ᠱᠠᠰᠲᠢᠷ ᠤᠨ ᠳᠡᠳ᠋ ᠭᠤᠴᠢᠨ ᠭᠤᠷᠪᠠ
ᠶᠦᠳᠠ ᠶᠢᠨ ᠬᠠᠭᠠᠨ ᠮᠠᠨᠠᠰᠧ
1 ᠮᠠᠨᠠᠰᠧ ᠠᠷᠪᠠᠨ ᠬᠣᠶᠠᠷ ᠨᠠᠰᠤᠲᠠᠢ ᠳᠠᠭᠠᠨ ᠬᠠᠭᠠᠨ ᠪᠣᠯᠵᠤ᠂ ᠶᠧᠷᠦ᠋ᠰᠠᠯᠧᠮ ᠳᠤ ᠲᠠᠪᠢᠨ ᠲᠠᠪᠤᠨ ᠵᠢᠯ ᠬᠠᠭᠠᠨᠴᠢᠯᠠᠪᠠ᠃ 2 ᠬᠠᠷᠢᠨ ᠲᠡᠷᠡ ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠬᠥᠭᠡᠭᠡᠨ ᠭᠠᠷᠭᠠᠭᠰᠠᠨ ᠦᠨᠳᠦᠰᠦᠲᠡᠨ ᠨᠦᠭᠦᠳ ᠦᠨ ᠵᠢᠭᠰᠢᠭᠦᠷᠢᠲᠦ ᠶᠠᠪᠤᠳᠠᠯ ᠤᠳ ᠢ ᠳᠠᠭᠤᠷᠢᠶᠠᠵᠤ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠴᠡᠢ᠃ 3 ᠲᠡᠷᠡ ᠪᠡᠷ ᠡᠴᠢᠭᠡ ᠾᠧᠽᠧᠺᠢᠶ᠎ᠠ ᠶᠢᠨ ᠢᠶᠠᠨ ᠨᠤᠷᠠᠭᠠᠭᠰᠠᠨ ᠮᠥᠷᠭᠥᠯ ᠦᠨ ᠮᠠᠨᠳᠠᠯ ᠤᠳ ᠢ ᠰᠡᠷᠭᠦᠭᠡᠨ ᠪᠠᠷᠢᠵᠤ᠂ ᠪᠠᠯ ᠤᠳ ᠲᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠨ᠂ ᠠᠱᠧᠷᠠ ᠶᠢᠨ ᠱᠣᠩ ᠤᠳ ᠢ ᠬᠢᠵᠦ᠂ ᠪᠠᠰᠠ ᠲᠩᠷᠢ ᠶᠢᠨ ᠠᠯᠢᠪᠠ ᠡᠷᠬᠡᠰ ᠲᠦ ᠪᠥᠬᠥᠢᠨ ᠮᠥᠷᠭᠥᠪᠡ᠃ 4 ᠤᠤᠯ ᠨᠢ ᠶᠣᠬᠣᠸᠠ ᠥᠪᠡᠷ ᠦᠨ ᠢᠶᠠᠨ ᠥᠷᠭᠥᠭᠡᠨ ᠦ ᠲᠤᠬᠠᠢ 《ᠮᠢᠨᠦ ᠨᠡᠷ᠎ᠡ ᠶᠧᠷᠦ᠋ᠰᠠᠯᠧᠮ ᠳᠤ ᠡᠭᠦᠷᠢᠳᠡ ᠪᠠᠢᠬᠤ ᠪᠣᠯᠣᠨ᠎ᠠ》 ᠭᠡᠵᠦ ᠠᠢᠯᠠᠳᠤᠭᠰᠠᠨ ᠬᠢᠷᠢ ᠨᠢ ᠮᠠᠨᠠᠰᠧ ᠶᠠᠭ ᠲᠡᠨᠳᠡ ᠬᠦᠷᠲᠡᠯ᠎ᠡ ᠲᠡᠳᠡᠭᠡᠷ ᠲᠦ ᠵᠣᠷᠢᠭᠤᠯᠤᠨ ᠲᠠᠬᠢᠯ ᠤᠨ ᠰᠢᠷᠡᠭᠡ ᠨᠦᠭᠦᠳ ᠢ ᠪᠣᠰᠬᠠᠵᠤ᠂ 5 ᠶᠣᠬᠣᠸᠠ ᠶᠢᠨ ᠥᠷᠭᠥᠭᠡᠨ ᠦ ᠬᠣᠶᠠᠷ ᠬᠦᠷᠢᠶᠡᠨ ᠳᠦ ᠲᠩᠷᠢ ᠶᠢᠨ ᠠᠯᠢᠪᠠ ᠡᠷᠬᠡᠰ ᠲᠦ ᠵᠣᠷᠢᠭᠤᠯᠤᠨ ᠲᠠᠬᠢᠯ ᠤᠨ ᠰᠢᠷᠡᠭᠡ ᠨᠦᠭᠦᠳ ᠢ ᠪᠣᠰᠬᠠᠪᠠ᠃ 6 ᠲᠡᠷᠡ ᠬᠦᠦ ᠪᠡᠨ ᠪᠧᠨ ᠾᠢᠨᠣᠮ ᠤᠨ ᠬᠥᠨᠳᠡᠢ ᠳᠦ ᠭᠠᠯ ᠳᠤᠮᠳᠠᠭᠤᠷ ᠶᠠᠪᠤᠭᠤᠯᠤᠨ᠂ ᠮᠡᠷᠭᠡ ᠲᠥᠯᠭᠡ᠂ ᠷᠢᠳᠢ ᠰᠢᠳᠢ ᠶᠢ ᠦᠢᠯᠡᠳᠴᠦ᠂ ᠰᠦᠨᠡᠰᠦ ᠳᠠᠭᠤᠳᠠᠭᠴᠢᠳ ᠪᠣᠯᠣᠨ ᠰᠢᠳᠢᠲᠡᠨ ᠨᠦᠭᠦᠳ ᠡᠴᠡ ᠠᠰᠠᠭᠤᠭᠰᠠᠭᠠᠷ᠂ ᠶᠣᠬᠣᠸᠠ ᠶᠢᠨ ᠮᠡᠯᠮᠡᠢ ᠳᠦ ᠶᠡᠬᠡ ᠪᠤᠵᠠᠷ ᠮᠠᠭᠤ ᠶᠢ ᠦᠢᠯᠡᠳᠦᠨ ᠲᠡᠭᠦᠨ ᠢ ᠬᠢᠯᠢᠩᠨᠡᠭᠦᠯᠦᠭᠰᠡᠨ ᠪᠥᠭᠡᠳ 7 ᠥᠪᠡᠷ ᠦᠨ ᠢᠶᠠᠨ ᠪᠦᠲᠦᠭᠡᠭᠰᠡᠨ ᠰᠢᠲᠦᠭᠡᠨ ᠦ ᠰᠡᠢᠯᠦᠮᠡᠯ ᠬᠥᠷᠥᠭ ᠢ ᠪᠤᠷᠬᠠᠨ ᠤ ᠥᠷᠭᠥᠭᠡ ᠳᠣᠲᠣᠷ᠎ᠠ ᠲᠠᠯᠪᠢᠪᠠ᠃ ᠲᠡᠷᠡ ᠥᠷᠭᠥᠭᠡᠨ ᠦ ᠲᠤᠬᠠᠢ ᠪᠤᠷᠬᠠᠨ ᠤᠷᠢᠳᠤ ᠨᠢ ᠳ᠋ᠠᠸᠢᠳ᠋ ᠪᠣᠯᠣᠨ ᠲᠡᠭᠦᠨ ᠦ ᠬᠦᠦ ᠰᠣᠯᠣᠮᠣᠨ ᠳᠤ ᠠᠢᠯᠠᠳᠤᠨ᠄ 《ᠢᠰᠷᠧᠯ ᠤᠨ ᠣᠪᠣᠭ ᠤᠳ ᠤᠨ ᠪᠦᠬᠦ ᠭᠠᠵᠠᠷ ᠠᠴᠠ ᠮᠢᠨᠦ ᠰᠢᠯᠢᠵᠦ ᠠᠪᠤᠭᠰᠠᠨ ᠡᠨᠡ ᠥᠷᠭᠥᠭᠡ ᠪᠠ ᠶᠧᠷᠦ᠋ᠰᠠᠯᠧᠮ ᠳᠡᠭᠡᠷ᠎ᠡ ᠪᠢ ᠥᠪᠡᠷ ᠦᠨ ᠢᠶᠠᠨ ᠨᠡᠷ᠎ᠡ ᠶᠢ ᠡᠭᠦᠷᠢᠳᠡ ᠲᠠᠯᠪᠢᠬᠤ ᠪᠣᠯᠣᠨ᠎ᠠ᠃ 8 ᠢᠰᠷᠧᠯ ᠵᠥᠪᠬᠡᠨ ᠮᠢᠨᠦ ᠲᠤᠰᠢᠶᠠᠭᠰᠠᠨ ᠪᠦᠬᠦᠨ ᠢ᠂ ᠮᠥᠨ ᠮᠣᠰᠧ ᠪᠠᠷ ᠳᠠᠮᠵᠢᠭᠤᠯᠤᠨ ᠲᠡᠳᠡᠨ ᠳᠦ ᠥᠭᠭᠥᠭᠰᠡᠨ ᠪᠦᠬᠦ ᠬᠠᠤᠯᠢ ᠲᠣᠭᠲᠠᠭᠠᠯ ᠪᠣᠯᠣᠨ ᠵᠢᠷᠤᠮ ᠤᠳ ᠢ ᠰᠠᠬᠢᠨ ᠦᠢᠯᠡᠳᠪᠡᠯ᠂ ᠪᠢ ᠢᠰᠷᠧᠯᠴᠦᠳ ᠦᠨ ᠬᠥᠯ ᠢ ᠳᠠᠬᠢᠨ ᠬᠡᠵᠢᠶ᠎ᠡ ᠴᠤ ᠡᠴᠢᠭᠡ ᠡᠪᠦᠭᠡᠳ ᠲᠤᠨᠢ ᠣᠯᠭᠣᠭᠰᠠᠨ ᠨᠤᠲᠤᠭ ᠠᠴᠠ ᠵᠠᠢᠯᠠᠭᠤᠯᠬᠤ ᠦᠭᠡᠢ》 ᠭᠡᠰᠡᠨ ᠪᠢᠯᠡ᠃ 9 ᠭᠡᠪᠡᠴᠦ ᠮᠠᠨᠠᠰᠧ ᠶᠦᠳᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠢ ᠤᠷᠤᠭᠤ ᠲᠠᠲᠠᠭᠰᠠᠨ ᠳᠤ᠂ ᠲᠡᠳᠡ ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠤᠰᠠᠳᠬᠠᠭᠰᠠᠨ ᠦᠨᠳᠦᠰᠦᠲᠡᠨ ᠨᠦᠭᠦᠳ ᠡᠴᠡ ᠴᠤ ᠢᠯᠡᠭᠦᠦ ᠪᠡᠷ ᠪᠤᠵᠠᠷ ᠮᠠᠭᠤ ᠶᠢ ᠦᠢᠯᠡᠳᠴᠡᠢ᠃
10 ᠶᠣᠬᠣᠸᠠ ᠮᠠᠨᠠᠰᠧ ᠳᠤ ᠪᠣᠯᠣᠨ ᠲᠡᠭᠦᠨ ᠦ ᠠᠷᠠᠳ ᠲᠦᠮᠡᠨ ᠳᠦ ᠠᠢᠯᠠᠳᠤᠭᠰᠠᠨ ᠪᠣᠯᠪᠠᠴᠤ ᠲᠡᠳᠡ ᠣᠢᠰᠢᠶᠠᠭᠰᠠᠨ ᠦᠭᠡᠢ ᠲᠤᠯᠠ 11 ᠲᠡᠷᠡ ᠠᠰᠢᠷᠢᠶ᠎ᠠ ᠶᠢᠨ ᠬᠠᠭᠠᠨ ᠤ ᠴᠡᠷᠢᠭ ᠤᠨ ᠵᠠᠩᠵᠤᠨ ᠨᠠᠷ ᠢ ᠠᠪᠴᠢᠷᠠᠭᠰᠠᠨ ᠳᠤ᠂ ᠲᠡᠳᠡ ᠮᠠᠨᠠᠰᠧ ᠶᠢ ᠣᠯᠵᠠᠯᠠᠭᠠᠳ ᠭᠠᠪᠠᠯᠠᠵᠤ᠂ ᠬᠦᠷᠡᠯ ᠭᠢᠨᠵᠢ ᠪᠠᠷ ᠭᠢᠨᠵᠢᠯᠡᠨ ᠪᠠᠪᠢᠯᠣᠨ ᠤᠷᠤᠭᠤ ᠠᠪᠠᠴᠢᠪᠠ᠃ 12 ᠲᠡᠷᠡ ᠵᠣᠪᠠᠯᠠᠩ ᠳᠤ ᠣᠷᠣᠭᠰᠠᠨ ᠤ ᠪᠠᠨ ᠬᠣᠢᠨ᠎ᠠ ᠥᠪᠡᠷ ᠦᠨ ᠪᠤᠷᠬᠠᠨ ᠶᠣᠬᠣᠸᠠ ᠶᠢᠨ ᠲᠠᠭᠠᠯᠠᠯ ᠢ ᠬᠦᠰᠡᠨ᠂ ᠡᠴᠢᠭᠡ ᠡᠪᠦᠭᠡᠳ ᠦᠨ ᠢᠶᠠᠨ ᠪᠤᠷᠬᠠᠨ ᠤ ᠡᠮᠦᠨ᠎ᠡ ᠥᠪᠡᠷ ᠢ ᠪᠠᠨ ᠶᠡᠬᠡᠳᠡ ᠳᠠᠷᠤᠤ ᠪᠣᠯᠭᠠᠵᠤ᠂ 13 ᠲᠡᠭᠦᠨ ᠳᠦ ᠳᠠᠭᠠᠳᠬᠠᠵᠠᠢ᠃ ᠲᠡᠭᠡᠭᠡᠳ ᠶᠣᠬᠣᠸᠠ ᠭᠤᠶᠤᠯᠲᠠ ᠶᠢ ᠨᠢ ᠰᠣᠨᠣᠰᠣᠨ ᠲᠡᠭᠦᠨ ᠢ ᠬᠦᠯᠢᠶᠡᠨ ᠠᠪᠴᠤ᠂ ᠶᠧᠷᠦ᠋ᠰᠠᠯᠧᠮ ᠤᠷᠤᠭᠤ ᠪᠤᠴᠠᠭᠠᠨ ᠬᠠᠭᠠᠨᠴᠢᠯᠠᠯ ᠢ ᠨᠢ ᠳᠠᠬᠢᠨ ᠥᠭᠭᠥᠭᠰᠡᠨ ᠪᠠᠢᠨ᠎ᠠ᠃ ᠢᠩᠭᠢᠭᠡᠳ ᠮᠠᠨᠠᠰᠧ ᠶᠣᠬᠣᠸᠠ ᠪᠣᠯ ᠪᠤᠷᠬᠠᠨ ᠮᠥᠨ ᠭᠡᠳᠡᠭ ᠢ ᠤᠬᠠᠭᠠᠷᠠᠵᠠᠢ᠃
14 ᠡᠭᠦᠨ ᠦ ᠳᠠᠷᠠᠭ᠎ᠠ᠂ ᠲᠡᠷᠡ ᠪᠡᠷ ᠳ᠋ᠠᠸᠢᠳ᠋ ᠤᠨ ᠬᠣᠲᠠ ᠶᠢᠨ ᠭᠠᠳᠠᠨᠠᠬᠢ ᠬᠡᠷᠡᠮ ᠢ ᠰᠡᠷᠭᠦᠭᠡᠨ ᠭᠢᠬᠣᠨ ᠤ ᠪᠠᠷᠠᠭᠤᠨ ᠲᠠᠯ᠎ᠠ ᠳᠠᠬᠢ ᠬᠥᠨᠳᠡᠢ ᠡᠴᠡ ᠵᠢᠭᠠᠰᠤᠨ ᠬᠠᠭᠠᠯᠭ᠎ᠠ ᠬᠦᠷᠲᠡᠯ᠎ᠡ᠂ ᠣᠹᠧᠯ ᠲᠣᠯᠣᠭᠠᠳ ᠢ ᠬᠦᠷᠢᠶᠡᠯᠡᠭᠰᠡᠨ ᠬᠡᠰᠡᠭ ᠢ ᠮᠠᠰᠢ ᠥᠨᠳᠥᠷ ᠪᠣᠰᠬᠠᠵᠤ᠂ ᠶᠦᠳᠠ ᠶᠢᠨ ᠪᠡᠬᠢᠯᠡᠯᠲᠡᠲᠦ ᠬᠣᠲᠠ ᠪᠦᠷᠢ ᠳᠤ ᠴᠡᠷᠢᠭ ᠤᠨ ᠵᠠᠩᠵᠤᠨ ᠨᠠᠷ ᠢ ᠲᠠᠯᠪᠢᠪᠠ᠃ 15 ᠲᠡᠷᠡ ᠪᠠᠰᠠ ᠶᠣᠬᠣᠸᠠ ᠶᠢᠨ ᠥᠷᠭᠥᠭᠡᠨ ᠡᠴᠡ ᠬᠠᠷᠢ ᠶᠢᠨ ᠪᠤᠷᠬᠠᠳ᠂ ᠰᠢᠲᠦᠭᠡᠨ ᠨᠦᠭᠦᠳ ᠢ ᠵᠠᠢᠯᠠᠭᠤᠯᠵᠤ᠂ ᠥᠷᠭᠥᠭᠡᠨ ᠦ ᠠᠭᠤᠯᠠ ᠪᠣᠯᠣᠨ ᠶᠧᠷᠦ᠋ᠰᠠᠯᠧᠮ ᠳᠤ ᠥᠪᠡᠷ ᠦᠨ ᠪᠣᠰᠬᠠᠭᠰᠠᠨ ᠲᠠᠬᠢᠯ ᠤᠨ ᠰᠢᠷᠡᠭᠡ ᠨᠦᠭᠦᠳ ᠢ ᠵᠠᠢᠯᠠᠭᠤᠯᠤᠨ᠂ ᠬᠣᠲᠠ ᠶᠢᠨ ᠭᠠᠳᠠᠨ᠎ᠠ ᠬᠠᠶᠠᠵᠠᠢ᠃ 16 ᠲᠡᠷᠡ ᠪᠡᠷ ᠶᠣᠬᠣᠸᠠ ᠶᠢᠨ ᠲᠠᠬᠢᠯ ᠤᠨ ᠰᠢᠷᠡᠭᠡ ᠶᠢ ᠰᠡᠷᠭᠦᠭᠡᠨ᠂ ᠳᠡᠭᠡᠷ᠎ᠡ ᠨᠢ ᠡᠪ ᠦᠨ ᠲᠠᠬᠢᠯ ᠪᠣᠯᠣᠨ ᠲᠠᠯᠠᠷᠬᠠᠯ ᠤᠨ ᠲᠠᠬᠢᠯ ᠢ ᠡᠷᠭᠦᠵᠦ᠂ ᠶᠦᠳᠠᠴᠤᠳ ᠲᠤ ᠢᠰᠷᠧᠯ ᠤᠨ ᠪᠤᠷᠬᠠᠨ ᠶᠣᠬᠣᠸᠠ ᠳᠤ ᠦᠢᠯᠡᠴᠢᠯᠡᠬᠦ ᠶᠢ ᠵᠠᠬᠢᠪᠠ᠃ 17 ᠬᠡᠳᠦᠢᠪᠡᠷ ᠠᠷᠠᠳ ᠲᠦᠮᠡᠨ ᠵᠥᠪᠬᠡᠨ ᠶᠣᠬᠣᠸᠠ ᠪᠤᠷᠬᠠᠨ ᠳᠠᠭᠠᠨ ᠲᠠᠬᠢᠯ ᠡᠷᠭᠦᠳᠡᠭ ᠪᠣᠯᠪᠠᠴᠤ ᠲᠡᠭᠦᠨ ᠢ ᠪᠠᠨ ᠮᠥᠷᠭᠥᠯ ᠦᠨ ᠮᠠᠨᠳᠠᠯ ᠤᠳ ᠳᠡᠭᠡᠷ᠎ᠡ ᠡᠷᠭᠦᠭᠰᠡᠭᠡᠷ ᠪᠠᠢᠪᠠ᠃
18 ᠮᠠᠨᠠᠰᠧ ᠶᠢᠨ ᠪᠤᠰᠤᠳ ᠶᠠᠪᠤᠳᠠᠯ᠂ ᠥᠪᠡᠷ ᠦᠨ ᠢᠶᠠᠨ ᠪᠤᠷᠬᠠᠨ ᠳᠤ ᠡᠷᠭᠦᠭᠰᠡᠨ ᠲᠡᠭᠦᠨ ᠦ ᠳᠠᠭᠠᠳᠬᠠᠯ᠂ ᠢᠰᠷᠧᠯ ᠤᠨ ᠪᠤᠷᠬᠠᠨ ᠶᠣᠬᠣᠸᠠ ᠶᠢᠨ ᠨᠡᠷ᠎ᠡ ᠪᠡᠷ ᠲᠡᠭᠦᠨ ᠳᠦ ᠶᠠᠷᠢᠭᠰᠠᠨ ᠪᠣᠱᠣᠭᠴᠢᠳ ᠤᠨ ᠦᠭᠡ ᠲᠠᠢ ᠬᠠᠮᠲᠤ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠠᠢᠳᠠᠭ᠃ 19 ᠲᠡᠭᠦᠨ ᠦ ᠳᠠᠭᠠᠳᠬᠠᠯ ᠪᠣᠯᠣᠨ ᠪᠤᠷᠬᠠᠨ ᠤ ᠬᠠᠷᠢᠭᠤ᠂ ᠲᠡᠭᠦᠨ ᠦ ᠠᠯᠢᠪᠠ ᠭᠡᠮ ᠨᠢᠭᠦᠯ ᠪᠣᠯᠣᠨ ᠢᠲᠡᠭᠡᠯ ᠦᠭᠡᠢ ᠶᠠᠪᠤᠳᠠᠯ᠂ ᠳᠠᠷᠤᠤ ᠪᠣᠯᠬᠤ ᠶᠢᠨ ᠡᠮᠦᠨ᠎ᠡ ᠮᠥᠷᠭᠥᠯ ᠦᠨ ᠮᠠᠨᠳᠠᠯ ᠤᠳ ᠪᠣᠰᠬᠠᠭᠰᠠᠨ ᠭᠠᠵᠠᠷ ᠤᠳ᠂ ᠠᠱᠧᠷᠠ ᠶᠢᠨ ᠱᠣᠩ ᠤᠳ ᠪᠠ ᠰᠡᠢᠯᠦᠮᠡᠯ ᠬᠥᠷᠥᠭ ᠤᠳ ᠢ ᠵᠣᠭᠣᠭᠰᠠᠨ ᠭᠠᠵᠠᠷ ᠤᠳ ᠵᠡᠷᠭᠡ ᠨᠢ ᠪᠣᠱᠣᠭᠴᠢᠳ ᠤᠨ ᠨᠣᠮ ᠳᠤ ᠪᠢᠴᠢᠭᠳᠡᠭᠰᠡᠨ ᠪᠠᠢᠳᠠᠭ᠃ 20 ᠮᠠᠨᠠᠰᠧ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠬᠥᠮᠦᠰ ᠲᠡᠭᠦᠨ ᠢ ᠣᠷᠳᠣᠨ ᠳᠤᠨᠢ ᠣᠷᠣᠰᠢᠭᠤᠯᠪᠠ᠃ ᠬᠦᠦ ᠠᠮᠣᠨ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃
ᠶᠦᠳᠠ ᠶᠢᠨ ᠬᠠᠭᠠᠨ ᠠᠮᠣᠨ
21 ᠠᠮᠣᠨ ᠬᠣᠷᠢᠨ ᠬᠣᠶᠠᠷ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠶᠠᠷ ᠵᠢᠯ ᠬᠠᠭᠠᠨᠴᠢᠯᠠᠪᠠ᠃ 22 ᠲᠡᠷᠡ ᠡᠴᠢᠭᠡ ᠮᠠᠨᠠᠰᠧ ᠶᠢᠨ ᠢᠶᠠᠨ ᠦᠢᠯᠡᠳᠦᠭᠰᠡᠨ ᠦ ᠠᠳᠠᠯᠢ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃ ᠠᠮᠣᠨ ᠡᠴᠢᠭᠡ ᠮᠠᠨᠠᠰᠧ ᠶᠢᠨ ᠢᠶᠠᠨ ᠪᠦᠲᠦᠭᠡᠭᠰᠡᠨ ᠠᠯᠢᠪᠠ ᠰᠡᠢᠯᠦᠮᠡᠯ ᠬᠥᠷᠥᠭ ᠲᠦ ᠲᠠᠬᠢᠯ ᠡᠷᠭᠦᠵᠦ᠂ ᠲᠡᠳᠡᠭᠡᠷ ᠲᠦ ᠦᠢᠯᠡᠴᠢᠯᠡᠪᠡ᠃ 23 ᠲᠡᠭᠦᠨ ᠦ ᠡᠴᠢᠭᠡ ᠮᠠᠨᠠᠰᠧ ᠬᠣᠵᠢᠮ ᠨᠢ ᠳᠠᠷᠤᠤ ᠪᠣᠯᠣᠭᠰᠠᠨ᠂ ᠬᠠᠷᠢᠨ ᠠᠮᠣᠨ ᠶᠣᠬᠣᠸᠠ ᠶᠢᠨ ᠡᠮᠦᠨ᠎ᠡ ᠳᠠᠷᠤᠤ ᠪᠣᠯᠣᠭᠰᠠᠨ ᠦᠭᠡᠢ᠂ ᠨᠢᠭᠦᠯ ᠢᠶᠡᠨ ᠨᠡᠮᠡᠭᠰᠡᠭᠡᠷ ᠪᠠᠢᠯ᠎ᠠ᠃ 24 ᠠᠮᠣᠨ ᠤ ᠲᠦᠰᠢᠮᠡᠳ ᠲᠡᠭᠦᠨ ᠦ ᠡᠰᠡᠷᠭᠦ ᠬᠤᠤᠪᠢᠯᠳᠤᠵᠤ᠂ ᠲᠡᠭᠦᠨ ᠢ ᠥᠪᠡᠷ ᠦᠨ ᠬᠢᠨᠢ ᠣᠷᠳᠣᠨ ᠳᠤ ᠠᠯᠠᠪᠠ᠃ 25 ᠬᠠᠷᠢᠨ ᠲᠡᠷᠡ ᠭᠠᠵᠠᠷ ᠤᠨ ᠠᠷᠠᠳ ᠲᠦᠮᠡᠨ ᠠᠮᠣᠨ ᠬᠠᠭᠠᠨ ᠤ ᠡᠰᠡᠷᠭᠦ ᠬᠤᠤᠪᠢᠯᠳᠤᠭᠰᠠᠨ ᠪᠦᠬᠦ ᠬᠥᠮᠦᠨ ᠢ ᠠᠯᠠᠵᠤ᠂ ᠲᠡᠭᠦᠨ ᠦ ᠣᠷᠣᠨ ᠳᠤ ᠬᠦᠦ ᠶᠣᠰᠢᠶ᠎ᠠ ᠶᠢ ᠨᠢ ᠬᠠᠭᠠᠨ ᠪᠣᠯᠭᠠᠵᠠᠢ᠃