1 2 3 4


ᠹᠢᠯᠢᠫᠣᠢ ᠬᠣᠶᠠᠷ
 ᠾᠷᠢᠰᠲ᠋ᠣᠰ ᠲᠠᠢ ᠨᠢᠭᠡᠳᠦᠨ ᠠᠮᠢᠳᠤᠷᠠᠬᠤ

1 ᠲᠡᠢᠮᠦ ᠡᠴᠡ ᠲᠠ ᠨᠠᠷ ᠲᠤ ᠾᠷᠢᠰᠲ᠋ᠣᠰ ᠤᠨ ᠳᠣᠲᠣᠷᠠᠬᠢ ᠵᠣᠷᠢᠭᠵᠢᠭᠤᠯᠤᠯ᠂ ᠬᠠᠢᠷ᠎ᠠ ᠶᠢᠨ ᠲᠠᠢᠪᠤᠰᠢᠷᠠᠯ᠂ ᠠᠷᠢᠭᠤᠨ ᠰᠦᠨᠡᠰᠦᠨ ᠦ ᠨᠥᠬᠥᠷᠯᠡᠯ᠂ ᠥᠷᠥ ᠡᠪᠡᠳᠦᠯ ᠪᠠ ᠨᠢᠭᠦᠯᠡᠰᠦᠯ ᠪᠠᠢᠳᠠᠭ ᠪᠣᠯ᠂ 2 ᠲᠠ ᠨᠠᠷ ᠢᠵᠢᠯ ᠰᠠᠨᠠᠭ᠎ᠠ᠂ ᠢᠵᠢᠯ ᠬᠠᠢᠷ᠎ᠠ᠂ ᠢᠵᠢᠯ ᠰᠡᠳᠬᠢᠯ ᠲᠠᠢ ᠪᠠᠢᠵᠤ᠂ ᠰᠠᠨᠠᠭ᠎ᠠ ᠪᠠᠨ ᠨᠢᠭᠡᠳᠭᠡᠭᠡᠳ 3 ᠪᠦᠯᠦᠭᠯᠡᠬᠦ ᠵᠠᠩ ᠢᠶᠠᠷ ᠪᠤᠰᠤ᠂ ᠨᠡᠷᠡᠯᠬᠡᠦ ᠵᠠᠩ ᠢᠶᠠᠷ ᠴᠤ ᠪᠤᠰᠤ᠂ ᠳᠠᠷᠤᠤᠬᠠᠨ ᠢᠶᠠᠷ ᠨᠢᠭᠡ ᠨᠢᠭᠡ ᠪᠡᠨ ᠥᠪᠡᠷᠰᠡᠳ ᠡᠴᠡ ᠪᠡᠨ ᠳᠡᠭᠡᠷ᠎ᠡ ᠪᠣᠯᠭᠠᠨ ᠦᠵᠡᠵᠦ᠂ 4 ᠬᠥᠮᠦᠨ ᠪᠣᠯᠭᠠᠨ ᠵᠥᠪᠬᠡᠨ ᠥᠪᠡᠷᠰᠡᠳ ᠦᠨ ᠢᠶᠠᠨ ᠶᠠᠪᠤᠳᠠᠯ ᠢ ᠪᠢᠰᠢ᠂ ᠪᠤᠰᠤᠳ ᠤᠨ ᠶᠠᠪᠤᠳᠠᠯ ᠳᠤ ᠴᠤ ᠠᠩ᠋ᠬᠠᠷᠤᠯ ᠲᠠᠯᠪᠢᠨ ᠮᠢᠨᠦ ᠪᠠᠶᠠᠷ ᠬᠥᠷ ᠢ ᠲᠡᠭᠦᠯᠳᠡᠷᠵᠢᠭᠦᠯᠦᠭᠲᠦᠨ᠃ 5 ᠾᠷᠢᠰᠲ᠋ᠣᠰ ᠢᠰᠦ᠋ᠰ ᠤᠨ ᠳᠣᠲᠣᠷ᠎ᠠ ᠪᠠᠢᠭ᠎ᠠ ᠰᠡᠳᠬᠢᠯ ᠰᠠᠨᠠᠭ᠎ᠠ ᠨᠢ ᠲᠠ ᠨᠠᠷ ᠤᠨ ᠳᠣᠲᠣᠷ᠎ᠠ ᠪᠠᠢᠬᠤ ᠪᠣᠯᠲᠤᠭᠠᠢ᠃ 6 ᠲᠡᠷᠡ ᠪᠤᠷᠬᠠᠨ ᠤ ᠮᠥᠨ ᠴᠢᠨᠠᠷ 3  ᠲᠠᠢ ᠪᠠᠢᠲᠠᠯ᠎ᠠ ᠪᠠᠨ ᠪᠤᠷᠬᠠᠨ ᠲᠠᠢ ᠰᠠᠴᠠᠭᠤ ᠪᠠᠢᠬᠤ ᠶᠢ ᠰᠠᠨᠠᠭᠠᠷᠬᠠᠭᠰᠠᠨ ᠦᠭᠡᠢ᠂ 7 ᠬᠠᠷᠢᠨ ᠥᠪᠡᠷ ᠢ ᠪᠠᠨ ᠬᠣᠭᠣᠰᠣᠯᠠᠨ ᠵᠠᠷᠤᠴᠠ ᠶᠢᠨ ᠮᠥᠨ ᠴᠢᠨᠠᠷ 4  ᠢ ᠠᠪᠴᠤ᠂ ᠬᠥᠮᠦᠨ ᠲᠡᠢ ᠠᠳᠠᠯᠢ ᠪᠣᠯᠣᠭᠠᠳ ᠬᠥᠮᠦᠨ ᠦ ᠲᠥᠷᠬᠥ ᠲᠠᠢ ᠢᠯᠡᠷᠡᠵᠡᠢ᠃ 8 ᠲᠡᠷᠡ ᠥᠪᠡᠷ ᠢ ᠪᠠᠨ ᠳᠣᠷᠣᠭᠰᠢᠯᠠᠭᠤᠯᠵᠤ᠂ ᠨᠠᠰᠤ ᠪᠠᠷᠠᠲᠠᠯ᠎ᠠ ᠪᠠᠨ ᠳᠤᠭᠤᠯᠭᠠᠪᠤᠷᠢᠲᠠᠢ ᠪᠠᠢᠭᠰᠠᠭᠠᠷ ᠵᠠᠭᠠᠯᠮᠠᠢ ᠳᠡᠭᠡᠷ᠎ᠡ ᠨᠥᠭᠴᠢᠵᠡᠢ᠃ 9 ᠲᠡᠢᠮᠦ ᠡᠴᠡ ᠪᠤᠷᠬᠠᠨ ᠲᠡᠭᠦᠨ ᠢ ᠦᠯᠡᠮᠵᠢ ᠶᠡᠬᠡ ᠳᠡᠭᠡᠳᠦᠯᠡᠵᠦ ᠬᠠᠮᠤᠭ ᠨᠡᠷ᠎ᠡ ᠡᠴᠡ ᠳᠡᠭᠡᠳᠦ ᠨᠡᠷ᠎ᠡ ᠶᠢ ᠲᠡᠭᠦᠨ ᠳᠦ ᠰᠣᠶᠣᠷᠬᠠᠭᠰᠠᠨ ᠳᠤ᠂ 10 ᠢᠰᠦ᠋ᠰ ᠤᠨ ᠨᠡᠷ᠎ᠡ ᠳᠦ ᠲᠩᠷᠢ ᠳᠡᠭᠡᠷᠡᠬᠢ᠂ ᠭᠠᠵᠠᠷ ᠳᠡᠭᠡᠷᠡᠬᠢ᠂ ᠭᠠᠵᠠᠷ ᠳᠣᠣᠷᠠᠬᠢ ᠬᠠᠮᠤᠭ ᠡᠪᠦᠳᠦᠭ ᠰᠥᠭᠥᠳᠴᠦ᠂ 11 ᠬᠠᠮᠤᠭ ᠬᠡᠯᠡ ᠢᠰᠦ᠋ᠰ ᠾᠷᠢᠰᠲ᠋ᠣᠰ ᠢ ᠡᠵᠡᠨ ᠭᠡᠵᠦ ᠥᠴᠢᠨ᠂ ᠡᠴᠢᠭᠡ ᠪᠤᠷᠬᠠᠨ ᠳᠤ ᠠᠯᠳᠠᠷ ᠰᠤᠤ ᠶᠢ ᠡᠷᠭᠦᠬᠦ ᠪᠣᠯᠣᠯ᠎ᠠ᠃

12 ᠡᠢᠮᠦ ᠡᠴᠡ ᠬᠠᠢᠷᠠᠲᠤ ᠨᠤᠭᠤᠳ ᠮᠢᠨᠢ᠂ ᠲᠠ ᠨᠠᠷ ᠦᠷᠭᠦᠯᠵᠢ ᠳᠤᠭᠤᠯᠭᠠᠪᠤᠷᠢᠲᠠᠢ ᠪᠠᠢᠭᠰᠠᠨ ᠤ ᠪᠠᠨ ᠠᠳᠠᠯᠢ ᠵᠥᠪᠬᠡᠨ ᠨᠠᠮᠠᠶᠢ ᠪᠠᠢᠬᠤ ᠳᠤ ᠲᠡᠳᠦᠢ ᠦᠭᠡᠢ᠂ ᠡᠳᠦᠭᠡ ᠪᠠᠢᠬᠤ ᠦᠭᠡᠢ ᠪᠠᠢᠬᠤ ᠳᠤ ᠴᠤ ᠨᠡᠩ ᠢᠯᠡᠭᠦᠦ ᠳᠤᠭᠤᠯᠭᠠᠪᠤᠷᠢᠲᠠᠢ ᠪᠠᠷ ᠡᠮᠢᠶᠡᠨ ᠴᠡᠴᠡᠷᠡᠵᠦ ᠥᠪᠡᠷᠰᠡᠳ ᠦᠨ ᠢᠶᠠᠨ ᠠᠪᠤᠷᠠᠯ ᠢ ᠪᠡᠶᠡᠯᠡᠭᠦᠯᠦᠭᠲᠦᠨ᠃ 13 ᠲᠠ ᠨᠠᠷ ᠤᠨ ᠳᠣᠲᠣᠷ᠎ᠠ ᠠᠵᠢᠯᠯᠠᠭᠴᠢ ᠪᠤᠷᠬᠠᠨ ᠥᠪᠡᠷ ᠦᠨ ᠢᠶᠠᠨ ᠲᠠᠭᠠᠯᠠᠯ ᠢ ᠲᠠ ᠨᠠᠷ ᠢᠶᠠᠷ ᠡᠷᠡᠮᠡᠯᠵᠡᠭᠦᠯᠦᠨ ᠦᠢᠯᠡᠳᠦᠭᠦᠯᠳᠡᠭ᠌᠃

14 ᠪᠦᠬᠦᠨ ᠢ ᠭᠣᠮᠣᠷᠬᠠᠯ ᠦᠭᠡᠢ᠂ ᠮᠠᠷᠭᠤᠭᠠᠨ ᠦᠭᠡᠢ ᠪᠠᠷ ᠬᠢᠭᠲᠦᠨ᠃ 15 ᠢᠩᠭᠢᠭᠰᠡᠨ ᠢᠶᠡᠷ ᠲᠠ ᠨᠠᠷ ᠭᠡᠮ ᠵᠢᠮ ᠦᠭᠡᠢ᠂ ᠬᠣᠯᠢᠴᠠ ᠦᠭᠡᠢ ᠴᠠᠢᠯᠭᠠᠨ ᠪᠠᠢᠵᠤ᠂ ᠡᠨᠡ ᠬᠦ ᠬᠠᠵᠠᠭᠠᠢ ᠪᠤᠷᠤᠭᠤ ᠦᠶ᠎ᠡ ᠶᠢᠨ ᠬᠢᠨ ᠤ ᠳᠤᠮᠳᠠ ᠪᠤᠷᠬᠠᠨ ᠤ ᠥ ᠰᠡᠪ ᠦᠭᠡᠢ ᠬᠡᠦᠬᠡᠳ ᠤᠳ ᠪᠣᠯᠣᠭᠠᠳ ᠶᠢᠷᠲᠢᠨᠴᠦ ᠳᠦ ᠣᠳᠣ ᠮᠡᠲᠦ ᠭᠡᠷᠡᠯᠲᠦᠵᠦ᠂ 16 ᠠᠮᠢ ᠶᠢᠨ ᠦᠭᠡ ᠶᠢ ᠢᠯᠡᠷᠬᠡᠶᠢᠯᠡᠬᠦ 5 ᠪᠣᠯᠲᠤᠭᠠᠢ᠃ ᠲᠡᠭᠡᠪᠡᠯ ᠪᠢ ᠬᠣᠭᠣᠰᠣᠨ ᠭᠦᠶᠦᠭᠰᠡᠨ ᠪᠢᠰᠢ᠂ ᠬᠣᠭᠣᠰᠣᠨ ᠵᠦᠳᠡᠷᠡᠭᠰᠡᠨ ᠪᠢᠰᠢ ᠬᠡᠮᠡᠨ ᠾᠷᠢᠰᠲ᠋ᠣᠰ ᠤᠨ ᠡᠳᠦᠷ ᠣᠮᠣᠭᠰᠢᠵᠤ ᠴᠢᠳᠠᠬᠤ ᠪᠣᠯᠣᠨ᠎ᠠ᠃ 17 ᠬᠠᠷᠢᠨ ᠲᠠ ᠨᠠᠷ ᠤᠨ ᠢᠲᠡᠭᠡᠯ ᠦᠨ ᠲᠠᠬᠢᠯ ᠪᠠ ᠮᠥᠷᠭᠥᠯ ᠦᠨ ᠲᠥᠯᠥᠭᠡ ᠪᠢ ᠰᠠᠴᠤᠯᠢ ᠪᠣᠯᠵᠤ ᠡᠷᠭᠦᠭᠳᠡᠭᠰᠡᠨ ᠴᠤ ᠪᠠᠶᠠᠷᠯᠠᠬᠤ ᠪᠥᠭᠡᠳ ᠲᠠ ᠨᠠᠷ ᠲᠠᠢ ᠬᠠᠮᠲᠤ ᠪᠠᠶᠠᠷᠯᠠᠬᠤ ᠪᠣᠯᠣᠨ᠎ᠠ᠃ 18 ᠲᠡᠢᠮᠦ ᠡᠴᠡ ᠲᠠ ᠨᠠᠷ ᠴᠤ ᠪᠠᠶᠠᠷᠯᠠ᠂ ᠨᠠᠳᠠ ᠲᠠᠢ ᠬᠠᠮᠲᠤ ᠪᠠᠶᠠᠷᠯᠠᠭᠠᠷᠠᠢ᠃
 ᠲᠢᠮᠣᠲ᠂ ᠧᠫᠠᠹᠷᠸᠳᠢᠲ ᠤᠨ ᠦᠯᠢᠭᠡᠷ ᠳᠠᠭᠤᠷᠢᠶᠠᠯ

19 ᠲᠠ ᠨᠠᠷ ᠤᠨ ᠪᠠᠢᠳᠠᠯ ᠢ ᠮᠡᠳᠡᠭᠡᠳ ᠤᠷᠮᠠᠰᠢᠬᠤ ᠶᠢᠨ ᠲᠥᠯᠥᠭᠡ ᠲᠢᠮᠣᠲ ᠢ ᠤᠳᠠᠯ ᠦᠭᠡᠢ ᠲᠠᠨ ᠤ ᠲᠡᠨᠳᠡ ᠶᠠᠪᠤᠭᠤᠯᠬᠤ ᠶᠢ ᠪᠢ ᠡᠵᠡᠨ ᠢᠰᠦ᠋ᠰ ᠤᠨ ᠳᠣᠲᠣᠷ᠎ᠠ ᠬᠦᠰᠡᠵᠦ ᠪᠠᠢᠨ᠎ᠠ᠃ 20 ᠲᠠ ᠨᠠᠷ ᠤᠨ ᠪᠠᠢᠳᠠᠯ ᠳᠤ ᠰᠡᠳᠬᠢᠯ ᠨᠢᠭᠡᠲᠡᠢ ᠪᠠᠷ ᠦᠨᠡᠨ ᠬᠦ ᠰᠠᠨᠠᠭ᠎ᠠ ᠲᠠᠯᠪᠢᠳᠠᠭ ᠬᠥᠮᠦᠨ ᠨᠠᠳᠠ ᠳᠤ ᠲᠢᠮᠣᠲ ᠠᠴᠠ ᠥᠭᠡᠷ᠎ᠡ ᠦᠭᠡᠢ᠃ 21 ᠬᠥᠮᠦᠨ ᠪᠦᠷᠢ ᠬᠤᠪᠢ ᠪᠠᠨ ᠬᠢᠴᠢᠶᠡᠭᠡᠳ ᠾᠷᠢᠰᠲ᠋ᠣᠰ ᠢᠰᠦ᠋ᠰ ᠤᠨ ᠬᠢ ᠶᠢ ᠬᠢᠴᠢᠶᠡᠳᠡᠭ ᠦᠭᠡᠢ᠃ 22 ᠲᠢᠮᠣᠲ ᠤᠨ ᠨᠡᠷ᠎ᠡ ᠠᠯᠳᠠᠷ ᠤᠨ ᠲᠤᠬᠠᠢ ᠲᠠ ᠨᠠᠷ ᠰᠠᠢᠨ ᠮᠡᠳᠡᠨ᠎ᠡ᠂ ᠬᠦᠦ ᠨᠢ ᠡᠴᠢᠭᠡ ᠳᠡᠭᠡᠨ ᠵᠠᠷᠤᠭᠳᠠᠬᠤ ᠰᠢᠭ᠋ ᠢᠶᠠᠷ ᠲᠢᠮᠣᠲ ᠨᠠᠳᠠ ᠲᠠᠢ ᠬᠠᠮᠲᠤ ᠪᠠᠶᠠᠷ ᠤᠨ ᠮᠡᠳᠡᠭᠡᠨ ᠦ ᠲᠥᠯᠥᠭᠡ ᠵᠠᠷᠤᠭᠳᠠᠭᠰᠠᠨ ᠪᠠᠢᠨ᠎ᠠ᠃ 23 ᠡᠢᠮᠦ ᠡᠴᠡ ᠪᠠᠢᠳᠠᠯ ᠤᠨ ᠢᠶᠠᠨ ᠶᠠᠮᠠᠷ ᠪᠣᠯᠬᠤ ᠶᠢ ᠮᠡᠳᠡᠮᠡᠭᠴᠡ ᠪᠡᠨ ᠪᠢ ᠲᠡᠭᠦᠨ ᠢ ᠢᠯᠡᠭᠡᠬᠦ ᠰᠠᠨᠠᠭ᠎ᠠ ᠲᠠᠢ᠂ 24 ᠮᠥᠨ ᠪᠡᠶ᠎ᠡ ᠪᠡᠷ ᠢᠶᠠᠨ ᠴᠤ ᠤᠳᠠᠯ ᠦᠭᠡᠢ ᠣᠴᠢᠨ᠎ᠠ ᠭᠡᠳᠡᠭ ᠲᠦ ᠡᠵᠡᠨ ᠦ ᠳᠣᠲᠣᠷ᠎ᠠ ᠢᠲᠡᠭᠡᠯ ᠲᠡᠢ ᠪᠠᠢᠨ᠎ᠠ᠃

25 ᠲᠡᠷᠡᠴᠢᠯᠡᠨ ᠮᠢᠨᠦ ᠳᠡᠭᠦᠦ᠂ ᠬᠠᠮᠲᠤᠷᠠᠨ ᠠᠵᠢᠯᠯᠠᠭᠴᠢ᠂ ᠬᠠᠮᠲᠤ ᠪᠠᠢᠯᠳᠤᠭᠴᠢ᠂ ᠲᠠ ᠨᠠᠷ ᠤᠨ ᠡᠯᠴᠢ ᠬᠢᠭᠡᠳ ᠮᠢᠨᠦ ᠬᠡᠷᠡᠭᠴᠡᠭᠡ ᠶᠢ ᠬᠠᠩ᠋ᠭᠠᠭᠴᠢ ᠧᠫᠠᠹᠷᠸᠳᠢᠲ ᠢ ᠲᠠ ᠨᠠᠷ ᠤᠷᠤᠭᠤ ᠢᠯᠡᠭᠡᠬᠦ ᠬᠡᠷᠡᠭᠲᠡᠢ ᠭᠡᠵᠦ ᠨᠠᠳᠠ ᠳᠤ ᠰᠠᠨᠠᠭᠳᠠᠪᠠ᠃ 26 ᠲᠡᠷᠡ ᠲᠠ ᠪᠦᠭᠦᠳᠡ ᠶᠢ ᠰᠠᠨᠠᠭᠠᠯᠵᠠᠭᠰᠠᠭᠠᠷ ᠪᠠᠢᠭ᠎ᠠ ᠪᠥᠭᠡᠳ ᠡᠪᠡᠳᠴᠢᠯᠡᠭᠰᠡᠨ ᠢ ᠨᠢ ᠲᠠ ᠨᠠᠷ ᠰᠣᠨᠣᠰᠴᠢᠬᠠᠯ᠎ᠠ ᠭᠡᠳ ᠰᠠᠨᠠᠭ᠎ᠠ ᠵᠣᠪᠠᠵᠤ ᠪᠠᠢᠨ᠎ᠠ᠃ 27 ᠦᠨᠡᠨ ᠳᠡᠭᠡᠨ ᠲᠡᠷᠡ ᠡᠪᠡᠳᠴᠢᠯᠡᠭᠡᠳ ᠦᠬᠦᠬᠦ ᠰᠢᠬᠠᠭᠰᠠᠨ᠂ ᠬᠠᠷᠢᠨ ᠪᠤᠷᠬᠠᠨ ᠲᠡᠭᠦᠨ ᠢ ᠥᠷᠥ ᠡᠪᠡᠳᠴᠡᠢ᠃ ᠲᠡᠭᠦᠨ ᠢᠶᠡᠷ ᠦᠯᠦ ᠪᠠᠷᠠᠮ᠂ ᠨᠠᠮᠠᠶᠢ ᠴᠤ ᠥᠷᠥ ᠡᠪᠡᠳᠦᠭᠰᠡᠨ ᠢᠶᠡᠷ ᠨᠠᠳᠠ ᠳᠤ ᠭᠤᠨᠢᠭ ᠳᠡᠭᠡᠷ᠎ᠡ ᠭᠤᠨᠢᠭ ᠳᠠᠪᠬᠤᠷᠯᠠᠭ᠎ᠠ ᠦᠭᠡᠢ ᠶᠤᠮ᠃ 28 ᠪᠢ ᠧᠫᠠᠹᠷᠸᠳᠢᠲ ᠢ ᠠᠷᠠᠢ ᠶᠠᠭᠠᠷᠠᠤ ᠢᠯᠡᠭᠡᠯ᠎ᠡ᠃ ᠲᠡᠢᠨ ᠬᠦ ᠲᠠ ᠨᠠᠷ ᠲᠡᠭᠦᠨ ᠲᠡᠢ ᠳᠠᠬᠢᠨ ᠠᠭᠤᠯᠵᠠᠵᠤ ᠪᠠᠶᠠᠷᠯᠠᠬᠤ ᠪᠥᠭᠡᠳ ᠮᠢᠨᠦ ᠭᠤᠨᠢᠭ ᠴᠤ ᠬᠥᠩᠭᠡᠷᠡᠬᠦ ᠪᠣᠯᠣᠨ᠎ᠠ᠃ 29 ᠲᠠ ᠨᠠᠷ ᠡᠵᠡᠨ ᠦ ᠳᠣᠲᠣᠷ᠎ᠠ ᠲᠡᠭᠦᠨ ᠢ ᠬᠠᠮᠤᠭ ᠪᠠᠶᠠᠷ ᠪᠠᠶᠠᠰᠬᠤᠯᠠᠩ ᠢᠶᠠᠷ ᠬᠦᠯᠢᠶᠡᠨ ᠠᠪ᠂ ᠡᠢᠮᠦᠷᠬᠦ ᠬᠥᠮᠦᠨ ᠢ ᠬᠦᠨᠳᠦᠯᠡᠭᠡᠷᠡᠢ᠃ 30 ᠲᠡᠷᠡ ᠾᠷᠢᠰᠲ᠋ᠣᠰ ᠤᠨ ᠠᠵᠢᠯ ᠤᠨ ᠲᠥᠯᠥᠭᠡ ᠠᠮᠢ ᠪᠠᠨ ᠪᠣᠳᠣᠯ ᠦᠭᠡᠢ ᠪᠠᠷ ᠦᠷᠡᠭᠳᠡᠬᠦ ᠰᠢᠬᠠᠲᠠᠯ᠎ᠠ ᠪᠠᠨ ᠲᠠ ᠨᠠᠷ ᠢ ᠣᠷᠣᠯᠠᠵᠤ ᠨᠠᠳᠠ ᠳᠤ ᠦᠢᠯᠡᠴᠢᠯᠡᠭᠰᠡᠨ ᠪᠢᠯᠡ᠃