᠵᠡᠨ ᠦ ᠳᠣᠲᠣᠷ᠎ᠠ ᠢᠮᠠᠭᠲᠠ ᠪᠠᠶᠠᠷᠯᠠᠭᠲᠤᠨ᠂ ᠳᠠᠬᠢᠨ ᠬᠡᠯᠡᠶ᠎ᠡ᠂ ᠪᠠᠶᠠᠷᠯᠠᠭᠲᠤᠨ᠃ 5 ᠲᠠ ᠨᠠᠷ ᠤᠨ ᠠᠭᠤᠵᠢᠮ ᠰᠡᠳᠬᠢᠯ ᠬᠥᠮᠦᠨ ᠪᠦᠬᠦᠨ ᠳᠦ ᠮᠡᠳᠡᠭᠳᠡᠬᠦ ᠪᠣᠯᠲᠤᠭᠠᠢ᠃ ᠡᠵᠡᠨ ᠣᠢᠷ᠎ᠠ ᠪᠤᠢ᠃ 6 ᠶᠠᠭᠤᠨ ᠳᠤ ᠴᠤ ᠪᠦᠦ ᠰᠠᠨᠠᠭ᠎ᠠ ᠵᠣᠪᠠ᠂ ᠠᠯᠢᠪᠠ ᠳᠤ ᠳᠠᠭᠠᠳᠬᠠᠯ ᠪᠠ ᠭᠤᠶᠤᠯᠲᠠ ᠪᠠᠷ ᠢᠶᠠᠨ ᠲᠠᠯᠠᠷᠬᠠᠯ ᠲᠠᠢ ᠬᠠᠮᠲᠤ ᠬᠦᠰᠡᠯᠲᠡ ᠪᠡᠨ ᠪᠤᠷᠬᠠᠨ ᠳᠤ ᠮᠡᠳᠡᠭᠳᠡᠭᠡᠷᠡᠢ᠃ 7 ᠬᠠᠮᠤᠭ ᠣᠶᠤᠨ ᠤᠬᠠᠭᠠᠨ ᠠᠴᠠ ᠳᠠᠪᠠᠬᠤ ᠪᠤᠷᠬᠠᠨ ᠤ ᠠᠮᠤᠭᠤᠯᠠᠩ ᠲᠠ ᠨᠠᠷ ᠤᠨ ᠪᠣᠳᠣᠯ ᠰᠡᠳᠬᠢᠯ ᠢ ᠾᠷᠢᠰᠲ᠋ᠣᠰ ᠢᠰᠦ᠋ᠰ ᠤᠨ ᠳᠣᠲᠣᠷ᠎ᠠ ᠬᠠᠮᠠᠭᠠᠯᠠᠨ᠎ᠠ᠃
8 ᠨᠡᠮᠡᠵᠦ ᠬᠡᠯᠡᠶ᠎ᠡ᠂ ᠠᠬ᠎ᠠ ᠳᠡᠭᠦᠦ ᠨᠠᠷ ᠡ᠂ ᠶᠠᠮᠠᠷ ᠴᠤ ᠦᠨᠡᠨ᠂ ᠶᠠᠮᠠᠷ ᠴᠤ ᠬᠦᠨᠳᠦᠯᠡᠯ ᠲᠡᠢ᠂ ᠶᠠᠮᠠᠷ ᠴᠤ ᠵᠥᠪ᠂ ᠶᠠᠮᠠᠷ ᠴᠤ ᠠᠷᠢᠭᠤᠬᠠᠨ᠂ ᠶᠠᠮᠠᠷ ᠴᠤ ᠬᠠᠢᠷᠠᠯᠠᠮᠠ᠂ ᠶᠠᠮᠠᠷ ᠴᠤ ᠰᠠᠢᠰᠢᠶᠠᠯ ᠲᠠᠢ ᠵᠦᠢᠯᠡᠰ ᠨᠢ ᠬᠡᠷᠪᠡ ᠰᠦᠷ ᠬᠦᠴᠦ ᠲᠠᠢ᠂ ᠮᠠᠭᠲᠠᠭᠤᠰᠢᠲᠠᠢ ᠪᠣᠯ ᠡᠳᠡᠭᠡᠷ ᠢ ᠲᠤᠩ᠋ᠭᠠᠵᠠᠭᠠ᠃ 9 ᠲᠠ ᠨᠠᠷ ᠨᠠᠳᠠ ᠠᠴᠠ ᠰᠤᠷᠤᠭᠰᠠᠨ᠂ ᠬᠦᠷᠲᠡᠭᠰᠡᠨ᠂ ᠰᠣᠨᠣᠰᠣᠭᠰᠠᠨ᠂ ᠬᠠᠷᠠᠭᠰᠠᠨ ᠢᠶᠠᠨ ᠬᠡᠷᠡᠭᠵᠢᠭᠦᠯᠦᠭᠲᠦᠨ᠂ ᠢᠩᠭᠢᠪᠡᠯ ᠠᠮᠤᠭᠤᠯᠠᠩ ᠤᠨ ᠪᠤᠷᠬᠠᠨ ᠲᠠ ᠨᠠᠷ ᠲᠠᠢ ᠬᠠᠮᠲᠤ ᠪᠠᠢᠬᠤ ᠪᠣᠯᠣᠨ᠎ᠠ᠃
ᠪᠤᠷᠬᠠᠨ ᠤ ᠬᠠᠩ᠋ᠭᠠᠯᠭ᠎ᠠ
10 ᠡᠳᠦᠭᠡ ᠨᠠᠳᠠ ᠳᠤ ᠳᠠᠬᠢᠨ ᠰᠠᠨᠠᠭ᠎ᠠ ᠲᠠᠯᠪᠢᠬᠤ ᠪᠣᠯᠣᠭᠰᠠᠨ ᠳᠤ ᠴᠢᠨᠢ ᠪᠢ ᠡᠵᠡᠨ ᠦ ᠳᠣᠲᠣᠷ᠎ᠠ ᠶᠡᠬᠡᠳᠡ ᠪᠠᠶᠠᠷᠯᠠᠵᠤ ᠪᠠᠢᠨ᠎ᠠ᠃ ᠦᠨᠡᠨ ᠳᠡᠭᠡᠨ ᠲᠠ ᠨᠠᠷ ᠨᠠᠳᠠ ᠳᠤ ᠰᠠᠨᠠᠭ᠎ᠠ ᠲᠠᠯᠪᠢᠳᠠᠭ ᠪᠠᠢᠭᠰᠠᠨ ᠪᠣᠯᠪᠠᠴᠤ ᠢᠯᠡᠷᠬᠡᠶᠢᠯᠡᠬᠦ ᠳᠣᠬᠢᠶᠠᠯ ᠦᠭᠡᠢ ᠪᠠᠢᠭᠰᠠᠨ᠃ 11 ᠪᠢ ᠭᠠᠴᠢᠭᠳᠠᠯ ᠲᠠᠢ ᠳᠠᠭᠠᠨ ᠢᠩᠭᠢᠵᠦ ᠶᠠᠷᠢᠵᠤ ᠪᠠᠢᠭ᠎ᠠ ᠪᠢᠰᠢ᠂ ᠶᠠᠮᠠᠷ ᠪᠠᠢᠳᠠᠯ ᠳᠤ ᠴᠤ ᠰᠡᠳᠬᠢᠯ ᠬᠠᠩ᠋ᠭᠠᠯᠤᠭᠤᠨ ᠪᠠᠢᠵᠤ ᠰᠤᠷᠤᠭᠰᠠᠨ ᠶᠤᠮ᠃ 12 ᠪᠢ ᠳᠣᠣᠷᠠᠳᠤ ᠪᠠᠢᠬᠤ ᠶᠢ ᠮᠡᠳᠡᠨ᠎ᠡ᠃ ᠲᠠᠩᠰᠤᠭ ᠪᠠᠢᠬᠤ ᠶᠢ ᠴᠤ ᠮᠡᠳᠡᠨ᠎ᠡ᠃ ᠬᠠᠮᠢᠭ᠎ᠠ ᠴᠤ ᠭᠡᠰᠡᠨ᠂ ᠶᠠᠮᠠᠷ ᠴᠤ ᠭᠡᠰᠡᠨ᠂ ᠴᠠᠳᠬᠤᠯᠠᠩ ᠪᠤᠶᠤ ᠥᠯᠥᠰᠬᠥᠯᠡᠩ᠂ ᠡᠯᠪᠡᠭ ᠪᠤᠶᠤ ᠬᠣᠮᠰᠠ ᠪᠠᠢᠭᠰᠠᠨ ᠴᠤ ᠪᠢ ᠳᠠᠳᠤᠭᠰᠠᠨ᠃ 13 ᠨᠠᠳᠠ ᠳᠤ ᠬᠦᠴᠦ ᠰᠣᠶᠣᠷᠬᠠᠭᠴᠢ ᠾᠷᠢᠰᠲ᠋ᠣᠰ ᠤᠨ ᠳᠣᠲᠣᠷ᠎ᠠ ᠪᠢ ᠪᠦᠬᠦᠨ ᠢ ᠬᠢᠵᠦ ᠴᠢᠳᠠᠨ᠎ᠠ᠃ 14 ᠬᠠᠷᠢᠨ ᠲᠠ ᠨᠠᠷ ᠮᠢᠨᠦ ᠵᠣᠪᠠᠯᠠᠩ ᠢ ᠬᠤᠪᠢᠶᠠᠯᠴᠠᠭᠰᠠᠨ ᠨᠢ ᠲᠤᠩ ᠰᠠᠢᠨ ᠪᠢᠯᠡ᠃
15 ᠹᠢᠯᠢᠫᠣᠢᠴᠤᠳ ᠡ᠂ ᠪᠠᠶᠠᠷ ᠤᠨ ᠮᠡᠳᠡᠭᠡ ᠶᠢ ᠳᠡᠯᠭᠡᠷᠡᠭᠦᠯᠵᠦ ᠡᠬᠢᠯᠡᠭᠡᠳ ᠮᠠᠺᠧᠳᠣᠨᠢᠶ᠎ᠠ ᠠᠴᠠ ᠰᠠᠯᠬᠤ ᠦᠶ᠎ᠡ ᠳᠦ ᠮᠢᠨᠢ ᠲᠠ ᠨᠠᠷ ᠠᠴᠠ ᠥᠭᠡᠷ᠎ᠡ ᠶᠠᠮᠠᠷ ᠴᠤ ᠴᠢᠭᠤᠯᠭᠠᠨ ᠥᠭᠴᠦ ᠠᠪᠬᠤ ᠶᠢᠨ ᠶᠠᠪᠤᠳᠠᠯ ᠳᠡᠭᠡᠷ᠎ᠡ ᠨᠠᠮᠠᠶᠢ ᠬᠠᠪᠰᠤᠷᠤᠭᠰᠠᠨ ᠦᠭᠡᠢ ᠶᠢ ᠲᠠ ᠨᠠᠷ ᠴᠤ ᠮᠡᠳᠡᠨ᠎ᠡ᠃ 16 ᠨᠠᠮᠠᠶᠢ ᠲᠧᠰᠠᠯᠦ᠋ᠨᠢᠺ ᠲᠤ ᠪᠠᠢᠬᠤ ᠳᠤ ᠴᠤ᠂ ᠬᠡᠷᠡᠭᠯᠡᠬᠦ ᠵᠦᠢᠯᠡᠰ ᠢ ᠮᠢᠨᠢ ᠲᠠ ᠨᠠᠷ ᠬᠡᠳᠦ ᠳᠠᠪᠲᠠᠨ ᠢᠯᠡᠭᠡᠭᠰᠡᠨ ᠪᠢᠯᠡ᠃ 17 ᠪᠢ ᠪᠡᠯᠡᠭ ᠰᠡᠯᠲᠡ ᠬᠦᠰᠡᠬᠦ ᠪᠢᠰᠢ᠂ ᠬᠠᠷᠢᠨ ᠲᠠ ᠨᠠᠷ ᠤᠨ ᠳᠠᠩᠰᠠᠨ ᠳᠤ ᠦᠷ᠎ᠡ ᠠᠰᠢᠭ ᠨᠡᠮᠡᠭᠳᠡᠬᠦ ᠶᠢ ᠬᠦᠰᠡᠵᠦ ᠪᠠᠢᠨ᠎ᠠ᠃ 18 ᠪᠢ ᠪᠦᠬᠦᠨ ᠢ ᠭᠦᠢᠴᠡᠳ ᠠᠪᠤᠭᠰᠠᠨ ᠢᠶᠠᠷ ᠢᠶᠠᠨ ᠡᠯᠪᠡᠭ ᠳᠡᠯᠪᠡᠭ ᠪᠠᠢᠨ᠎ᠠ᠃ ᠪᠢ ᠧᠫᠠᠹᠷᠸᠳᠢᠲ ᠠᠴᠠ ᠲᠠ ᠨᠠᠷ ᠤᠨ ᠢᠯᠡᠭᠡᠭᠰᠡᠨ ᠶᠠᠭᠤᠮᠠᠰ ᠢ ᠠᠪᠤᠭᠠᠳ ᠬᠠᠩ᠋ᠭᠠᠯᠲᠠᠲᠠᠢ ᠪᠣᠯᠣᠯ᠎ᠠ᠂ ᠪᠡᠯᠡᠭ ᠴᠢᠨᠢ ᠠᠩᠬᠢᠯᠤᠮ᠎ᠠ ᠦᠨᠦᠷ᠂ ᠲᠠᠭᠠᠯᠠᠮᠵᠢᠲᠤ ᠲᠠᠬᠢᠯ ᠮᠥᠨ ᠪᠥᠭᠡᠳ ᠪᠤᠷᠬᠠᠨ ᠳᠤ ᠲᠠᠭᠠᠯᠠᠭᠳᠠᠨ᠎ᠠ᠃ 19 ᠮᠢᠨᠦ ᠪᠤᠷᠬᠠᠨ ᠾᠷᠢᠰᠲ᠋ᠣᠰ ᠢᠰᠦ᠋ᠰ ᠤᠨ ᠳᠣᠲᠣᠷᠠᠬᠢ ᠠᠯᠳᠠᠷ ᠰᠤᠤᠲᠤ ᠪᠠᠶᠠᠯᠢᠭ ᠢᠶᠠᠷ ᠢᠶᠠᠨ ᠲᠠ ᠨᠠᠷ ᠤᠨ ᠠᠯᠢᠪᠠ ᠬᠡᠷᠡᠭᠴᠡᠭᠡ ᠶᠢ ᠬᠠᠩ᠋ᠭᠠᠬᠤ ᠪᠣᠯᠣᠨ᠎ᠠ᠃ 20 ᠠᠯᠳᠠᠷ ᠰᠤᠤ ᠮᠥᠩᠬᠡ ᠶᠢᠨ ᠮᠥᠩᠬᠡᠳᠡ ᠪᠢᠳᠡᠨ ᠦ ᠡᠴᠢᠭᠡ ᠪᠤᠷᠬᠠᠨ ᠤ ᠬᠢ᠂ ᠠᠮᠧᠨ᠃
21 ᠾᠷᠢᠰᠲ᠋ᠣᠰ ᠢᠰᠦ᠋ᠰ ᠤᠨ ᠳᠣᠲᠣᠷᠠᠬᠢ ᠠᠷᠢᠭᠤᠨ ᠬᠥᠮᠦᠨ ᠪᠦᠷᠢ ᠳᠤ ᠮᠡᠨᠳᠦ ᠬᠦᠷᠭᠡᠭᠡᠷᠡᠢ᠂ ᠨᠠᠳᠠ ᠲᠠᠢ ᠬᠠᠮᠲᠤ ᠪᠠᠢᠭ᠎ᠠ ᠠᠬ᠎ᠠ ᠳᠡᠭᠦᠦ ᠨᠠᠷ ᠲᠠ ᠨᠠᠷ ᠲᠤ ᠮᠡᠨᠳᠦ ᠬᠦᠷᠭᠡᠵᠦ ᠪᠠᠢᠨ᠎ᠠ᠃ 22 ᠠᠷᠢᠭᠤᠨ ᠬᠥᠮᠦᠨ ᠪᠦᠭᠦᠳᠡᠭᠡᠷ᠂ ᠢᠯᠠᠩ᠋ᠭᠤᠶ᠎ᠠ ᠺᠠᠶᠧᠰᠠᠷ ᠤᠨ ᠭᠡᠷ ᠦᠨ ᠬᠢᠨ ᠲᠠ ᠨᠠᠷ ᠲᠤ ᠮᠡᠨᠳᠦ ᠬᠦᠷᠭᠡᠵᠦ ᠪᠠᠢᠨ᠎ᠠ᠃
23 ᠡᠵᠡᠨ ᠢᠰᠦ᠋ᠰ ᠾᠷᠢᠰᠲ᠋ᠣᠰ ᠤᠨ ᠢᠪᠡᠭᠡᠯ ᠲᠠ ᠨᠠᠷ ᠤᠨ ᠰᠦᠨᠡᠰᠦ ᠲᠠᠢ ᠬᠠᠮᠲᠤ ᠪᠠᠢᠬᠤ ᠪᠣᠯᠲᠤᠭᠠᠢ᠃