ᠱᠠᠰᠲᠢᠷ ᠤᠨ ᠳᠡᠳ᠋ ᠨᠢᠭᠡ
ᠰᠣᠯᠣᠮᠣᠨ ᠮᠡᠷᠭᠡᠨ ᠤᠬᠠᠭᠠᠨ ᠭᠤᠶᠤᠪᠠ
1 ᠳ᠋ᠠᠸᠢᠳ᠋ ᠤᠨ ᠬᠦᠦ ᠰᠣᠯᠣᠮᠣᠨ ᠬᠠᠭᠠᠨᠴᠢᠯᠠᠯ ᠢᠶᠠᠨ ᠪᠡᠬᠢᠵᠢᠭᠦᠯᠪᠡ᠃ ᠪᠤᠷᠬᠠᠨ ᠶᠣᠬᠣᠸᠠ ᠨᠢ ᠲᠡᠭᠦᠨ ᠲᠡᠢ ᠬᠠᠮᠲᠤ ᠪᠠᠢᠵᠤ᠂ ᠲᠡᠭᠦᠨ ᠢ ᠶᠡᠬᠡᠳᠡ ᠡᠷᠭᠦᠮᠵᠢᠯᠡᠭᠰᠡᠨ ᠶᠤᠮ᠃
2 ᠰᠣᠯᠣᠮᠣᠨ ᠪᠦᠬᠦ ᠢᠰᠷᠧᠯ ᠤᠨ ᠮᠢᠩ᠋ᠭᠠᠲᠤ᠂ ᠵᠠᠭᠤᠲᠤ ᠶᠢᠨ ᠳᠠᠷᠤᠭ᠎ᠠ ᠨᠠᠷ᠂ ᠰᠢᠭᠦᠭᠴᠢᠳ᠂ ᠢᠰᠷᠧᠯ ᠳᠠᠶᠠᠭᠠᠷ ᠤᠨ ᠪᠦᠬᠦ ᠨᠣᠶᠠᠨ ᠪᠣᠯᠣᠨ ᠭᠡᠷ ᠪᠦᠯᠢ ᠶᠢᠨ ᠲᠡᠷᠢᠭᠦᠳ ᠢ ᠳᠠᠭᠤᠳᠠᠨ ᠴᠤᠭᠯᠠᠭᠤᠯᠤᠭᠰᠠᠨ ᠤ ᠳᠠᠷᠠᠭ᠎ᠠ᠂ 3 ᠪᠦᠬᠦ ᠴᠢᠭᠤᠯᠭᠠᠨ ᠲᠠᠢ ᠬᠠᠮᠲᠤ ᠭᠢᠪᠧᠶᠣᠨ ᠳᠠᠬᠢ ᠮᠥᠷᠭᠥᠯ ᠦᠨ ᠮᠠᠨᠳᠠᠯ ᠤᠷᠤᠭᠤ ᠣᠴᠢᠪᠠ᠃ ᠶᠣᠬᠣᠸᠠ ᠶᠢᠨ ᠵᠠᠷᠤᠴᠠ ᠮᠣᠰᠧ ᠶᠢᠨ ᠴᠥᠯ ᠳᠤ ᠪᠣᠰᠬᠠᠭᠰᠠᠨ ᠪᠤᠷᠬᠠᠨ ᠤ ᠠᠭᠤᠯᠵᠠᠯᠲᠠ ᠶᠢᠨ ᠴᠠᠴᠠᠷ ᠲᠡᠨᠳᠡ ᠪᠠᠢᠵᠠᠢ᠃ 4 ᠳ᠋ᠠᠸᠢᠳ᠋ ᠪᠤᠷᠬᠠᠨ ᠤ ᠠᠪᠳᠠᠷ᠎ᠠ ᠳᠤ ᠵᠣᠷᠢᠭᠤᠯᠤᠨ ᠶᠧᠷᠦ᠋ᠰᠠᠯᠧᠮ ᠳᠤ ᠮᠠᠢᠬᠠᠨ ᠪᠠᠷᠢᠵᠤ᠂ ᠠᠪᠳᠠᠷ᠎ᠠ ᠶᠢ ᠺᠢᠷᠢᠶᠠᠲ ᠶᠧᠶᠠᠷᠢᠮ ᠠᠴᠠ ᠪᠡᠯᠡᠳᠬᠡᠭᠰᠡᠨ ᠭᠠᠵᠠᠷ ᠤᠷᠤᠭᠤ ᠪᠠᠨ ᠵᠥᠭᠡᠭᠡᠭᠰᠡᠨ ᠪᠣᠯ᠂ 5 ᠾᠦᠷ ᠦᠨ ᠠᠴᠢ᠂ ᠦᠦᠷ ᠦᠨ ᠬᠦᠦ ᠪᠧᠽᠠᠯᠧᠯ ᠤᠨ ᠬᠢᠭᠰᠡᠨ ᠬᠦᠷᠡᠯ ᠲᠠᠬᠢᠯ ᠤᠨ ᠰᠢᠷᠡᠭᠡ ᠨᠢ ᠭᠢᠪᠧᠶᠣᠨ ᠳᠠᠬᠢ ᠶᠣᠬᠣᠸᠠ ᠶᠢᠨ ᠣᠷᠣᠰᠢᠬᠤᠢ ᠶᠢᠨ ᠴᠠᠴᠠᠷ ᠤᠨ ᠡᠮᠦᠨ᠎ᠡ ᠪᠠᠢᠭᠰᠠᠭᠠᠷ ᠪᠠᠢᠯ᠎ᠠ᠃ ᠲᠡᠢᠮᠦ ᠡᠴᠡ ᠰᠣᠯᠣᠮᠣᠨ ᠴᠢᠭᠤᠯᠭᠠᠨ ᠲᠠᠢ ᠬᠠᠮᠲᠤ ᠲᠡᠰᠢ ᠣᠴᠢᠵᠠᠢ᠃ 6 ᠰᠣᠯᠣᠮᠣᠨ ᠶᠣᠬᠣᠸᠠ ᠶᠢᠨ ᠡᠮᠦᠨ᠎ᠡ᠂ ᠠᠭᠤᠯᠵᠠᠯᠲᠠ ᠶᠢᠨ ᠴᠠᠴᠠᠷ ᠤᠨ ᠡᠮᠦᠨᠡᠬᠢ ᠬᠦᠷᠡᠯ ᠲᠠᠬᠢᠯ ᠤᠨ ᠰᠢᠷᠡᠭᠡᠨ ᠦ ᠳᠡᠷᠭᠡᠳᠡ ᠣᠴᠢᠵᠤ᠂ ᠲᠡᠭᠦᠨ ᠦ ᠳᠡᠭᠡᠷ᠎ᠡ ᠮᠢᠩ᠋ᠭᠠᠨ ᠰᠢᠲᠠᠭᠠᠯᠭᠠᠲᠤ ᠲᠠᠬᠢᠯ ᠡᠷᠭᠦᠪᠡ᠃
7 ᠲᠡᠷᠡ ᠰᠥᠨᠢ ᠨᠢ ᠪᠤᠷᠬᠠᠨ ᠰᠣᠯᠣᠮᠣᠨ ᠳᠤ ᠦᠵᠡᠭᠳᠡᠵᠦ᠄ 《ᠴᠢ ᠨᠠᠳᠠ ᠠᠴᠠ ᠶᠠᠭᠤ ᠠᠪᠬᠤ ᠪᠤᠢ︖ ᠲᠡᠭᠦᠨ ᠢ ᠪᠠᠨ ᠭᠤᠶᠤ》 ᠭᠡᠵᠦ ᠠᠢᠯᠠᠳᠬᠤ ᠳᠤ᠂ 8 ᠰᠣᠯᠣᠮᠣᠨ ᠪᠤᠷᠬᠠᠨ ᠳᠤ᠄ 《ᠠᠭᠤᠤ ᠬᠠᠢᠷ᠎ᠠ ᠡᠨᠡᠷᠢᠯ ᠢᠶᠠᠨ ᠡᠴᠢᠭᠡ ᠳ᠋ᠠᠸᠢᠳ᠋ ᠲᠤ ᠮᠢᠨᠢ ᠬᠦᠷᠲᠡᠭᠡᠵᠦ᠂ ᠨᠠᠮᠠᠶᠢ ᠲᠡᠭᠦᠨ ᠦ ᠳᠠᠷᠠᠭᠠᠬᠢ ᠬᠠᠭᠠᠨ ᠪᠣᠯᠭᠠᠭᠰᠠᠨ ᠨᠢ ᠲᠠ ᠪᠢᠯᠡ᠃ 9 ᠣᠳᠣ ᠪᠤᠷᠬᠠᠨ ᠶᠣᠬᠣᠸᠠ ᠮᠢᠨᠢ ᠡ᠂ ᠮᠢᠨᠦ ᠡᠴᠢᠭᠡ ᠳ᠋ᠠᠸᠢᠳ᠋ ᠲᠤ ᠠᠮᠠᠯᠠᠭᠰᠠᠨ ᠢᠶᠠᠨ ᠪᠡᠶᠡᠯᠡᠭᠦᠯᠵᠦ ᠬᠠᠢᠷᠠᠯᠠᠭᠠᠴᠢ᠃ ᠲᠠ ᠨᠠᠮᠠᠶᠢ ᠭᠠᠵᠠᠷ ᠳᠡᠭᠡᠷᠡᠬᠢ ᠰᠢᠷᠣᠢ ᠶᠢᠨ ᠲᠦᠮᠡᠨ ᠦ ᠬᠠᠭᠠᠨ ᠢᠶᠠᠷ ᠲᠣᠮᠢᠯᠠᠭᠰᠠᠨ ᠲᠤᠯᠠ 10 ᠡᠨᠡ ᠠᠷᠠᠳ ᠲᠦᠮᠡᠨ ᠢ ᠤᠳᠤᠷᠢᠳᠬᠤ 1 ᠮᠡᠷᠭᠡᠨ ᠤᠬᠠᠭᠠᠨ᠂ ᠮᠡᠳᠡᠯᠭᠡ ᠶᠢ ᠨᠠᠳᠠ ᠳᠤ ᠬᠠᠢᠷᠠᠯᠠᠭᠠᠴᠢ᠂ ᠡᠰᠡ ᠪᠥᠭᠡᠰᠦ ᠲᠠᠨ ᠤ ᠡᠢᠮᠦ ᠠᠭᠤᠤ ᠠᠷᠠᠳ ᠲᠦᠮᠡᠨ ᠢ ᠬᠡᠨ ᠵᠠᠬᠢᠷᠴᠤ 2 ᠴᠢᠳᠠᠬᠤ ᠪᠢᠯᠡ︖》 ᠭᠡᠪᠡ᠃ 11 ᠪᠤᠷᠬᠠᠨ ᠲᠡᠭᠦᠨ ᠳᠦ᠄ 《ᠴᠢᠨᠦ ᠬᠦᠰᠡᠯ ᠡᠢᠮᠦ ᠶᠤᠮ ᠪᠠᠢᠨ᠎ᠠ᠃ ᠴᠢ ᠡᠳ᠋ ᠪᠠᠶᠠᠯᠢᠭ᠂ ᠨᠡᠷ᠎ᠡ ᠠᠯᠳᠠᠷ᠂ ᠥᠰᠲᠡᠨ ᠨᠦᠭᠦᠳ ᠦᠨ ᠢᠶᠠᠨ ᠦᠬᠦᠯ᠂ ᠨᠠᠰᠤᠨ ᠬᠣᠲᠣᠭ ᠭᠤᠶᠤᠯ ᠦᠭᠡᠢ᠂ ᠬᠠᠷᠢᠨ ᠮᠢᠨᠦ ᠴᠢᠮ᠎ᠠ ᠪᠠᠷ ᠵᠠᠬᠢᠷᠤᠭᠤᠯᠤᠭᠰᠠᠨ ᠮᠢᠨᠦ ᠠᠷᠠᠳ ᠲᠦᠮᠡᠨ ᠢ ᠤᠳᠤᠷᠢᠳᠬᠤ ᠮᠡᠷᠭᠡᠨ ᠤᠬᠠᠭᠠᠨ᠂ ᠮᠡᠳᠡᠯᠭᠡ ᠲᠠᠢ ᠪᠠᠢᠬᠤ ᠶᠢ ᠭᠤᠶᠤᠭᠰᠠᠨ ᠤᠴᠢᠷ ᠠᠴᠠ 12 ᠴᠢᠮ᠎ᠠ ᠳᠤ ᠲᠡᠷᠡ ᠮᠡᠷᠭᠡᠨ ᠤᠬᠠᠭᠠᠨ ᠪᠠ ᠮᠡᠳᠡᠯᠭᠡ ᠯᠠᠪᠲᠠᠢ ᠥᠭᠭᠥᠭᠳᠡᠨ᠎ᠡ᠃ ᠬᠠᠷᠢᠨ ᠪᠢ ᠴᠢᠮ᠎ᠠ ᠳᠤ ᠡᠳ᠋ ᠪᠠᠶᠠᠯᠢᠭ ᠪᠠ ᠨᠡᠷ᠎ᠡ ᠠᠯᠳᠠᠷ ᠢ ᠴᠤ ᠥᠭᠭᠥᠶ᠎ᠡ᠂ ᠲᠡᠳᠡᠭᠡᠷ ᠢ ᠴᠢᠨᠦ ᠡᠮᠦᠨᠡᠬᠢ ᠬᠠᠭᠠᠳ ᠣᠯᠣᠭ᠎ᠠ ᠦᠭᠡᠢ᠂ ᠴᠢᠨᠦ ᠳᠠᠷᠠᠭᠠᠬᠢ ᠬᠠᠭᠠᠳ ᠴᠤ ᠣᠯᠬᠤ ᠦᠭᠡᠢ》 ᠭᠡᠵᠦ ᠠᠢᠯᠠᠳᠤᠯ᠎ᠠ᠃ 13 ᠰᠣᠯᠣᠮᠣᠨ ᠭᠢᠪᠧᠶᠣᠨ ᠤ ᠮᠥᠷᠭᠥᠯ ᠦᠨ ᠮᠠᠨᠳᠠᠯ ᠳᠠᠬᠢ ᠠᠭᠤᠯᠵᠠᠯᠲᠠ ᠶᠢᠨ ᠴᠠᠴᠠᠷ ᠤᠨ ᠡᠮᠦᠨ᠎ᠡ ᠡᠴᠡ ᠶᠠᠪᠤᠭᠠᠳ ᠶᠧᠷᠦ᠋ᠰᠠᠯᠧᠮ ᠳᠤ ᠪᠤᠴᠠᠵᠤ᠂ ᠢᠰᠷᠧᠯ ᠢ ᠵᠠᠬᠢᠷᠤᠯ᠎ᠠ᠃
ᠰᠣᠯᠣᠮᠣᠨ ᠤ ᠪᠠᠶᠠᠯᠢᠭ
14 ᠰᠣᠯᠣᠮᠣᠨ ᠪᠠᠢᠯᠳᠤᠭᠠᠨ ᠤ ᠲᠡᠷᠭᠡ ᠪᠣᠯᠣᠨ ᠮᠣᠷᠢᠲᠤ ᠴᠡᠷᠢᠭ ᠢ ᠴᠤᠭᠯᠠᠭᠤᠯᠤᠭᠰᠠᠨ ᠳᠤ᠂ ᠥᠪᠡᠷ ᠲᠤᠨᠢ ᠮᠢᠩ᠋ᠭ᠎ᠠ ᠳᠥᠷᠪᠡᠨ ᠵᠠᠭᠤᠨ ᠪᠠᠢᠯᠳᠤᠭᠠᠨ ᠤ ᠲᠡᠷᠭᠡ᠂ ᠲᠦᠮᠡ ᠬᠣᠶᠠᠷ ᠮᠢᠩ᠋ᠭᠠᠨ ᠮᠣᠷᠢᠲᠤ ᠴᠡᠷᠢᠭ ᠪᠠᠢᠪᠠ᠃ ᠰᠣᠯᠣᠮᠣᠨ ᠵᠠᠷᠢᠮ ᠢ ᠨᠢ ᠲᠡᠷᠭᠡᠲᠦ ᠴᠡᠷᠢᠭ ᠤᠨ ᠲᠥᠪ ᠪᠣᠯᠬᠤ ᠬᠣᠲᠠ ᠨᠤᠭᠤᠳ ᠲᠤ᠂ ᠵᠠᠷᠢᠮ ᠢ ᠨᠢ ᠬᠠᠭᠠᠨ ᠤ ᠠᠮᠢᠳᠤᠷᠠᠳᠠᠭ ᠶᠧᠷᠦ᠋ᠰᠠᠯᠧᠮ ᠳᠤ ᠪᠠᠢᠷᠢᠯᠠᠭᠤᠯᠤᠭᠰᠠᠨ ᠪᠠᠢᠨ᠎ᠠ᠃ 15 ᠰᠣᠯᠣᠮᠣᠨ ᠬᠠᠭᠠᠨ ᠤ ᠠᠴᠢ ᠪᠠᠷ ᠠᠯᠲᠠ ᠮᠥᠩᠭᠥ ᠶᠧᠷᠦ᠋ᠰᠠᠯᠧᠮ ᠳᠤ ᠴᠢᠯᠠᠭᠤ ᠰᠢᠭ᠋ ᠡᠩ ᠦᠨ ᠵᠦᠢᠯ ᠪᠣᠯᠵᠤ᠂ ᠬᠤᠱᠢ ᠮᠣᠳᠣ ᠨᠢ ᠲᠠᠯ᠎ᠠ ᠭᠠᠵᠠᠷ ᠤᠨ ᠢᠨᠵᠢᠷ ᠤᠨ ᠮᠣᠳᠣ ᠰᠢᠭ᠋ ᠡᠯᠪᠡᠭ ᠪᠣᠯᠣᠭᠰᠠᠨ ᠪᠠᠢᠯ᠎ᠠ᠃ 16 ᠰᠣᠯᠣᠮᠣᠨ ᠤ ᠮᠣᠷᠢᠳ ᠶᠧᠵᠢᠫᠲ ᠪᠤᠶᠤ ᠺᠦᠶᠧ 3 ᠡᠴᠡ ᠢᠷᠡᠳᠡᠭ ᠪᠠᠢᠭᠰᠠᠨ ᠪᠥᠭᠡᠳ ᠬᠠᠭᠠᠨ ᠤ ᠠᠷᠠᠯᠵᠢᠶᠠᠴᠢᠳ ᠲᠡᠷᠡ ᠮᠣᠷᠢᠳ ᠢ ᠺᠦᠶᠧ ᠡᠴᠡ ᠬᠤᠳᠠᠯᠳᠤᠨ ᠠᠪᠳᠠᠭ ᠪᠠᠢᠪᠠ᠃ 17 ᠶᠧᠵᠢᠫᠲ ᠡᠴᠡ ᠣᠷᠣᠵᠤ ᠢᠷᠡᠳᠡᠭ ᠨᠢᠭᠡ ᠲᠡᠷᠭᠡ ᠨᠢ ᠵᠢᠷᠭᠤᠭᠠᠨ ᠵᠠᠭᠤᠨ ᠱᠧᠺᠧᠯ 4 ᠮᠥᠩᠭᠥ᠂ ᠨᠢᠭᠡ ᠮᠣᠷᠢ ᠨᠢ ᠵᠠᠭᠤ ᠲᠠᠪᠢᠨ ᠱᠧᠺᠧᠯ 5 ᠮᠥᠩᠭᠥ ᠪᠠᠢᠪᠠ᠃ ᠬᠠᠭᠠᠨ ᠤ ᠠᠷᠠᠯᠵᠢᠶᠠᠴᠢᠳ ᠲᠡᠳᠡᠭᠡᠷ ᠢ ᠳᠠᠬᠢᠨ ᠾᠢᠲ᠋ᠴᠦᠳ ᠪᠤᠶᠤ ᠠᠷᠠᠮ ᠤᠨ ᠪᠦᠬᠦ ᠬᠠᠭᠠᠨ ᠳᠤ ᠬᠤᠳᠠᠯᠳᠤᠳᠠᠭ ᠪᠠᠢᠵᠠᠢ᠃