1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠭᠤᠴᠢᠨ ᠳᠥᠷᠪᠡ
 ᠶᠣᠰᠢᠶ᠎ᠠ ᠶᠢᠨ ᠰᠢᠨᠡᠴᠢᠯᠡᠯᠲᠡ

1 ᠶᠣᠰᠢᠶ᠎ᠠ ᠨᠠᠢ᠌ᠮᠠᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠭᠤᠴᠢᠨ ᠨᠢᠭᠡᠨ ᠵᠢᠯ ᠬᠠᠭᠠᠨᠴᠢᠯᠠᠪᠠ᠃ 2 ᠶᠣᠰᠢᠶ᠎ᠠ ᠶᠣᠬᠣᠸᠠ ᠶᠢᠨ ᠮᠡᠯᠮᠡᠢ ᠳᠦ ᠵᠥᠪ ᠢ ᠦᠢᠯᠡᠳᠦᠨ᠂ ᠵᠡᠭᠦᠨᠰᠢ ᠪᠠᠷᠠᠭᠤᠨᠰᠢ ᠬᠠᠵᠠᠢᠯ ᠦᠭᠡᠢ᠂ ᠡᠪᠦᠭᠡ ᠡᠴᠢᠭᠡ ᠳ᠋ᠠᠸᠢᠳ᠋ ᠤᠨ ᠢᠶᠠᠨ ᠵᠠᠮ ᠢᠶᠠᠷ ᠠᠯᠬᠤᠭᠰᠠᠨ ᠶᠤᠮ᠃ 3 ᠲᠡᠷᠡ ᠪᠡᠷ ᠪᠠᠭ᠎ᠠ ᠠᠴᠠ ᠪᠠᠨ᠂ ᠬᠠᠭᠠᠨ ᠪᠣᠯᠣᠭᠰᠠᠨ ᠨᠠᠢ᠌ᠮᠠᠳᠠᠬᠢ ᠵᠢᠯ ᠡᠴᠡ ᠪᠡᠨ ᠡᠬᠢᠯᠡᠨ ᠡᠪᠦᠭᠡ ᠡᠴᠢᠭᠡ ᠳ᠋ᠠᠸᠢᠳ᠋ ᠤᠨ ᠢᠶᠠᠨ ᠪᠤᠷᠬᠠᠨ ᠢ ᠬᠠᠢᠵᠤ᠂ ᠠᠷᠪᠠᠨ ᠬᠣᠶᠠᠳᠠᠬᠢ ᠵᠢᠯ ᠡᠴᠡ ᠪᠡᠨ ᠡᠬᠢᠯᠡᠨ ᠶᠦᠳᠠ ᠪᠣᠯᠣᠨ ᠶᠧᠷᠦ᠋ᠰᠠᠯᠧᠮ ᠢ ᠮᠥᠷᠭᠥᠯ ᠦᠨ ᠮᠠᠨᠳᠠᠯ ᠤᠳ᠂ ᠠᠱᠧᠷᠠ ᠶᠢᠨ ᠱᠣᠩ ᠤᠳ᠂ ᠰᠡᠢᠯᠦᠮᠡᠯ ᠪᠤᠶᠤ ᠴᠢᠳᠬᠤᠮᠠᠯ ᠬᠥᠷᠥᠭ ᠤᠳ ᠠᠴᠠ ᠴᠡᠪᠡᠷᠰᠢᠭᠦᠯᠦᠭᠰᠡᠨ ᠶᠤᠮ᠃ 4 ᠬᠥᠮᠦᠰ ᠲᠡᠭᠦᠨ ᠦ ᠡᠮᠦᠨ᠎ᠡ ᠪᠠᠯ ᠤᠨ ᠲᠠᠬᠢᠯ ᠤᠨ ᠰᠢᠷᠡᠭᠡ ᠨᠦᠭᠦᠳ ᠢ ᠨᠤᠷᠠᠭᠠᠬᠤ ᠳᠤ᠂ ᠲᠡᠷᠡ ᠪᠡᠷ ᠳᠡᠭᠡᠷ᠎ᠡ ᠨᠢ ᠪᠠᠢᠷᠢᠯᠠᠭᠤᠯᠤᠭᠰᠠᠨ ᠤᠲᠤᠯᠭ᠎ᠠ ᠶᠢᠨ ᠲᠠᠬᠢᠯ ᠤᠨ ᠰᠢᠷᠡᠭᠡ ᠨᠦᠭᠦᠳ ᠢ ᠴᠠᠪᠴᠢᠭᠤᠯᠵᠤ᠂ ᠪᠠᠰᠠ ᠠᠱᠧᠷᠠ ᠶᠢᠨ ᠱᠣᠩ ᠤᠳ᠂ ᠰᠡᠢᠯᠦᠮᠡᠯ ᠪᠤᠶᠤ ᠴᠢᠳᠬᠤᠮᠠᠯ ᠬᠥᠷᠥᠭ ᠤᠳ ᠤᠨ ᠬᠠᠮᠲᠤ ᠪᠤᠲᠠᠯᠤᠭᠠᠳ᠂ ᠨᠤᠨᠲᠠᠭ ᠪᠣᠯᠭᠠᠵᠤ ᠲᠡᠳᠡᠭᠡᠷ ᠲᠦ ᠲᠠᠬᠢᠯ ᠡᠷᠭᠦᠵᠦ ᠪᠠᠢᠭᠰᠠᠨ ᠬᠥᠮᠦᠰ ᠦᠨ ᠪᠤᠯᠠᠰᠢᠨ ᠳᠡᠭᠡᠭᠦᠷ ᠰᠠᠴᠤᠪᠠ᠃ 5 ᠲᠡᠭᠡᠭᠡᠳ ᠲᠡᠷᠡ ᠪᠡᠷ ᠲᠠᠬᠢᠯᠴᠢᠳ ᠤᠨ ᠶᠠᠰᠤ ᠶᠢ ᠲᠠᠬᠢᠯ ᠤᠨ ᠰᠢᠷᠡᠭᠡ ᠨᠦᠭᠦᠳ ᠳᠡᠭᠡᠷ᠎ᠡ ᠨᠢ ᠰᠢᠲᠠᠭᠠᠵᠤ᠂ ᠶᠦᠳᠠ ᠪᠣᠯᠣᠨ ᠶᠧᠷᠦ᠋ᠰᠠᠯᠧᠮ ᠢ ᠴᠡᠪᠡᠷᠰᠢᠭᠦᠯᠪᠡ᠃ 6 ᠮᠠᠨᠠᠰᠧ᠂ ᠡᠹᠷᠠᠢᠮ᠂ ᠰᠢᠮᠧᠶᠣᠨ ᠪᠣᠯᠣᠨ ᠨᠠᠹᠲ᠋ᠠᠯᠢ ᠶᠢᠨ ᠬᠣᠲᠠ ᠨᠤᠭᠤᠳ ᠲᠤ᠂ ᠮᠥᠨ ᠡᠷᠭᠢᠨ ᠲᠣᠭᠣᠷᠢᠨ ᠤ ᠬᠢᠨᠢ ᠪᠠᠯᠭᠠᠰᠤ ᠨᠤᠭᠤᠳ ᠲᠤ ᠴᠤ 7 ᠲᠡᠷᠡ ᠲᠠᠬᠢᠯ ᠤᠨ ᠰᠢᠷᠡᠭᠡ ᠨᠦᠭᠦᠳ ᠢ ᠨᠤᠷᠠᠭᠠᠵᠤ᠂ ᠠᠱᠧᠷᠠ ᠶᠢᠨ ᠱᠣᠩ ᠤᠳ ᠪᠣᠯᠣᠨ ᠰᠡᠢᠯᠦᠮᠡᠯ ᠰᠢᠲᠦᠭᠡᠨ ᠨᠦᠭᠦᠳ ᠢ ᠬᠡᠮᠬᠡᠴᠢᠵᠦ᠂ ᠪᠦᠬᠦ ᠢᠰᠷᠧᠯ ᠳᠠᠬᠢ ᠤᠲᠤᠯᠭ᠎ᠠ ᠶᠢᠨ ᠲᠠᠬᠢᠯ ᠤᠨ ᠰᠢᠷᠡᠭᠡ ᠨᠦᠭᠦᠳ ᠢ ᠴᠠᠪᠴᠢᠵᠤ ᠬᠠᠶᠠᠭᠠᠳ ᠶᠧᠷᠦ᠋ᠰᠠᠯᠧᠮ ᠤᠷᠤᠭᠤ ᠪᠤᠴᠠᠪᠠ᠃

8 ᠶᠣᠰᠢᠶ᠎ᠠ ᠭᠠᠵᠠᠷ ᠨᠤᠲᠤᠭ ᠪᠣᠯᠣᠨ ᠥᠷᠭᠥᠭᠡ ᠶᠢ ᠴᠡᠪᠡᠷᠰᠢᠭᠦᠯᠦᠭᠰᠡᠨ ᠦ ᠳᠠᠷᠠᠭ᠎ᠠ᠂ ᠬᠠᠭᠠᠨᠴᠢᠯᠠᠯ ᠤᠨ ᠢᠶᠠᠨ ᠠᠷᠪᠠᠨ ᠨᠠᠢ᠌ᠮᠠᠳᠤᠭᠠᠷ ᠵᠢᠯ ᠳᠤ ᠥᠪᠡᠷ ᠦᠨ ᠪᠤᠷᠬᠠᠨ ᠶᠣᠬᠣᠸᠠ ᠶᠢᠨ ᠥᠷᠭᠥᠭᠡ ᠶᠢ ᠵᠠᠰᠠᠪᠤᠷᠢᠯᠠᠭᠤᠯᠬᠤ ᠪᠠᠷ ᠠᠽᠠᠯᠢᠶ᠎ᠠ ᠶᠢᠨ ᠬᠦᠦ ᠱᠠᠹᠠᠨ᠂ ᠬᠣᠲᠠ ᠶᠢᠨ ᠵᠠᠬᠢᠷᠤᠭᠴᠢ ᠮᠠᠶᠠᠰᠧᠶ᠎ᠠ᠂ ᠰᠤᠳᠤᠷᠴᠢ ᠶᠣᠶᠠᠬᠠᠽ ᠤᠨ ᠬᠦᠦ ᠶᠣᠶ᠎ᠠ ᠨᠠᠷ ᠢ ᠢᠯᠡᠭᠡᠪᠡ᠃ 9 ᠲᠡᠳᠡ ᠲᠡᠷᠢᠭᠦᠨ ᠲᠠᠬᠢᠯᠴᠢ ᠾᠢᠯᠺᠢᠶ᠎ᠠ ᠳᠡᠭᠡᠷ᠎ᠡ ᠣᠴᠢᠭᠠᠳ ᠪᠤᠷᠬᠠᠨ ᠤ ᠥᠷᠭᠥᠭᠡᠨ ᠳᠦ ᠠᠷᠠᠳ ᠲᠦᠮᠡᠨ ᠦ ᠠᠪᠴᠢᠷᠠᠭᠰᠠᠨ ᠮᠥᠩᠭᠥ ᠶᠢ ᠲᠤᠰᠢᠶᠠᠵᠠᠢ᠃ ᠬᠠᠭᠠᠯᠭᠠᠴᠢ ᠯᠧᠸᠢᠴᠦᠳ ᠲᠡᠳᠡᠭᠡᠷ ᠡᠷᠭᠦᠯ ᠢ ᠮᠠᠨᠠᠰᠧ᠂ ᠡᠹᠷᠠᠢᠮ ᠵᠡᠷᠭᠡ ᠢᠰᠷᠧᠯ ᠤᠨ ᠦᠯᠡᠳᠡᠭᠰᠡᠳ ᠪᠦᠭᠦᠳᠡ ᠡᠴᠡ᠂ ᠮᠥᠨ ᠪᠦᠬᠦ ᠶᠦᠳᠠ᠂ ᠪᠢᠨᠶᠠᠮᠢᠨ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠠᠴᠠ ᠴᠤᠭᠯᠠᠭᠤᠯᠤᠭᠰᠠᠨ ᠪᠠᠢᠪᠠ᠃ 10 ᠲᠡᠷᠡ ᠮᠥᠩᠭᠥ ᠶᠢ ᠶᠣᠬᠣᠸᠠ ᠶᠢᠨ ᠥᠷᠭᠥᠭᠡ ᠶᠢᠨ ᠬᠠᠷᠠᠭᠠᠯᠵᠠᠭᠴᠢᠳ ᠤᠨ ᠭᠠᠷ ᠲᠤ ᠲᠤᠰᠢᠶᠠᠭᠰᠠᠨ ᠳᠤ᠂ ᠲᠡᠳᠡ ᠲᠡᠭᠦᠨ ᠢ ᠠᠵᠢᠯᠴᠢᠳ ᠲᠤ ᠥᠭᠴᠦ᠂ ᠥᠷᠭᠥᠭᠡ ᠶᠢ ᠰᠡᠷᠭᠦᠭᠡᠵᠦ ᠵᠠᠰᠠᠪᠤᠷᠢᠯᠠᠭᠤᠯᠬᠤ ᠳᠤ ᠬᠡᠷᠡᠭᠯᠡᠪᠡ᠃ 11 ᠲᠡᠳᠡ ᠲᠡᠭᠦᠨ ᠢ ᠮᠣᠳᠣᠨ ᠳᠠᠷᠬᠠᠳ᠂ ᠪᠠᠷᠢᠯᠭᠠᠴᠢᠳ ᠲᠤ ᠥᠭᠴᠦ ᠵᠠᠰᠠᠭᠰᠠᠨ ᠴᠢᠯᠠᠭᠤ᠂ ᠬᠥᠨᠳᠡᠯᠡᠪᠴᠢ ᠮᠣᠳᠣ᠂ ᠨᠢᠷᠤᠭᠤ ᠠᠪᠤᠭᠤᠯᠤᠨ᠂ ᠶᠦᠳᠠ ᠶᠢᠨ ᠬᠠᠭᠠᠳ ᠤᠨ ᠪᠠᠯᠭᠠᠰᠤ ᠪᠣᠯᠭᠠᠨ ᠣᠷᠬᠢᠭᠰᠠᠨ ᠥᠷᠭᠥᠭᠡ ᠶᠢ ᠵᠠᠰᠠᠪᠤᠷᠢᠯᠠᠭᠤᠯᠵᠠᠢ᠃ 12 ᠬᠥᠮᠦᠰ ᠠᠵᠢᠯ ᠢᠶᠠᠨ ᠢᠲᠡᠭᠡᠮᠵᠢᠲᠠᠢ ᠪᠠᠷ ᠬᠢᠪᠡ᠃ ᠲᠡᠳᠡᠨ ᠢ ᠬᠢᠨᠠᠵᠤ ᠪᠠᠢᠭᠰᠠᠨ ᠳᠠᠭᠠᠭᠠᠮᠠᠯ ᠤᠳ ᠨᠢ ᠮᠧᠷᠠᠷᠢ ᠶᠢᠨ ᠦᠷ᠎ᠡ ᠤᠳᠤᠮ ᠪᠣᠯᠬᠤ ᠶᠠᠬᠠᠲ᠂ ᠣᠪᠠᠳᠢᠶ᠎ᠠ ᠨᠠᠷ ᠪᠠ ᠺᠣᠬᠠᠲ ᠤᠨ ᠦᠷ᠎ᠡ ᠤᠳᠤᠮ ᠪᠣᠯᠬᠤ ᠽᠧᠺᠠᠷᠢᠶ᠎ᠠ᠂ ᠮᠧᠱᠦ᠋ᠯᠠᠮ ᠵᠡᠷᠭᠡ ᠯᠧᠸᠢᠴᠦᠳ ᠪᠠᠢᠯ᠎ᠠ᠃ ᠲᠡᠳᠡ ᠪᠦᠭᠦᠳᠡᠭᠡᠷ ᠢᠶᠡᠨ ᠬᠥᠭᠵᠢᠮ ᠳᠤ ᠮᠡᠷᠭᠡᠰᠢᠭᠰᠡᠨ ᠯᠧᠸᠢᠴᠦᠳ ᠪᠠᠢᠪᠠ᠃ 13 ᠲᠡᠳᠡ ᠠᠴᠢᠶ᠎ᠠ ᠵᠥᠭᠡᠭᠡᠭᠴᠢᠳ ᠢ ᠬᠠᠷᠠᠭᠠᠯᠵᠠᠵᠤ᠂ ᠲᠥᠷᠥᠯ ᠪᠦᠷᠢ ᠶᠢᠨ ᠠᠵᠢᠯᠴᠢᠳ ᠢ ᠬᠢᠨᠠᠵᠤ ᠪᠠᠢᠪᠠ᠃ ᠵᠠᠷᠢᠮ ᠯᠧᠸᠢᠴᠦᠳ ᠨᠢ ᠪᠢᠴᠢᠭᠡᠴᠢ᠂ ᠲᠦᠰᠢᠮᠡᠯ ᠪᠣᠯᠣᠨ ᠬᠠᠭᠠᠯᠭᠠᠴᠢ ᠪᠣᠯᠪᠠ᠃

14 ᠲᠠᠬᠢᠯᠴᠢ ᠾᠢᠯᠺᠢᠶ᠎ᠠ ᠶᠣᠬᠣᠸᠠ ᠶᠢᠨ ᠥᠷᠭᠥᠭᠡᠨ ᠳᠦ ᠬᠥᠮᠦᠰ ᠦᠨ ᠬᠠᠨᠳᠢᠪᠯᠠᠭᠰᠠᠨ ᠮᠥᠩᠭᠥ ᠶᠢ ᠭᠠᠷᠭᠠᠬᠤ ᠳᠠᠭᠠᠨ ᠮᠣᠰᠧ ᠪᠠᠷ ᠳᠠᠮᠵᠢᠭᠤᠯᠤᠭᠰᠠᠨ ᠶᠣᠬᠣᠸᠠ ᠶᠢᠨ ᠬᠠᠤᠯᠢ ᠶᠢᠨ ᠨᠣᠮ ᠢ ᠣᠯᠵᠤ᠂ 15 ᠪᠢᠴᠢᠭᠡᠴᠢ ᠱᠠᠹᠠᠨ ᠳᠤ᠄ 《ᠪᠢ ᠶᠣᠬᠣᠸᠠ ᠶᠢᠨ ᠥᠷᠭᠥᠭᠡᠨ ᠡᠴᠡ ᠬᠠᠤᠯᠢ ᠶᠢᠨ ᠨᠣᠮ ᠣᠯᠣᠯ᠎ᠠ》 ᠭᠡᠪᠡ᠃ ᠾᠢᠯᠺᠢᠶ᠎ᠠ ᠲᠡᠷᠡ ᠨᠣᠮ ᠢ ᠱᠠᠹᠠᠨ ᠳᠤ ᠥᠭᠬᠦ ᠳᠦ᠂ 16 ᠱᠠᠹᠠᠨ ᠨᠣᠮ ᠢ ᠬᠠᠭᠠᠨ ᠳᠤ ᠠᠪᠴᠢᠷᠠᠵᠤ᠂ ᠲᠡᠭᠦᠨ ᠳᠦ ᠦᠭᠡ ᠤᠯᠠᠮᠵᠢᠯᠠᠨ᠄ 《ᠲᠠᠨ ᠤ ᠵᠠᠷᠤᠴᠠ ᠨᠠᠷ ᠬᠠᠷᠢᠭᠤᠴᠠᠭᠰᠠᠨ ᠪᠦᠬᠦᠨ ᠢᠶᠡᠨ ᠭᠦᠢᠴᠡᠳᠬᠡᠵᠦ ᠪᠠᠢᠭ᠎ᠠ᠃ 17 ᠲᠡᠳᠡ ᠪᠠᠰᠠ ᠶᠣᠬᠣᠸᠠ ᠶᠢᠨ ᠥᠷᠭᠥᠭᠡᠨ ᠳᠦ ᠪᠠᠢᠭᠰᠠᠨ ᠮᠥᠩᠭᠥ ᠶᠢ ᠴᠤᠭᠯᠠᠭᠤᠯᠵᠤ᠂ ᠬᠠᠷᠠᠭᠠᠯᠵᠠᠭᠴᠢᠳ ᠪᠣᠯᠣᠨ ᠠᠵᠢᠯᠯᠠᠭᠴᠢᠳ ᠤᠨ ᠭᠠᠷ ᠲᠤ ᠲᠤᠰᠢᠶᠠᠯ᠎ᠠ》 ᠭᠡᠪᠡ᠃ 18 ᠪᠢᠴᠢᠭᠡᠴᠢ ᠱᠠᠹᠠᠨ ᠪᠠᠰᠠ ᠬᠠᠭᠠᠨ ᠳᠤ᠄ 《ᠲᠠᠬᠢᠯᠴᠢ ᠾᠢᠯᠺᠢᠶ᠎ᠠ ᠨᠠᠳᠠ ᠳᠤ ᠨᠢᠭᠡ ᠨᠣᠮ ᠥᠭᠭᠥᠭᠰᠡᠨ》 ᠭᠡᠪᠡ᠃ ᠱᠠᠹᠠᠨ ᠬᠠᠭᠠᠨ ᠳᠤ ᠨᠣᠮ ᠠᠴᠠ ᠤᠩ᠋ᠰᠢᠵᠤ ᠥᠭᠴᠡᠢ᠃

19 ᠬᠠᠭᠠᠨ ᠲᠡᠷᠡ ᠬᠠᠤᠯᠢ ᠶᠢᠨ ᠦᠭᠡᠰ ᠢ ᠰᠣᠨᠣᠰᠣᠭᠠᠳ ᠬᠤᠪᠴᠠᠰᠤ ᠪᠠᠨ ᠤᠷᠠᠪᠠ᠃ 20 ᠬᠠᠭᠠᠨ ᠾᠢᠯᠺᠢᠶ᠎ᠠ ᠳᠤ᠂ ᠮᠥᠨ ᠱᠠᠹᠠᠨ ᠤ ᠬᠦᠦ ᠠᠾᠢᠺᠠᠮ᠂ ᠮᠢᠺᠠ ᠶᠢᠨ ᠬᠦᠦ ᠠᠪᠳᠣᠨ᠂ ᠪᠢᠴᠢᠭᠡᠴᠢ ᠱᠠᠹᠠᠨ ᠪᠣᠯᠣᠨ ᠬᠠᠭᠠᠨ ᠤ ᠵᠠᠷᠤᠴᠠ ᠠᠰᠠᠢᠶ᠎ᠠ ᠨᠠᠷ ᠲᠤ ᠵᠠᠬᠢᠨ᠄ 21 《ᠣᠯᠳᠠᠭᠰᠠᠨ ᠡᠨᠡ ᠨᠣᠮ ᠳᠤ ᠪᠢᠴᠢᠭᠳᠡᠭᠰᠡᠨ ᠦᠭᠡᠰ ᠦᠨ ᠲᠤᠬᠠᠢ ᠮᠢᠨᠦ ᠡᠮᠦᠨ᠎ᠡ ᠡᠴᠡ᠂ ᠮᠥᠨ ᠢᠰᠷᠧᠯ ᠪᠣᠯᠣᠨ ᠶᠦᠳᠠ ᠳᠤ ᠦᠯᠡᠳᠡᠭᠰᠡᠳ ᠦᠨ ᠡᠮᠦᠨ᠎ᠡ ᠡᠴᠡ ᠶᠣᠬᠣᠸᠠ ᠠᠴᠠ ᠠᠰᠠᠭᠤᠬᠤ ᠪᠠᠷ ᠲᠠ ᠨᠠᠷ ᠶᠠᠪᠤᠵᠠᠭ᠎ᠠ᠃ ᠪᠢᠳᠡᠨ ᠦ ᠡᠴᠢᠭᠡ ᠡᠪᠦᠭᠡᠳ ᠶᠣᠬᠣᠸᠠ ᠶᠢᠨ ᠦᠭᠡ ᠶᠢ ᠰᠠᠬᠢᠭᠰᠠᠨ ᠦᠭᠡᠢ᠂ ᠡᠨᠡ ᠨᠣᠮ ᠳᠤ ᠪᠢᠴᠢᠭᠳᠡᠭᠰᠡᠨ ᠪᠦᠬᠦᠨ ᠢ ᠪᠡᠶᠡᠯᠡᠭᠦᠯᠦᠭᠡ ᠦᠭᠡᠢ ᠤᠴᠢᠷ ᠠᠴᠠ ᠪᠢᠳᠡᠨ ᠦ ᠳᠡᠭᠡᠷ᠎ᠡ ᠶᠣᠬᠣᠸᠠ ᠶᠢᠨ ᠦᠯᠡᠮᠵᠢ ᠠᠭᠤᠷ ᠬᠢᠯᠢᠩ ᠠᠰᠬᠠᠭᠳᠠᠭᠰᠠᠨ ᠪᠠᠢᠨ᠎ᠠ》 ᠭᠡᠪᠡ᠃

22 ᠾᠢᠯᠺᠢᠶ᠎ᠠ ᠪᠣᠯᠣᠨ ᠬᠠᠭᠠᠨ ᠤ ᠢᠯᠡᠭᠡᠭᠰᠡᠨ ᠬᠥᠮᠦᠰ ᠱᠠᠯᠦ᠋ᠮ ᠤᠨ ᠡᠬᠡᠨᠡᠷ ᠡᠰᠢ ᠦᠵᠡᠭᠦᠯᠦᠭᠴᠢ ᠾᠦᠯᠳᠠ ᠤᠷᠤᠭᠤ ᠣᠴᠢᠪᠠ᠃ ᠱᠠᠯᠦ᠋ᠮ ᠪᠣᠯ ᠬᠠᠰᠷᠠ ᠶᠢᠨ ᠠᠴᠢ᠂ ᠲᠣᠺᠬᠠᠲ ᠤᠨ ᠬᠦᠦ ᠪᠠᠢᠵᠤ᠂ ᠣᠷᠳᠣᠨ ᠤ ᠬᠤᠪᠴᠠᠰᠤ ᠬᠤᠨᠠᠷ ᠢ ᠬᠠᠳᠠᠭᠠᠯᠠᠭᠴᠢ ᠪᠥᠭᠡᠳ ᠾᠦᠯᠳᠠ ᠶᠧᠷᠦ᠋ᠰᠠᠯᠧᠮ ᠤᠨ ᠬᠣᠶᠠᠳᠤᠭᠠᠷ ᠳᠡᠭᠦᠷᠭᠡ ᠳᠦ ᠰᠠᠭᠤᠳᠠᠭ ᠪᠠᠢᠪᠠ᠃ ᠲᠡᠳᠡ ᠲᠡᠭᠦᠨ ᠲᠡᠢ ᠶᠠᠷᠢᠯᠴᠠᠬᠤ ᠳᠤ᠂ 23 ᠾᠦᠯᠳᠠ ᠲᠡᠳᠡᠨ ᠳᠦ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠂ ᠥᠪᠡᠷᠰᠡᠳ ᠢ ᠴᠢᠨᠢ ᠨᠠᠳᠠ ᠤᠷᠤᠭᠤ ᠢᠯᠡᠭᠡᠭᠰᠡᠨ ᠬᠥᠮᠦᠨ ᠳᠦ ᠬᠡᠯᠡᠵᠡᠭᠡ᠃ 24 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠪᠢ ᠡᠨᠡ ᠭᠠᠵᠠᠷ ᠪᠣᠯᠣᠨ ᠡ᠊ᠨᠳᠡᠬᠢ ᠶᠢᠨ ᠰᠠᠭᠤᠭᠠᠯᠢᠴᠢᠳ ᠳᠡᠭᠡᠷ᠎ᠡ ᠭᠠᠢ ᠵᠣᠪᠠᠯᠠᠩ ᠠᠪᠴᠢᠷᠠᠵᠤ᠂ ᠶᠦᠳᠠ ᠶᠢᠨ ᠬᠠᠭᠠᠨ ᠤ ᠡᠮᠦᠨ᠎ᠡ ᠲᠡᠳᠡᠨ ᠦ ᠤᠩ᠋ᠰᠢᠭᠰᠠᠨ ᠲᠡᠷᠡ ᠬᠦ ᠨᠣᠮ ᠳᠤ ᠪᠢᠴᠢᠭᠳᠡᠭᠰᠡᠨ ᠪᠦᠬᠦᠨ ᠢ ᠪᠡᠶᠡᠯᠡᠭᠦᠯᠬᠦ ᠭᠡᠵᠦ ᠪᠠᠢᠨ᠎ᠠ᠃ 25 ᠲᠡᠳᠡ ᠨᠠᠮᠠᠶᠢ ᠣᠷᠬᠢᠨ᠂ ᠥᠭᠡᠷ᠎ᠡ ᠪᠤᠷᠬᠠᠳ ᠲᠤ ᠤᠲᠤᠯᠭ᠎ᠠ ᠤᠭᠤᠭᠢᠭᠤᠯᠵᠤ᠂ ᠭᠠᠷ ᠢᠶᠠᠷ ᠢᠶᠠᠨ ᠬᠢᠭᠰᠡᠨ ᠪᠦᠬᠦᠨ ᠢᠶᠡᠷ ᠨᠠᠮᠠᠶᠢ ᠬᠢᠯᠢᠩᠨᠡᠭᠦᠯᠦᠭᠰᠡᠨ ᠤᠴᠢᠷ ᠠᠴᠠ ᠤᠨᠲᠠᠷᠠᠰᠢ ᠦᠭᠡᠢ ᠠᠭᠤᠷ ᠬᠢᠯᠢᠩ ᠮᠢᠨᠢ ᠡᠨᠡ ᠭᠠᠵᠠᠷ ᠳᠡᠭᠡᠷ᠎ᠡ ᠠᠰᠬᠠᠭᠳᠠᠬᠤ ᠪᠣᠯᠣᠨ᠎ᠠ᠃〉 26 ᠬᠠᠷᠢᠨ ᠶᠣᠬᠣᠸᠠ ᠠᠴᠠ ᠠᠰᠠᠭᠤᠯᠭᠠᠬᠤ ᠪᠠᠷ ᠥᠪᠡᠷᠰᠡᠳ ᠢ ᠴᠢᠨᠢ ᠢᠯᠡᠭᠡᠭᠰᠡᠨ ᠶᠦᠳᠠ ᠶᠢᠨ ᠬᠠᠭᠠᠨ ᠳᠤ ᠲᠠ ᠨᠠᠷ ᠡᠭᠦᠨ ᠢ ᠬᠡᠯᠡᠭᠲᠦᠨ᠄ ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢᠨᠦ ᠰᠣᠨᠣᠰᠣᠭᠰᠠᠨ ᠦᠭᠡᠰ ᠦᠨ ᠲᠤᠬᠠᠢ ᠬᠡᠯᠡᠵᠦ ᠥᠭᠭᠥᠶ᠎ᠡ᠂ 27 ᠡᠨᠡ ᠭᠠᠵᠠᠷ ᠪᠣᠯᠣᠨ ᠡ᠊ᠨᠳᠡᠬᠢ ᠶᠢᠨ ᠰᠠᠭᠤᠭᠠᠯᠢᠴᠢᠳ ᠤᠨ ᠬᠢᠨᠢ ᠲᠤᠬᠠᠢ ᠲᠡᠭᠦᠨ ᠦ ᠶᠠᠷᠢᠭᠰᠠᠨ ᠢ ᠴᠢ ᠰᠣᠨᠣᠰᠣᠭᠠᠳ ᠵᠢᠷᠦᠬᠡ ᠪᠡᠨ ᠵᠥᠭᠡᠯᠡᠷᠡᠭᠦᠯᠵᠦ᠂ ᠪᠤᠷᠬᠠᠨ ᠤ ᠡᠮᠦᠨ᠎ᠡ ᠥᠪᠡᠷ ᠢ ᠪᠠᠨ ᠳᠠᠷᠤᠤ ᠪᠣᠯᠭᠠᠭᠰᠠᠨ ᠶᠤᠮ᠂ ᠲᠡᠢᠨ ᠬᠦ ᠴᠢ ᠮᠢᠨᠦ ᠡᠮᠦᠨ᠎ᠡ ᠳᠠᠷᠤᠤ ᠪᠣᠯᠣᠭᠠᠳ ᠬᠤᠪᠴᠠᠰᠤ ᠪᠠᠨ ᠤᠷᠠᠵᠤ᠂ ᠤᠬᠢᠯᠠᠭᠰᠠᠨ ᠤᠴᠢᠷ ᠠᠴᠠ ᠪᠢ ᠴᠤ ᠴᠢᠨᠦᠬᠢ ᠶᠢ ᠰᠣᠨᠣᠰᠣᠯ᠎ᠠ᠂〉 ᠶᠣᠬᠣᠸᠠ ᠶᠢᠨ ᠦᠭᠡ ᠡᠨᠡ ᠪᠠᠢᠨ᠎ᠠ᠂ 28 ᠠᠩ᠋ᠬᠠᠷᠤᠭᠲᠤᠨ᠂ ᠪᠢ ᠴᠢᠮ᠎ᠠ ᠶᠢ ᠡᠴᠢᠭᠡ ᠡᠪᠦᠭᠡᠳ ᠥᠭᠡᠳᠡ ᠴᠢᠨᠢ ᠣᠴᠢᠭᠤᠯᠵᠤ᠂ ᠴᠢ ᠪᠤᠯᠠᠰᠢᠨ ᠳᠠᠭᠠᠨ ᠠᠮᠤᠷ ᠲᠠᠢᠪᠤᠩ ᠢᠶᠠᠷ ᠣᠷᠣᠬᠤ ᠪᠣᠯᠣᠨ᠎ᠠ᠃ ᠡᠨᠡ ᠭᠠᠵᠠᠷ ᠪᠣᠯᠣᠨ ᠡ᠊ᠨᠳᠡᠬᠢ ᠶᠢᠨ ᠰᠠᠭᠤᠭᠠᠯᠢᠴᠢᠳ ᠳᠡᠭᠡᠷ᠎ᠡ ᠮᠢᠨᠦ ᠠᠪᠴᠢᠷᠠᠬᠤ ᠠᠯᠢᠪᠠ ᠭᠠᠢ ᠵᠣᠪᠠᠯᠠᠩ ᠢ ᠴᠢ ᠨᠢᠳᠦ ᠪᠡᠷ ᠢᠶᠠᠨ ᠦᠵᠡᠬᠦ ᠦᠭᠡᠢ〉》 ᠭᠡᠪᠡ᠃ ᠢᠩᠭᠢᠭᠡᠳ ᠲᠡᠳᠡ ᠬᠠᠷᠢᠭᠤ ᠦᠭᠡ ᠶᠢ ᠬᠠᠭᠠᠨ ᠳᠤ ᠠᠪᠴᠢᠷᠠᠪᠠ᠃

29 ᠬᠠᠭᠠᠨ ᠶᠦᠳᠠ ᠪᠣᠯᠣᠨ ᠶᠧᠷᠦ᠋ᠰᠠᠯᠧᠮ ᠤᠨ ᠪᠦᠬᠦ ᠠᠬᠠᠮᠠᠳ ᠢ ᠥᠪᠡᠷ ᠤᠷᠤᠭᠤ ᠪᠠᠨ ᠳᠠᠭᠤᠳᠠᠨ ᠴᠤᠭᠯᠠᠭᠤᠯᠪᠠ᠃ 30 ᠬᠠᠭᠠᠨ ᠶᠦᠳᠠ ᠶᠢᠨ ᠪᠦᠬᠦ ᠡᠷ᠎ᠡ᠂ ᠶᠧᠷᠦ᠋ᠰᠠᠯᠧᠮ ᠤᠨ ᠪᠦᠬᠦ ᠰᠠᠭᠤᠭᠠᠯᠢ᠂ ᠮᠥᠨ ᠲᠠᠬᠢᠯᠴᠢᠳ᠂ ᠯᠧᠸᠢᠴᠦᠳ ᠪᠣᠯᠣᠨ ᠬᠥᠭᠰᠢᠨ ᠵᠠᠯᠠᠭᠤ ᠢᠯᠭᠠᠯ ᠦᠭᠡᠢ ᠪᠦᠬᠦ ᠠᠷᠠᠳ ᠲᠠᠢ ᠬᠠᠮᠲᠤ ᠶᠣᠬᠣᠸᠠ ᠶᠢᠨ ᠥᠷᠭᠥᠭᠡ ᠥᠭᠡᠳᠡ ᠣᠴᠢᠵᠤ᠂ ᠶᠣᠬᠣᠸᠠ ᠶᠢᠨ ᠥᠷᠭᠥᠭᠡᠨ ᠡᠴᠡ ᠣᠯᠳᠠᠭᠰᠠᠨ ᠭᠡᠷ᠎ᠡ ᠶᠢᠨ ᠨᠣᠮ ᠤᠨ ᠪᠦᠬᠦ ᠦᠭᠡ ᠶᠢ ᠤᠩ᠋ᠰᠢᠵᠤ᠂ ᠲᠡᠳᠡᠨ ᠳᠦ ᠰᠣᠨᠣᠰᠬᠠᠪᠠ᠃ 31 ᠬᠠᠭᠠᠨ ᠵᠣᠭᠰᠣᠳᠠᠭ ᠭᠠᠵᠠᠷ ᠲᠠᠭᠠᠨ ᠵᠣᠭᠰᠣᠭᠠᠳ ᠶᠣᠬᠣᠸᠠ ᠶᠢᠨ ᠡᠮᠦᠨ᠎ᠡ ᠭᠡᠷ᠎ᠡ ᠪᠠᠢᠭᠤᠯᠬᠤ ᠳᠠᠭᠠᠨ᠂ ᠪᠦᠬᠦ ᠵᠢᠷᠦᠬᠡ᠂ ᠪᠦᠬᠦ ᠠᠮᠢ ᠪᠠᠷ ᠶᠣᠬᠣᠸᠠ ᠶᠢ ᠳᠠᠭᠠᠵᠤ᠂ ᠲᠡᠭᠦᠨ ᠦ ᠲᠤᠰᠢᠶᠠᠯ᠂ ᠵᠠᠷᠴᠢᠮ᠂ ᠲᠣᠭᠲᠠᠭᠠᠯ ᠤᠳ ᠢ ᠰᠠᠬᠢᠵᠤ᠂ ᠡᠨᠡ ᠨᠣᠮ ᠳᠤ ᠪᠢᠴᠢᠭᠳᠡᠭᠰᠡᠨ ᠭᠡᠷ᠎ᠡ ᠶᠢᠨ ᠦᠭᠡᠰ ᠢ ᠪᠡᠶᠡᠯᠡᠭᠦᠯᠬᠦ ᠪᠡᠷ ᠲᠠᠩ᠋ᠭᠠᠷᠢᠭᠯᠠᠵᠤ᠂ 32 ᠮᠥᠨ ᠶᠧᠷᠦ᠋ᠰᠠᠯᠧᠮ ᠪᠠ ᠪᠢᠨᠶᠠᠮᠢᠨ ᠳᠤ ᠪᠠᠢᠭ᠎ᠠ ᠬᠥᠮᠦᠨ ᠪᠦᠬᠦᠨ ᠢ ᠲᠠᠩ᠋ᠭᠠᠷᠢᠭᠯᠠᠭᠤᠯᠬᠤ ᠳᠤ᠂ ᠶᠧᠷᠦ᠋ᠰᠠᠯᠧᠮ ᠤᠨ ᠰᠠᠭᠤᠭᠠᠯᠢᠴᠢᠳ ᠪᠤᠷᠬᠠᠨ ᠤ ᠭᠡᠷ᠎ᠡ᠂ ᠡᠴᠢᠭᠡ ᠡᠪᠦᠭᠡᠳ ᠦᠨ ᠢᠶᠠᠨ ᠪᠤᠷᠬᠠᠨ ᠤ ᠭᠡᠷ᠎ᠡ ᠶᠢᠨ ᠳᠠᠭᠠᠤ ᠦᠢᠯᠡᠳᠪᠡ᠃ 33 ᠶᠣᠰᠢᠶ᠎ᠠ ᠢᠰᠷᠧᠯᠴᠦᠳ ᠦᠨ ᠨᠤᠲᠤᠭ ᠳᠠᠶᠠᠭᠠᠷ ᠤᠨ ᠪᠦᠬᠦ ᠵᠢᠭᠰᠢᠭᠦᠷᠢᠲᠦ ᠰᠢᠲᠦᠭᠡᠨ ᠢ ᠵᠠᠢᠯᠠᠭᠤᠯᠤᠭᠠᠳ ᠢᠰᠷᠧᠯ ᠳᠤ ᠪᠤᠢ ᠪᠦᠬᠦ ᠬᠥᠮᠦᠨ ᠢ ᠥᠪᠡᠷᠰᠡᠳ ᠦᠨ ᠪᠤᠷᠬᠠᠨ ᠶᠣᠬᠣᠸᠠ ᠳᠤ ᠦᠢᠯᠡᠴᠢᠯᠡᠭᠦᠯᠦᠭᠰᠡᠨ ᠳᠦ᠂ ᠲᠡᠳᠡ ᠲᠡᠭᠦᠨ ᠦ ᠪᠦᠬᠦ ᠡᠳᠦᠷ ᠤᠳ ᠢᠶᠠᠷ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠳᠠᠭᠠᠬᠤ ᠠᠴᠠ ᠪᠤᠴᠠᠭᠰᠠᠨ ᠦᠭᠡᠢ ᠶᠤᠮ᠃