1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠠᠷᠪᠠ
 ᠤᠮᠠᠷᠠᠲᠤ ᠶᠢᠨ ᠣᠪᠣᠭ ᠤᠳ ᠤᠨ ᠪᠣᠰᠣᠯᠭ᠎ᠠ

1 ᠷᠧᠬᠣᠪᠣᠶᠠᠮ ᠱᠧᠺᠧᠮ ᠳᠤ ᠣᠴᠢᠪᠠ᠃ ᠲᠡᠨᠳᠡ ᠢᠰᠷᠧᠯᠴᠦᠳ ᠪᠦᠭᠦᠳᠡᠭᠡᠷ ᠢᠶᠡᠨ ᠷᠧᠬᠣᠪᠣᠶᠠᠮ ᠢ ᠬᠠᠭᠠᠨ ᠪᠣᠯᠭᠠᠬᠤ ᠭᠡᠵᠦ ᠴᠤᠭᠯᠠᠷᠠᠭᠰᠠᠨ ᠪᠠᠢᠯ᠎ᠠ᠃ 2 ᠰᠣᠯᠣᠮᠣᠨ ᠬᠠᠭᠠᠨ ᠠᠴᠠ ᠵᠢᠭᠤᠲᠠᠨ ᠶᠠᠪᠤᠭᠠᠳ ᠶᠧᠵᠢᠫᠲ ᠲᠤ ᠰᠠᠭᠤᠵᠤ ᠪᠠᠢᠭᠰᠠᠨ ᠨᠧᠪᠠᠲ ᠤᠨ ᠬᠦᠦ ᠶᠧᠷᠣᠪᠣᠶᠠᠮ ᠶᠧᠵᠢᠫᠲ ᠲᠤ ᠪᠠᠢᠬᠤ ᠳᠠᠭᠠᠨ ᠲᠡᠷᠡ ᠴᠢᠮᠡᠭᠡ ᠶᠢ ᠰᠣᠨᠣᠰᠴᠠᠢ᠃ 3 ᠬᠥᠮᠦᠰ ᠦᠭᠡ ᠢᠯᠡᠭᠡᠵᠦ᠂ ᠶᠧᠷᠣᠪᠣᠶᠠᠮ ᠢ ᠳᠠᠭᠤᠳᠠᠨ ᠢᠷᠡᠭᠦᠯᠦᠭᠰᠡᠨ ᠳᠦ᠂ ᠲᠡᠷᠡ ᠪᠦᠬᠦ ᠢᠰᠷᠧᠯ ᠲᠠᠢ ᠬᠠᠮᠲᠤ ᠷᠧᠬᠣᠪᠣᠶᠠᠮ ᠳᠤ ᠣᠴᠢᠵᠤ ᠲᠡᠭᠦᠨ ᠳᠦ᠄ 4 《ᠲᠠᠨ ᠤ ᠡᠴᠢᠭᠡ ᠪᠢᠳᠡᠨ ᠢ ᠬᠦᠨᠳᠦ ᠪᠤᠭᠤᠯᠠᠭ᠎ᠠ ᠶᠢᠨ ᠳᠣᠣᠷ᠎ᠠ ᠣᠷᠣᠭᠤᠯᠤᠭᠰᠠᠨ ᠪᠢᠯᠡ᠃ ᠬᠠᠷᠢᠨ ᠲᠠ ᠣᠳᠣ ᠡᠴᠢᠭᠡ ᠶᠢᠨ ᠢᠶᠠᠨ ᠪᠢᠳᠡᠨ ᠦ ᠳᠡᠭᠡᠷ᠎ᠡ ᠲᠣᠬᠣᠭᠰᠠᠨ ᠬᠦᠨᠳᠦ ᠬᠥᠳᠡᠯᠮᠦᠷᠢ ᠪᠣᠯᠣᠨ ᠬᠠᠲᠠᠭᠤ ᠪᠤᠭᠤᠯᠠᠭ᠎ᠠ ᠶᠢ ᠬᠥᠩᠭᠡᠯᠡᠵᠦ ᠬᠠᠢᠷᠠᠯᠠ᠂ ᠲᠡᠭᠡᠪᠡᠯ ᠪᠢᠳᠡ ᠲᠠᠨ ᠳᠤ ᠦᠢᠯᠡᠴᠢᠯᠡᠶ᠎ᠡ》 ᠭᠡᠪᠡ᠃ 5 ᠷᠧᠬᠣᠪᠣᠶᠠᠮ ᠲᠡᠳᠡᠨ ᠳᠦ᠄ 《ᠭᠤᠷᠪᠠᠨ ᠡᠳᠦᠷ ᠦᠨ ᠳᠠᠷᠠᠭ᠎ᠠ ᠨᠠᠳᠠ ᠤᠷᠤᠭᠤ ᠳᠠᠬᠢᠨ ᠢᠷ᠎ᠡ》 ᠭᠡᠰᠡᠨ ᠳᠦ᠂ ᠠᠷᠠᠳ ᠲᠦᠮᠡᠨ ᠶᠠᠪᠤᠵᠠᠭᠠᠪᠠ᠃

6 ᠷᠧᠬᠣᠪᠣᠶᠠᠮ ᠡᠴᠢᠭᠡ ᠰᠣᠯᠣᠮᠣᠨ ᠢ ᠨᠢ ᠠᠮᠢᠳᠤ ᠪᠠᠢᠬᠤ ᠳᠤ ᠲᠡᠭᠦᠨ ᠳᠦ ᠦᠢᠯᠡᠴᠢᠯᠡᠵᠦ ᠪᠠᠢᠭᠰᠠᠨ ᠠᠬᠠᠯᠠᠭᠴᠢᠳ ᠲᠠᠢ ᠵᠥᠪᠯᠡᠪᠡ᠃ ᠲᠡᠷᠡ᠄ 《ᠡᠨᠡ ᠠᠷᠠᠳ ᠲᠦᠮᠡᠨ ᠳᠦ ᠶᠠᠮᠠᠷ ᠬᠠᠷᠢᠭᠤ ᠥᠭᠬᠦ ᠶᠢ ᠲᠠ ᠨᠠᠷ ᠨᠠᠳᠠ ᠳᠤ ᠵᠥᠪᠯᠡᠬᠦ ᠤᠤ︖》 ᠭᠡᠬᠦ ᠳᠦ᠂ 7 ᠲᠡᠳᠡ ᠬᠠᠷᠢᠭᠤᠯᠤᠨ᠄ 《ᠬᠡᠷᠪᠡ ᠲᠠ ᠡᠨᠡ ᠠᠷᠠᠳ ᠲᠦᠮᠡᠨ ᠳᠦ ᠰᠠᠢᠨ ᠬᠠᠨᠳᠤᠵᠤ᠂ ᠲᠡᠳᠡᠨ ᠦ ᠬᠢ ᠶᠢ ᠬᠦᠯᠢᠶᠡᠨ ᠠᠪᠴᠤ᠂ ᠰᠠᠢᠨ ᠦᠭᠡ ᠶᠠᠷᠢᠪᠠᠯ ᠡᠨᠡ ᠠᠷᠠᠳ ᠲᠦᠮᠡᠨ ᠢᠮᠠᠭᠲᠠ ᠲᠠᠨ ᠤ ᠵᠠᠷᠤᠴᠠ ᠪᠣᠯᠬᠤ ᠶᠤᠮ》 ᠭᠡᠵᠡᠢ᠃ 8 ᠭᠡᠪᠡᠴᠦ ᠬᠠᠭᠠᠨ ᠠᠬᠠᠯᠠᠭᠴᠢᠳ ᠤᠨ ᠵᠥᠪᠯᠡᠯᠭᠡ ᠶᠢ ᠣᠭᠣᠷᠴᠤ᠂ ᠥᠪᠡᠷ ᠲᠡᠢ ᠨᠢ ᠬᠠᠮᠲᠤ ᠥᠰᠥᠭᠡᠳ ᠡᠳᠦᠭᠡ ᠥᠪᠡᠷ ᠲᠤᠨᠢ ᠦᠢᠯᠡᠴᠢᠯᠡᠵᠦ ᠪᠤᠢ ᠵᠠᠯᠠᠭᠤᠰ ᠲᠠᠢ ᠵᠥᠪᠯᠡᠯᠳᠦᠨ᠄ 9 《ᠬᠠᠷᠢᠨ ᠲᠠ ᠨᠠᠷ ᠡᠨᠡ ᠠᠷᠠᠳ ᠲᠦᠮᠡᠨ ᠳᠦ ᠶᠠᠮᠠᠷ ᠬᠠᠷᠢᠭᠤ ᠥᠭ ᠭᠡᠵᠦ ᠨᠠᠳᠠ ᠳᠤ ᠵᠥᠪᠯᠡᠬᠦ ᠪᠤᠢ︖ ᠲᠡᠳᠡ᠄ 〈ᠡᠴᠢᠭᠡ ᠶᠢᠨ ᠢᠶᠠᠨ ᠲᠣᠬᠣᠭᠰᠠᠨ ᠪᠤᠭᠤᠯᠠᠭ᠎ᠠ ᠶᠢ ᠬᠥᠩᠭᠡᠯᠡᠵᠦ ᠥᠭᠭᠥᠭᠡᠴᠢ〉 ᠭᠡᠵᠦ ᠪᠠᠢᠨ᠎ᠠ》 ᠭᠡᠪᠡ᠃ 10 ᠲᠡᠭᠦᠨ ᠲᠡᠢ ᠬᠠᠮᠲᠤ ᠥᠰᠥᠭᠰᠡᠨ ᠵᠠᠯᠠᠭᠤᠰ ᠬᠠᠷᠢᠭᠤᠯᠤᠨ᠄ 《ᠲᠡᠷᠡ ᠠᠷᠠᠳ ᠲᠦᠮᠡᠨ᠄ 〈ᠲᠠᠨ ᠤ ᠡᠴᠢᠭᠡ ᠶᠢᠨ ᠲᠣᠬᠣᠭᠰᠠᠨ ᠪᠤᠭᠤᠯᠠᠭ᠎ᠠ ᠬᠦᠨᠳᠦ ᠪᠠᠢᠭᠰᠠᠨ ᠲᠤᠯᠠ ᠲᠠ ᠡᠭᠦᠨ ᠢ ᠬᠥᠩᠭᠡᠯᠡᠵᠦ ᠬᠠᠢᠷᠠᠯᠠ〉 ᠭᠡᠵᠦ ᠲᠠᠨ ᠳᠤ ᠬᠡᠯᠡᠭᠰᠡᠨ ᠪᠣᠯ᠂ ᠲᠠ ᠬᠠᠷᠢᠭᠤ ᠳᠤᠨᠢ᠄ 〈ᠮᠢᠨᠦ ᠰᠢᠭᠡᠵᠢ ᠬᠤᠷᠤᠭᠤ ᠴᠤ ᠡᠴᠢᠭᠡ ᠶᠢᠨ ᠮᠢᠨᠢ ᠪᠡᠯᠬᠡᠭᠦᠰᠦᠨ ᠡᠴᠡ ᠪᠦᠳᠦᠭᠦᠨ ᠶᠤᠮ︕ 11 ᠮᠢᠨᠦ ᠡᠴᠢᠭᠡ ᠲᠠ ᠨᠠᠷ ᠲᠤ ᠬᠦᠨᠳᠦ ᠪᠤᠭᠤᠯᠠᠭ᠎ᠠ ᠡᠭᠦᠷᠦᠭᠦᠯᠦᠭᠰᠡᠨ ᠪᠣᠯ᠂ ᠪᠢ ᠲᠡᠭᠦᠨ ᠳᠡᠭᠡᠷ᠎ᠡ ᠴᠢᠨᠢ ᠨᠡᠮᠡᠬᠦ ᠪᠣᠯᠣᠨ᠎ᠠ᠃ ᠡᠴᠢᠭᠡ ᠮᠢᠨᠢ ᠲᠠ ᠨᠠᠷ ᠢ ᠲᠠᠰᠢᠭᠤᠷ ᠢᠶᠠᠷ ᠰᠠᠬᠢᠯᠭᠠᠵᠢᠭᠤᠯᠵᠤ ᠪᠠᠢᠭᠰᠠᠨ ᠪᠣᠯ᠂ ᠪᠢ ᠲᠠ ᠨᠠᠷ ᠢ ᠬᠢᠯᠢᠨᠴᠡᠲᠦ ᠬᠣᠷᠣᠬᠠᠢ ᠪᠠᠷ ᠰᠠᠬᠢᠯᠭᠠᠵᠢᠭᠤᠯᠬᠤ ᠪᠣᠯᠣᠨ᠎ᠠ〉 ᠭᠡᠵᠦ ᠬᠡᠯᠡᠭᠡᠷᠡᠢ》 ᠭᠡᠪᠡ᠃

12 《ᠭᠤᠷᠪᠠᠳᠠᠬᠢ ᠡᠳᠦᠷ ᠨᠠᠳᠠ ᠤᠷᠤᠭᠤ ᠪᠤᠴᠠᠵᠤ ᠢᠷ᠎ᠡ》 ᠭᠡᠵᠦ ᠬᠠᠭᠠᠨ ᠤ ᠬᠡᠯᠡᠭᠰᠡᠨ ᠶᠣᠰᠣᠭᠠᠷ ᠭᠤᠷᠪᠠᠳᠠᠬᠢ ᠡᠳᠦᠷ ᠨᠢ ᠶᠧᠷᠣᠪᠣᠶᠠᠮ ᠪᠦᠬᠦ ᠠᠷᠠᠳ ᠲᠦᠮᠡᠨ ᠲᠡᠢ ᠬᠠᠮᠲᠤ ᠷᠧᠬᠣᠪᠣᠶᠠᠮ ᠳᠡᠭᠡᠷ᠎ᠡ ᠢᠷᠡᠪᠡ᠃ 13 ᠬᠠᠭᠠᠨ ᠲᠡᠳᠡᠨ ᠳᠦ ᠬᠠᠲᠠᠭᠤ ᠦᠭᠡ ᠪᠡᠷ ᠬᠠᠷᠢᠭᠤᠯᠪᠠ᠃ ᠲᠡᠷᠡ ᠠᠬᠠᠯᠠᠭᠴᠢᠳ ᠤᠨ ᠵᠥᠪᠯᠡᠯᠭᠡ ᠶᠢ ᠣᠭᠣᠷᠴᠤ᠂ 14 ᠵᠠᠯᠠᠭᠤᠰ ᠤᠨ ᠵᠥᠪᠯᠡᠭᠰᠡᠨ ᠢ ᠳᠠᠭᠠᠨ᠄ 《ᠮᠢᠨᠦ ᠡᠴᠢᠭᠡ ᠲᠠ ᠨᠠᠷ ᠤᠨ ᠳᠡᠭᠡᠷ᠎ᠡ ᠬᠦᠨᠳᠦ ᠪᠤᠭᠤᠯᠠᠭ᠎ᠠ ᠶᠢ ᠲᠣᠬᠣᠭᠰᠠᠨ ᠪᠣᠯ᠂ ᠪᠢ ᠲᠡᠭᠦᠨ ᠳᠡᠭᠡᠷ᠎ᠡ ᠴᠢᠨᠢ ᠨᠡᠮᠡᠬᠦ ᠪᠣᠯᠣᠨ᠎ᠠ᠃ ᠡᠴᠢᠭᠡ ᠮᠢᠨᠢ ᠲᠠ ᠨᠠᠷ ᠢ ᠲᠠᠰᠢᠭᠤᠷ ᠢᠶᠠᠷ ᠰᠠᠬᠢᠯᠭᠠᠵᠢᠭᠤᠯᠵᠤ ᠪᠠᠢᠭᠰᠠᠨ ᠪᠣᠯ᠂ ᠪᠢ ᠲᠠ ᠨᠠᠷ ᠢ ᠬᠢᠯᠢᠨᠴᠡᠲᠦ ᠬᠣᠷᠣᠬᠠᠢ ᠪᠠᠷ ᠰᠠᠬᠢᠯᠭᠠᠵᠢᠭᠤᠯᠬᠤ ᠪᠣᠯᠣᠨ᠎ᠠ》 ᠭᠡᠵᠦ ᠬᠡᠯᠡᠪᠡ᠃ 15 ᠡᠢᠨ ᠬᠦ ᠬᠠᠭᠠᠨ ᠠᠷᠠᠳ ᠲᠦᠮᠡᠨ ᠦ ᠬᠢ ᠶᠢ ᠰᠣᠨᠣᠰᠣᠭᠰᠠᠨ ᠦᠭᠡᠢ᠃ ᠤᠴᠢᠷ ᠨᠢ ᠪᠤᠷᠬᠠᠨ ᠪᠠᠢᠳᠠᠯ ᠢ ᠡᠢᠨ ᠬᠦ ᠡᠷᠭᠢᠭᠦᠯᠦᠭᠰᠡᠨ ᠶᠤᠮ᠃ ᠶᠣᠬᠣᠸᠠ ᠱᠢᠯᠣ᠋ ᠬᠥᠮᠦᠨ ᠠᠾᠢᠶᠠ ᠪᠠᠷ ᠳᠠᠮᠵᠢᠭᠤᠯᠤᠨ᠂ ᠨᠧᠪᠠᠲ ᠤᠨ ᠬᠦᠦ ᠶᠧᠷᠣᠪᠣᠶᠠᠮ ᠳᠤ ᠬᠡᠯᠡᠭᠰᠡᠨ ᠦᠭᠡ ᠪᠡᠨ ᠪᠡᠶᠡᠯᠡᠭᠦᠯᠬᠦ ᠪᠡᠷ ᠪᠣᠯᠵᠠᠢ᠃

16 ᠪᠦᠬᠦ ᠢᠰᠷᠧᠯ ᠥᠪᠡᠷᠰᠡᠳ ᠦᠨ ᠬᠢᠨᠢ ᠬᠦᠰᠡᠯᠲᠡ ᠶᠢ ᠦᠯᠦ ᠵᠥᠪᠰᠢᠶᠡᠷᠡᠭᠰᠡᠨ ᠢ ᠣᠢᠯᠠᠭᠠᠯ᠎ᠠ᠃ ᠠᠷᠠᠳ ᠲᠦᠮᠡᠨ ᠬᠠᠭᠠᠨ ᠳᠤ ᠬᠠᠷᠢᠭᠤᠯᠤᠨ᠄ 《ᠳ᠋ᠠᠸᠢᠳ᠋ ᠲᠠᠢ ᠬᠠᠮᠲᠤ ᠬᠦᠷᠲᠡᠬᠦ ᠬᠤᠪᠢ ᠪᠢᠳᠡᠨ ᠳᠦ ᠶᠠᠭᠤ ᠪᠠᠢᠨ᠎ᠠ ᠪᠤᠢ︖ ᠢᠱᠠᠢ ᠶᠢᠨ ᠬᠦᠦ ᠲᠠᠢ ᠬᠠᠮᠲᠤ ᠣᠯᠬᠤ ᠥᠪ ᠭᠡᠵᠦ ᠪᠢᠳᠡᠨ ᠳᠦ ᠪᠠᠢᠬᠤ ᠦᠭᠡᠢ ᠥᠪᠡᠷ ᠥᠪᠡᠷ ᠦᠨ ᠢᠶᠠᠨ ᠭᠡᠷ ᠤᠷᠤᠭᠤ ᠬᠠᠷᠢᠵᠠᠭ᠎ᠠ︕ ᠢᠰᠷᠧᠯ ᠡ᠂ ᠥᠪᠡᠷ ᠦᠨ ᠢᠶᠠᠨ ᠭᠡᠷ ᠢ ᠯᠠ ᠬᠠᠷᠠ᠂ ᠳ᠋ᠠᠸᠢᠳ᠋ ᠡ》 ᠭᠡᠵᠡᠭᠡᠪᠡ᠃
ᠢᠩᠭᠢᠭᠡᠳ ᠪᠦᠬᠦ ᠢᠰᠷᠧᠯ ᠥᠪᠡᠷ ᠥᠪᠡᠷᠰᠡᠳ ᠦᠨ ᠢᠶᠠᠨ ᠮᠠᠢᠬᠠᠨ ᠤᠷᠤᠭᠤ ᠣᠳᠴᠠᠭᠠᠪᠠ᠃ 17 ᠭᠡᠪᠡᠴᠦ ᠶᠦᠳᠠ ᠶᠢᠨ ᠬᠣᠲᠠ ᠨᠤᠭᠤᠳ ᠲᠤ ᠠᠮᠢᠳᠤᠷᠠᠳᠠᠭ ᠢᠰᠷᠧᠯᠴᠦᠳ ᠷᠧᠬᠣᠪᠣᠶᠠᠮ ᠤᠨ ᠵᠠᠬᠢᠷᠭᠠᠨ ᠳᠣᠣᠷ᠎ᠠ ᠦᠯᠡᠳᠡᠵᠡᠢ᠃ 18 ᠷᠧᠬᠣᠪᠣᠶᠠᠮ ᠬᠠᠭᠠᠨ ᠠᠯᠪᠠᠳᠠᠯᠭ᠎ᠠ ᠶᠢᠨ ᠬᠥᠳᠡᠯᠮᠦᠷᠢ ᠶᠢᠨ ᠬᠠᠮᠢᠶᠠᠷᠤᠭᠴᠢ ᠠᠳᠣᠷᠠᠮ ᠢ ᠢᠯᠡᠭᠡᠭᠰᠡᠨ ᠳᠦ᠂ ᠢᠰᠷᠧᠯᠴᠦᠳ ᠲᠡᠭᠦᠨ ᠤᠷᠤᠭᠤ ᠴᠢᠯᠠᠭᠤ ᠰᠢᠳᠡᠵᠦ ᠠᠯᠠᠭᠰᠠᠨ ᠪᠠᠢᠨ᠎ᠠ᠃ ᠷᠧᠬᠣᠪᠣᠶᠠᠮ ᠬᠠᠭᠠᠨ ᠠᠷᠠᠢ ᠭᠡᠵᠦ ᠲᠡᠷᠭᠡᠨ ᠳᠡᠭᠡᠨ ᠰᠠᠭᠤᠨ ᠶᠧᠷᠦ᠋ᠰᠠᠯᠧᠮ ᠤᠷᠤᠭᠤ ᠵᠢᠭᠤᠲᠠᠯ᠎ᠠ᠃ 19 ᠲᠡᠢᠨ ᠬᠦ ᠥᠨᠥᠳᠥᠷ ᠪᠣᠯᠲᠠᠯ᠎ᠠ ᠢᠰᠷᠧᠯ ᠳ᠋ᠠᠸᠢᠳ᠋ ᠤᠨ ᠭᠡᠷ ᠡᠴᠡ ᠲᠡᠷᠰᠯᠡᠭᠰᠡᠭᠡᠷ ᠪᠠᠢᠨ᠎ᠠ᠃