ᠱᠠᠰᠲᠢᠷ ᠤᠨ ᠳᠡᠳ᠋ ᠭᠤᠴᠢᠨ ᠬᠣᠶᠠᠷ
ᠠᠰᠢᠷᠢᠶᠠᠴᠤᠳ ᠶᠧᠷᠦ᠋ᠰᠠᠯᠧᠮ ᠢ ᠪᠦᠰᠡᠯᠡᠪᠡ
1 ᠲᠡᠷᠡ ᠡᠳᠡᠭᠡᠷ ᠢ ᠦᠨᠡᠨᠴᠢ ᠪᠠᠷ ᠭᠦᠢᠴᠡᠳᠬᠡᠭᠰᠡᠨ ᠦ ᠬᠢᠨᠢ ᠳᠠᠷᠠᠭ᠎ᠠ᠂ ᠠᠰᠢᠷᠢᠶ᠎ᠠ ᠶᠢᠨ ᠬᠠᠭᠠᠨ ᠰᠧᠨᠠᠾᠧᠷᠢᠪ ᠶᠦᠳᠠ ᠶᠢ ᠳᠣᠪᠲᠣᠯᠣᠨ ᠢᠷᠡᠵᠦ᠂ ᠪᠡᠬᠢᠯᠡᠯᠲᠡᠲᠦ ᠬᠣᠲᠠ ᠨᠤᠭᠤᠳ ᠤᠨ ᠬᠢᠨᠢ ᠡᠮᠦᠨ᠎ᠡ ᠬᠤᠸᠠᠷᠠᠩᠨᠠᠵᠤ᠂ ᠲᠡᠭᠦᠨ ᠢ ᠡᠵᠡᠯᠡᠨ ᠠᠪᠬᠤ ᠪᠠᠷ ᠰᠠᠨᠠᠭᠠᠷᠬᠠᠵᠤ ᠪᠠᠢᠪᠠ᠃ 2 ᠾᠧᠽᠧᠺᠢᠶ᠎ᠠ ᠰᠧᠨᠠᠾᠧᠷᠢᠪ ᠤᠨ ᠢᠷᠡᠭᠰᠡᠨ ᠪᠠ ᠶᠧᠷᠦ᠋ᠰᠠᠯᠧᠮ ᠢ ᠳᠠᠭᠠᠷᠢᠬᠤ ᠵᠣᠷᠢᠯᠭ᠎ᠠ ᠲᠠᠢ ᠪᠠᠢᠬᠤ ᠶᠢ ᠮᠡᠳᠡᠭᠡᠳ᠂ 3 ᠬᠣᠲᠠ ᠶᠢᠨ ᠭᠠᠳᠠᠨᠠᠬᠢ ᠪᠤᠯᠠᠭ ᠤᠳ ᠢ ᠬᠠᠭᠠᠬᠤ ᠲᠠᠯ᠎ᠠ ᠪᠠᠷ ᠲᠦᠰᠢᠮᠡᠳ ᠪᠣᠯᠣᠨ ᠵᠠᠩᠵᠤᠨ ᠨᠠᠷ ᠲᠠᠢ ᠪᠠᠨ ᠵᠥᠪᠯᠡᠯᠳᠦᠬᠦ ᠳᠦ᠂ ᠲᠡᠳᠡ ᠴᠤ ᠳᠡᠮᠵᠢᠵᠦ ᠪᠠᠢᠯ᠎ᠠ᠃ 4 ᠣᠯᠠᠨ ᠬᠥᠮᠦᠨ ᠴᠤᠭᠯᠠᠷᠠᠵᠤ 《ᠠᠰᠢᠷᠢᠶ᠎ᠠ ᠶᠢᠨ ᠬᠠᠭᠠᠳ ᠢᠷᠡᠬᠦ ᠳᠦ᠂ ᠡᠨᠡ ᠶᠡᠬᠡ ᠤᠰᠤ ᠶᠢ ᠲᠡᠳᠡᠨ ᠳᠦ ᠶᠠᠭᠠᠬᠢᠨ ᠣᠯᠭᠣᠵᠤ ᠪᠣᠯᠬᠤ ᠪᠤᠢ︖》 ᠭᠡᠳ ᠳᠡᠭᠦᠷᠭᠡ ᠶᠢᠨ ᠪᠦᠬᠦ ᠪᠤᠯᠠᠭ ᠬᠢᠭᠡᠳ ᠲᠡᠷᠡᠭᠦᠷ ᠤᠷᠤᠰᠳᠠᠭ ᠭᠣᠷᠣᠬ᠎ᠠ ᠶᠢ ᠬᠠᠭᠠᠪᠠ᠃ 5 ᠾᠧᠽᠧᠺᠢᠶ᠎ᠠ ᠵᠣᠷᠢᠭ ᠣᠷᠣᠵᠤ᠂ ᠨᠤᠷᠠᠭᠠᠳ ᠪᠠᠢᠭᠰᠠᠨ ᠪᠦᠬᠦ ᠬᠡᠷᠡᠮ ᠢ ᠰᠡᠷᠭᠦᠭᠡᠨ᠂ ᠳᠡᠭᠡᠷ᠎ᠡ ᠨᠢ ᠣᠯᠠᠨ ᠴᠠᠮᠬᠠᠭ᠂ ᠭᠠᠳᠠᠨ᠎ᠠ ᠨᠢ ᠥᠭᠡᠷ᠎ᠡ ᠬᠡᠷᠡᠮ ᠪᠠᠷᠢᠵᠤ᠂ ᠳ᠋ᠠᠸᠢᠳ᠋ ᠤᠨ ᠬᠣᠲᠠ ᠳᠠᠬᠢ ᠮᠢᠯᠣ᠋ ᠪᠡᠬᠢᠯᠡᠯᠲᠡ ᠶᠢ ᠪᠠᠲᠤᠵᠢᠭᠤᠯᠵᠤ᠂ ᠮᠠᠰᠢ ᠣᠯᠠᠨ ᠵᠡᠪᠰᠡᠭ ᠪᠠ ᠪᠠᠮᠪᠠᠢ ᠨᠤᠭᠤᠳ ᠬᠢᠪᠡ᠃ 6 ᠲᠡᠷᠡ ᠪᠡᠷ ᠴᠡᠷᠢᠭ ᠤᠨ ᠨᠣᠶᠠᠳ ᠢ ᠲᠣᠮᠢᠯᠠᠭᠰᠠᠨ ᠤ ᠳᠠᠷᠠᠭ᠎ᠠ᠂ ᠲᠡᠳᠡᠨ ᠢ ᠬᠣᠲᠠ ᠶᠢᠨ ᠬᠠᠭᠠᠯᠭᠠᠨ ᠤ ᠲᠠᠯᠠᠪᠠᠢ ᠳᠤ ᠳᠠᠭᠤᠳᠠᠨ ᠴᠤᠭᠯᠠᠭᠤᠯᠪᠠ᠃ ᠾᠧᠽᠧᠺᠢᠶ᠎ᠠ ᠲᠡᠳᠡᠨ ᠢ ᠤᠷᠮᠠᠰᠢᠭᠤᠯᠤᠨ᠄ 7 《ᠬᠦᠴᠦᠲᠡᠢ ᠪᠥᠭᠡᠳ ᠵᠣᠷᠢᠭᠲᠠᠢ ᠪᠠᠢ᠃ ᠠᠰᠢᠷᠢᠶ᠎ᠠ ᠶᠢᠨ ᠬᠠᠭᠠᠨ ᠠᠴᠠ ᠪᠦᠦ ᠠᠶᠤ᠂ ᠲᠡᠭᠦᠨ ᠲᠡᠢ ᠬᠠᠮᠲᠤ ᠪᠠᠢᠭ᠎ᠠ ᠦᠢ ᠲᠦᠮᠡᠨ ᠦ ᠡᠮᠦᠨ᠎ᠡ ᠪᠦᠦ ᠰᠢᠨᠲᠠᠷᠠ᠃ ᠪᠢᠳᠡᠨ ᠲᠡᠢ ᠬᠠᠮᠲᠤ ᠪᠠᠢᠭ᠎ᠠ ᠨᠢᠭᠡᠨ ᠨᠢ ᠲᠡᠭᠦᠨ ᠲᠡᠢ ᠬᠠᠮᠲᠤ ᠪᠠᠢᠭ᠎ᠠ ᠨᠢᠭᠡᠨ ᠡᠴᠡ ᠠᠭᠤᠤ ᠶᠤᠮ᠃ 8 ᠲᠡᠭᠦᠨ ᠲᠡᠢ ᠬᠠᠮᠲᠤ ᠪᠠᠢᠭ᠎ᠠ ᠨᠢ ᠮᠢᠬᠠᠨ ᠭᠠᠷ᠂ ᠪᠢᠳᠡᠨ ᠲᠡᠢ ᠬᠠᠮᠲᠤ ᠪᠠᠢᠭ᠎ᠠ ᠨᠢ ᠪᠢᠳᠡᠨ ᠦ ᠪᠤᠷᠬᠠᠨ ᠶᠣᠬᠣᠸᠠ ᠪᠢᠯᠡ᠃ ᠲᠡᠷᠡ ᠪᠢᠳᠡᠨ ᠢ ᠲᠤᠰᠠᠯᠠᠨ ᠲᠤᠯᠤᠯᠳᠤᠭᠠᠨ ᠳᠤ ᠲᠤᠯᠤᠯᠳᠤᠨ᠎ᠠ》 ᠭᠡᠬᠦ ᠳᠦ᠂ ᠠᠷᠠᠳ ᠲᠦᠮᠡᠨ ᠶᠦᠳᠠ ᠶᠢᠨ ᠬᠠᠭᠠᠨ ᠾᠧᠽᠧᠺᠢᠶ᠎ᠠ ᠶᠢᠨ ᠦᠭᠡᠨ ᠳᠦ ᠢᠲᠡᠭᠡᠵᠡᠢ᠃
9 ᠡᠭᠦᠨ ᠦ ᠳᠠᠷᠠᠭ᠎ᠠ᠂ ᠠᠰᠢᠷᠢᠶ᠎ᠠ ᠶᠢᠨ ᠬᠠᠭᠠᠨ ᠰᠧᠨᠠᠾᠧᠷᠢᠪ ᠯᠠᠺᠢᠱ ᠬᠣᠲᠠ ᠶᠢ ᠪᠦᠬᠦ ᠴᠡᠷᠢᠭ ᠤᠨ ᠬᠦᠴᠦ ᠪᠡᠷ ᠢᠶᠠᠨ ᠪᠦᠰᠡᠯᠡᠵᠦ ᠪᠠᠢᠬᠤ ᠦᠶ᠎ᠡ ᠳᠡᠭᠡᠨ ᠶᠧᠷᠦ᠋ᠰᠠᠯᠧᠮ ᠥᠭᠡᠳᠡ᠂ ᠶᠦᠳᠠ ᠶᠢᠨ ᠬᠠᠭᠠᠨ ᠾᠧᠽᠧᠺᠢᠶ᠎ᠠ ᠪᠣᠯᠣᠨ ᠶᠧᠷᠦ᠋ᠰᠠᠯᠧᠮ ᠳᠤ ᠪᠠᠢᠭᠰᠠᠨ ᠪᠦᠬᠦ ᠶᠦᠳᠠᠴᠤᠳ ᠤᠷᠤᠭᠤ ᠵᠠᠷᠤᠴᠠ ᠨᠠᠷ ᠢᠶᠠᠨ ᠢᠯᠡᠭᠡᠵᠦ᠄ 10 《ᠠᠰᠢᠷᠢᠶ᠎ᠠ ᠶᠢᠨ ᠬᠠᠭᠠᠨ ᠰᠧᠨᠠᠾᠧᠷᠢᠪ ᠡᠢᠨ ᠬᠦ ᠬᠡᠯᠡᠵᠦ ᠪᠠᠢᠨ᠎ᠠ᠄ ᠲᠠ ᠨᠠᠷ ᠶᠠᠭᠤᠨ ᠳᠤ ᠨᠠᠢᠳᠠᠵᠤ᠂ ᠪᠦᠰᠡᠯᠡᠭᠳᠡᠭᠰᠡᠨ ᠶᠧᠷᠦ᠋ᠰᠠᠯᠧᠮ ᠳᠤ ᠪᠠᠢᠭᠠᠳ ᠪᠠᠢᠨ᠎ᠠ ᠪᠤᠢ︖ 11 ᠾᠧᠽᠧᠺᠢᠶ᠎ᠠ 〈ᠪᠢᠳᠡᠨ ᠦ ᠪᠤᠷᠬᠠᠨ ᠶᠣᠬᠣᠸᠠ ᠪᠢᠳᠡᠨ ᠢ ᠠᠰᠢᠷᠢᠶ᠎ᠠ ᠶᠢᠨ ᠬᠠᠭᠠᠨ ᠤ ᠭᠠᠷ ᠠᠴᠠ ᠠᠪᠤᠷᠠᠨ᠎ᠠ〉 ᠭᠡᠵᠦ ᠬᠡᠯᠡᠳᠡᠭ ᠨᠢ ᠲᠠ ᠨᠠᠷ ᠢ ᠲᠥᠭᠡᠷᠢᠭᠦᠯᠦᠨ᠂ ᠥᠯᠥᠰᠭᠡᠵᠦ ᠴᠠᠩ᠋ᠭᠠᠭᠠᠵᠤ ᠠᠯᠠᠬᠤ ᠭᠡᠵᠦ ᠪᠠᠢᠭ᠎ᠠ ᠪᠢᠰᠢ ᠤᠤ︖ 12 ᠾᠧᠽᠧᠺᠢᠶ᠎ᠠ ᠭᠡᠭᠴᠢ ᠡᠨᠡ ᠬᠥᠮᠦᠨ ᠶᠦᠳᠠ᠂ ᠶᠧᠷᠦ᠋ᠰᠠᠯᠧᠮ ᠳᠤ᠄ 〈ᠲᠠ ᠨᠠᠷ ᠨᠢᠭᠡ ᠲᠠᠬᠢᠯ ᠤᠨ ᠰᠢᠷᠡᠭᠡᠨ ᠦ ᠡᠮᠦᠨ᠎ᠡ ᠮᠥᠷᠭᠥᠵᠦ᠂ ᠲᠡᠭᠦᠨ ᠳᠡᠭᠡᠷ᠎ᠡ ᠯᠠ ᠤᠲᠤᠯᠭ᠎ᠠ ᠤᠭᠤᠭᠢᠭᠤᠯᠬᠤ ᠶᠣᠰᠣᠲᠠᠢ〉 ᠬᠡᠮᠡᠨ ᠲᠠᠨ ᠤ ᠪᠤᠷᠬᠠᠳ ᠤᠨ ᠮᠥᠷᠭᠥᠯ ᠦᠨ ᠮᠠᠨᠳᠠᠯ ᠤᠳ ᠢ ᠲᠠᠬᠢᠯ ᠤᠨ ᠰᠢᠷᠡᠭᠡ ᠨᠦᠭᠦᠳ ᠲᠡᠢ ᠴᠢᠨᠢ ᠬᠠᠮᠲᠤ ᠠᠷᠢᠯᠭᠠᠭᠰᠠᠨ ᠪᠢᠰᠢ ᠤᠤ︖ 13 ᠬᠠᠷᠢᠨ ᠪᠢ ᠪᠣᠯᠣᠨ ᠮᠢᠨᠦ ᠡᠴᠢᠭᠡ ᠡᠪᠦᠭᠡᠳ ᠭᠠᠵᠠᠷ ᠳᠡᠯᠡᠬᠡᠢ ᠶᠢᠨ ᠬᠠᠮᠤᠭ ᠦᠨᠳᠦᠰᠦᠲᠡᠨ ᠳᠦ ᠶᠠᠭᠤ ᠬᠢᠭᠰᠡᠨ ᠢ ᠲᠠ ᠨᠠᠷ ᠮᠡᠳᠡᠬᠦ ᠦᠭᠡᠢ ᠭᠡᠵᠢ ᠤᠤ︖ ᠲᠡᠳᠡᠭᠡᠷ ᠭᠠᠵᠠᠷ ᠤᠨ ᠦᠨᠳᠦᠰᠦᠲᠡᠨ ᠨᠦᠭᠦᠳ ᠦᠨ ᠪᠤᠷᠬᠠᠳ ᠭᠠᠵᠠᠷ ᠨᠤᠲᠤᠭ ᠢᠶᠠᠨ ᠮᠢᠨᠦ ᠭᠠᠷ ᠠᠴᠠ ᠠᠪᠤᠷᠠᠨ ᠭᠠᠷᠭᠠᠵᠤ ᠴᠢᠳᠠᠭᠰᠠᠨ ᠭᠡᠵᠢ ᠤᠤ︖ 14 ᠡᠴᠢᠭᠡ ᠡᠪᠦᠭᠡᠳ ᠦᠨ ᠮᠢᠨᠢ ᠪᠦᠷᠢᠮᠦᠰᠦᠨ ᠤᠰᠠᠳᠬᠠᠭᠰᠠᠨ ᠲᠡᠳᠡᠭᠡᠷ ᠭᠦᠷᠦᠨ ᠨᠦᠭᠦᠳ ᠦᠨ ᠠᠯᠢ ᠪᠤᠷᠬᠠᠨ ᠨᠢ ᠮᠢᠨᠦ ᠭᠠᠷ ᠠᠴᠠ ᠠᠷᠠᠳ ᠲᠦᠮᠡᠨ ᠢᠶᠡᠨ ᠠᠪᠤᠷᠠᠵᠤ ᠴᠢᠳᠠᠴᠢᠬᠠᠭᠠᠳ ᠲᠠ ᠨᠠᠷ ᠤᠨ ᠪᠤᠷᠬᠠᠨ ᠲᠠ ᠨᠠᠷ ᠢ ᠮᠢᠨᠦ ᠭᠠᠷ ᠠᠴᠠ ᠠᠪᠤᠷᠠᠵᠤ ᠴᠢᠳᠠᠨ᠎ᠠ ᠭᠡᠵᠦ ᠪᠠᠢᠨ᠎ᠠ ᠪᠤᠢ︖ 15 ᠣᠳᠣ ᠲᠠ ᠨᠠᠷ ᠾᠧᠽᠧᠺᠢᠶ᠎ᠠ ᠳᠤ ᠢᠩᠭᠢᠵᠦ ᠮᠡᠬᠡᠯᠡᠭᠳᠡᠵᠦ ᠲᠥᠭᠡᠷᠢᠭᠳᠡᠬᠦ ᠬᠡᠷᠡᠭ ᠦᠭᠡᠢ᠃ ᠲᠡᠭᠦᠨ ᠳᠦ ᠪᠦᠦ ᠢᠲᠡᠭᠡ᠂ ᠠᠯᠢ ᠦᠨᠳᠦᠰᠦᠲᠡᠨ᠂ ᠠᠯᠢ ᠬᠠᠭᠠᠨᠴᠢᠯᠠᠯ ᠤᠨ ᠪᠤᠷᠬᠠᠳ ᠴᠤ ᠠᠷᠠᠳ ᠲᠦᠮᠡᠨ ᠢᠶᠡᠨ ᠮᠢᠨᠦ ᠭᠠᠷ ᠠᠴᠠ ᠪᠤᠶᠤ ᠮᠢᠨᠦ ᠡᠴᠢᠭᠡ ᠡᠪᠦᠭᠡᠳ ᠦᠨ ᠭᠠᠷ ᠠᠴᠠ ᠠᠪᠤᠷᠠᠵᠤ ᠪᠠᠢᠭ᠎ᠠ ᠦᠭᠡᠢ᠃ ᠲᠡᠢᠮᠦ ᠪᠠᠢᠬᠤ ᠳᠤ᠂ ᠲᠠ ᠨᠠᠷ ᠤᠨ ᠪᠤᠷᠬᠠᠨ ᠯᠠ ᠲᠠ ᠨᠠᠷ ᠢ ᠮᠢᠨᠦ ᠭᠠᠷ ᠠᠴᠠ ᠠᠪᠤᠷᠠᠴᠢᠬᠠᠨᠠ ᠭᠡᠵᠢ ᠤᠤ︖〉》 ᠭᠡᠵᠦ ᠬᠡᠯᠡᠭᠦᠯᠵᠡᠢ᠃
16 ᠰᠧᠨᠠᠾᠧᠷᠢᠪ ᠤᠨ ᠵᠠᠷᠤᠴᠠ ᠨᠠᠷ ᠴᠤ ᠶᠣᠬᠣᠸᠠ ᠪᠤᠷᠬᠠᠨ ᠢ᠂ ᠮᠥᠨ ᠲᠡᠭᠦᠨ ᠦ ᠵᠠᠷᠤᠴᠠ ᠾᠧᠽᠧᠺᠢᠶ᠎ᠠ ᠶᠢ ᠪᠦᠷ ᠢᠯᠡᠭᠦᠦ ᠮᠠᠭᠤᠰᠢᠶᠠᠪᠠ᠃ 17 ᠰᠧᠨᠠᠾᠧᠷᠢᠪ ᠮᠥᠨ ᠢᠰᠷᠧᠯ ᠤᠨ ᠪᠤᠷᠬᠠᠨ ᠶᠣᠬᠣᠸᠠ ᠶᠢ ᠳᠣᠷᠣᠮᠵᠢᠯᠠᠨ ᠮᠠᠭᠤᠯᠠᠬᠤ ᠪᠠᠷ ᠵᠠᠬᠢᠳᠠᠯ ᠪᠢᠴᠢᠵᠦ᠄ 《ᠭᠠᠵᠠᠷ ᠳᠡᠭᠡᠷᠡᠬᠢ ᠦᠨᠳᠦᠰᠦᠲᠡᠨ ᠨᠦᠭᠦᠳ ᠦᠨ ᠪᠤᠷᠬᠠᠳ ᠠᠷᠠᠳ ᠲᠦᠮᠡᠨ ᠢᠶᠡᠨ ᠮᠢᠨᠦ ᠭᠠᠷ ᠠᠴᠠ ᠠᠪᠤᠷᠠᠵᠤ ᠴᠢᠳᠠᠭ᠎ᠠ ᠦᠭᠡᠢ ᠶᠢᠨ ᠠᠳᠠᠯᠢ ᠾᠧᠽᠧᠺᠢᠶ᠎ᠠ ᠶᠢᠨ ᠪᠤᠷᠬᠠᠨ ᠴᠤ ᠠᠷᠠᠳ ᠲᠦᠮᠡᠨ ᠢᠶᠡᠨ ᠮᠢᠨᠦ ᠭᠠᠷ ᠠᠴᠠ ᠠᠪᠤᠷᠠᠵᠤ ᠴᠢᠳᠠᠬᠤ ᠦᠭᠡᠢ》 ᠭᠡᠵᠦ ᠪᠠᠢᠯ᠎ᠠ᠃ 18 ᠰᠧᠨᠠᠾᠧᠷᠢᠪ ᠤᠨ ᠵᠠᠷᠤᠴᠠ ᠨᠠᠷ ᠬᠡᠷᠡᠮ ᠳᠡᠭᠡᠷ᠎ᠡ ᠪᠠᠢᠭ᠎ᠠ ᠶᠧᠷᠦ᠋ᠰᠠᠯᠧᠮ ᠤᠨ ᠬᠢᠨ ᠤᠷᠤᠭᠤ ᠢᠪᠷᠠᠢ ᠬᠡᠯᠡ ᠪᠡᠷ ᠴᠢᠩᠭ᠍᠎ᠠ ᠳᠠᠭᠤ ᠪᠠᠷ ᠬᠠᠰᠬᠢᠷᠴᠤ ᠪᠠᠢᠪᠠ᠃ ᠢᠩᠭᠢᠭᠰᠡᠨ ᠢᠶᠡᠷ ᠲᠡᠳᠡᠨ ᠢ ᠠᠶᠤᠯᠭᠠᠨ ᠰᠦᠷᠳᠡᠭᠦᠯᠵᠦ᠂ ᠬᠣᠲᠠ ᠶᠢ ᠨᠢ ᠡᠵᠡᠯᠡᠬᠦ ᠭᠡᠵᠦ ᠪᠠᠢᠪᠠ᠃ 19 ᠲᠡᠳᠡ ᠶᠧᠷᠦ᠋ᠰᠠᠯᠧᠮ ᠤᠨ ᠪᠤᠷᠬᠠᠨ ᠤ ᠲᠤᠬᠠᠢ ᠶᠠᠷᠢᠬᠤ ᠳᠠᠭᠠᠨ ᠭᠠᠵᠠᠷ ᠤᠨ ᠦᠨᠳᠦᠰᠦᠲᠡᠨ ᠨᠦᠭᠦᠳ ᠦᠨ ᠬᠥᠮᠦᠨ ᠦ ᠭᠠᠷ ᠢᠶᠠᠷ ᠬᠢᠭᠰᠡᠨ ᠪᠤᠷᠬᠠᠳ ᠤᠨ ᠲᠤᠬᠠᠢ ᠶᠠᠷᠢᠵᠤ ᠪᠠᠢᠭ᠎ᠠ ᠰᠢᠭ᠋ ᠶᠠᠷᠢᠵᠠᠭᠠᠭᠰᠠᠨ ᠪᠠᠢᠨ᠎ᠠ᠃
20 ᠾᠧᠽᠧᠺᠢᠶ᠎ᠠ ᠬᠠᠭᠠᠨ ᠠᠮᠣᠽ ᠤᠨ ᠬᠦᠦ ᠡᠰᠢ ᠦᠵᠡᠭᠦᠯᠦᠭᠴᠢ ᠢᠰᠠᠢᠶ᠎ᠠ ᠲᠠᠢ ᠬᠠᠮᠲᠤ ᠡᠭᠦᠨ ᠦ ᠲᠤᠬᠠᠢ ᠳᠠᠭᠠᠳᠬᠠᠨ ᠲᠩᠷᠢ ᠥᠭᠡᠳᠡ ᠬᠠᠰᠬᠢᠷᠬᠤ ᠳᠤ᠂ 21 ᠶᠣᠬᠣᠸᠠ ᠠᠰᠢᠷᠢᠶ᠎ᠠ ᠶᠢᠨ ᠬᠠᠭᠠᠨ ᠤ ᠬᠤᠸᠠᠷᠠᠨ ᠤᠷᠤᠭᠤ ᠲᠩᠷᠢ ᠡᠯᠴᠢ ᠪᠠᠨ ᠢᠯᠡᠭᠡᠨ᠂ ᠪᠦᠬᠦ ᠬᠦᠴᠦᠲᠦ ᠳᠠᠢᠴᠢᠨ᠂ ᠵᠠᠩᠵᠤᠨ ᠨᠠᠷ᠂ ᠲᠦᠰᠢᠮᠡᠳ ᠢ ᠨᠢ ᠤᠰᠠᠳᠬᠠᠭᠰᠠᠨ ᠳᠤ᠂ ᠬᠠᠭᠠᠨ ᠢᠴᠢᠭᠦᠷᠢᠲᠡᠢ ᠪᠠᠷ ᠨᠤᠲᠤᠭ ᠤᠷᠤᠭᠤ ᠪᠠᠨ ᠪᠤᠴᠠᠪᠠ᠃ ᠲᠡᠷᠡ ᠪᠤᠷᠬᠠᠨ ᠤ ᠪᠠᠨ ᠳᠤᠭᠠᠩ ᠳᠤ ᠣᠷᠣᠭᠠᠳ ᠪᠠᠢᠬᠤ ᠳᠤ᠂ ᠬᠥᠪᠡᠭᠦᠳ ᠨᠢ ᠲᠡᠭᠦᠨ ᠢ ᠢᠯᠳᠦ ᠪᠡᠷ ᠠᠯᠠᠵᠠᠢ᠃ 22 ᠲᠡᠢᠨ ᠬᠦ ᠶᠣᠬᠣᠸᠠ ᠾᠧᠽᠧᠺᠢᠶ᠎ᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠢ ᠠᠰᠢᠷᠢᠶ᠎ᠠ ᠶᠢᠨ ᠬᠠᠭᠠᠨ ᠰᠧᠨᠠᠾᠧᠷᠢᠪ ᠤᠨ ᠭᠠᠷ ᠠᠴᠠ᠂ ᠮᠥᠨ ᠠᠯᠢᠪᠠ ᠳᠠᠢᠰᠤᠨ ᠤ ᠬᠢᠨᠢ ᠭᠠᠷ ᠠᠴᠠ ᠠᠪᠤᠷᠠᠵᠤ᠂ ᠲᠠᠯ᠎ᠠ ᠪᠦᠷᠢ ᠳᠦᠨᠢ ᠠᠮᠤᠷ ᠠᠮᠤᠭᠤᠯᠠᠩ ᠢ ᠰᠣᠶᠣᠷᠬᠠᠭᠰᠠᠨ ᠶᠤᠮ᠃ 23 ᠦᠢ ᠣᠯᠠᠨ ᠬᠥᠮᠦᠨ ᠶᠧᠷᠦ᠋ᠰᠠᠯᠧᠮ ᠳᠤ ᠢᠷᠡᠵᠦ᠂ ᠶᠣᠬᠣᠸᠠ ᠳᠤ ᠡᠷᠭᠦᠯ᠂ ᠮᠥᠨ ᠶᠦᠳᠠ ᠶᠢᠨ ᠬᠠᠭᠠᠨ ᠾᠧᠽᠧᠺᠢᠶ᠎ᠠ ᠳᠤ ᠦᠨᠡᠲᠦ ᠵᠦᠢᠯᠡᠰ ᠪᠠᠷᠢᠵᠠᠢ᠃ ᠡᠭᠦᠨ ᠡᠴᠡ ᠬᠣᠢᠰᠢ ᠲᠡᠷᠡ ᠪᠦᠬᠦ ᠬᠠᠷᠢᠴᠤᠳ ᠤᠨ ᠡᠮᠦᠨ᠎ᠡ ᠡᠷᠭᠦᠮᠵᠢᠯᠡᠭᠳᠡᠪᠡ᠃
ᠾᠧᠽᠧᠺᠢᠶ᠎ᠠ ᠶᠢᠨ ᠪᠠᠷᠳᠠᠮᠨᠠᠯ᠂ ᠪᠠᠶᠠᠯᠢᠭ᠂ ᠲᠡᠭᠦᠰᠬᠡᠯ
24 ᠲᠡᠷᠡ ᠡᠳᠦᠷ ᠤᠳ ᠲᠤ ᠾᠧᠽᠧᠺᠢᠶ᠎ᠠ ᠡᠪᠡᠳᠴᠢᠯᠡᠵᠦ ᠦᠬᠦᠬᠦ ᠣᠢᠷᠠᠲᠤᠯ᠎ᠠ᠃ ᠲᠡᠷᠡ ᠪᠡᠷ ᠶᠣᠬᠣᠸᠠ ᠳᠤ ᠳᠠᠭᠠᠳᠬᠠᠭᠰᠠᠨ ᠳᠤ᠂ ᠶᠣᠬᠣᠸᠠ ᠲᠡᠭᠦᠨ ᠳᠦ ᠠᠢᠯᠠᠳᠴᠤ ᠲᠡᠮᠳᠡᠭ ᠥᠭᠪᠡ᠃ 25 ᠬᠠᠷᠢᠨ ᠾᠧᠽᠧᠺᠢᠶ᠎ᠠ ᠪᠠᠷᠳᠠᠮ ᠵᠠᠩ ᠭᠠᠷᠭᠠᠵᠤ᠂ ᠬᠦᠷᠲᠡᠭᠰᠡᠨ ᠢᠪᠡᠭᠡᠯ ᠦᠨ ᠢᠶᠠᠨ ᠶᠣᠰᠣᠭᠠᠷ ᠶᠣᠬᠣᠸᠠ ᠳᠤ ᠬᠠᠷᠢᠭᠤᠯᠤᠭᠰᠠᠨ ᠦᠭᠡᠢ᠃ ᠡᠢᠮᠦ ᠡᠴᠡ ᠠᠭᠤᠷ ᠬᠢᠯᠢᠩ ᠲᠡᠭᠦᠨ ᠳᠡᠭᠡᠷ᠎ᠡ ᠪᠣᠯᠣᠨ ᠶᠦᠳᠠ᠂ ᠶᠧᠷᠦ᠋ᠰᠠᠯᠧᠮ ᠤᠨ ᠳᠡᠭᠡᠷ᠎ᠡ ᠪᠠᠢᠪᠠ᠃ 26 ᠾᠧᠽᠧᠺᠢᠶ᠎ᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠪᠠᠷᠳᠠᠮᠨᠠᠯ ᠢᠶᠠᠨ ᠭᠡᠮᠰᠢᠭᠰᠡᠨ ᠢᠶᠡᠷ ᠶᠣᠬᠣᠸᠠ ᠶᠢᠨ ᠠᠭᠤᠷ ᠬᠢᠯᠢᠩ ᠾᠧᠽᠧᠺᠢᠶ᠎ᠠ ᠶᠢᠨ ᠡᠳᠦᠷ ᠤᠳ ᠲᠤ ᠲᠡᠳᠡᠨ ᠦ ᠳᠡᠭᠡᠷ᠎ᠡ ᠪᠠᠭᠤᠭᠰᠠᠨ ᠦᠭᠡᠢ᠃
27 ᠾᠧᠽᠧᠺᠢᠶ᠎ᠠ ᠦᠯᠡᠮᠵᠢ ᠶᠡᠬᠡ ᠡᠳ᠋ ᠪᠠᠶᠠᠯᠢᠭ᠂ ᠨᠡᠷ᠎ᠡ ᠬᠦᠨᠳᠦ ᠲᠠᠢ ᠪᠠᠢᠪᠠ᠃ ᠲᠡᠷᠡ ᠮᠥᠩᠭᠥ᠂ ᠠᠯᠲᠠ᠂ ᠦᠨᠡᠲᠦ ᠴᠢᠯᠠᠭᠤ᠂ ᠠᠩᠬᠢᠯᠤᠭᠤᠨ ᠲᠣᠰᠣ᠂ ᠪᠠᠮᠪᠠᠢ ᠪᠣᠯᠣᠨ ᠶᠠᠩᠵᠤ ᠪᠦᠷᠢ ᠶᠢᠨ ᠦᠨᠡᠲᠦ ᠡᠳ᠋ ᠬᠡᠷᠡᠭᠰᠡᠯ ᠦᠨ ᠰᠠᠩ ᠤᠳ᠂ 28 ᠮᠥᠨ ᠦᠷ᠎ᠡ ᠲᠠᠷᠢᠶ᠎ᠠ᠂ ᠳᠠᠷᠠᠰᠤ᠂ ᠲᠣᠰᠣᠨ ᠤ ᠬᠥᠮᠥᠷᠭᠡ ᠨᠦᠭᠦᠳ ᠢ᠂ ᠪᠦᠬᠦ ᠲᠥᠷᠥᠯ ᠦᠨ ᠮᠠᠯ ᠤᠨ ᠬᠠᠰᠢᠶ᠎ᠠ᠂ ᠬᠣᠨᠢᠨ ᠤ ᠬᠣᠷᠣᠭ᠎ᠠ ᠪᠠᠷᠢᠭᠰᠠᠨ ᠪᠠ 29 ᠲᠣᠰᠬᠣᠳ ᠪᠠᠢᠭᠤᠯᠵᠤ᠂ ᠦᠯᠡᠮᠵᠢ ᠣᠯᠠᠨ ᠮᠠᠯ ᠰᠦᠷᠦᠭ ᠢ ᠡᠵᠡᠮᠰᠢᠵᠡᠢ᠃ ᠪᠤᠷᠬᠠᠨ ᠲᠡᠭᠦᠨ ᠳᠦ ᠲᠡᠢᠮᠦ ᠶᠡᠬᠡ ᠡᠳ᠋ ᠪᠠᠶᠠᠯᠢᠭ ᠢ ᠰᠣᠶᠣᠷᠬᠠᠭᠰᠠᠨ ᠪᠠᠢᠯ᠎ᠠ᠃ 30 ᠭᠢᠬᠣᠨ ᠪᠤᠯᠠᠭ ᠤᠨ ᠳᠡᠭᠡᠳᠦ ᠤᠷᠤᠰᠬᠠᠯ ᠢ ᠬᠠᠭᠠᠵᠤ᠂ ᠳᠣᠷᠣᠭᠰᠢ ᠳ᠋ᠠᠸᠢᠳ᠋ ᠤᠨ ᠬᠣᠲᠠ ᠶᠢᠨ ᠪᠠᠷᠠᠭᠤᠨ ᠲᠠᠯ᠎ᠠ ᠤᠷᠤᠭᠤ ᠤᠷᠤᠰᠬᠠᠭᠰᠠᠨ ᠬᠥᠮᠦᠨ ᠨᠢ ᠴᠤ ᠾᠧᠽᠧᠺᠢᠶ᠎ᠠ ᠶᠤᠮ᠃ ᠾᠧᠽᠧᠺᠢᠶ᠎ᠠ ᠬᠢᠭᠰᠡᠨ ᠪᠦᠭᠦᠳᠡ ᠳᠡᠭᠡᠨ ᠠᠮᠵᠢᠯᠲᠠ ᠣᠯᠵᠠᠢ᠃ 31 ᠲᠡᠢᠮᠦ ᠡᠴᠡ ᠪᠠᠪᠢᠯᠣᠨ ᠤ ᠨᠣᠶᠠᠳ ᠣᠷᠣᠨ ᠨᠤᠲᠤᠭ ᠲᠤᠨᠢ ᠪᠣᠯᠣᠭᠰᠠᠨ ᠭᠠᠢᠬᠠᠮᠰᠢᠭᠲᠤ ᠲᠡᠮᠳᠡᠭ ᠦᠨ ᠲᠠᠯ᠎ᠠ ᠪᠠᠷ ᠠᠰᠠᠭᠤᠯᠭᠠᠬᠤ ᠪᠠᠷ ᠲᠡᠭᠦᠨ ᠤᠷᠤᠭᠤ ᠲᠥᠯᠥᠭᠡᠯᠡᠭᠴᠢᠳ ᠢᠶᠠᠨ ᠢᠯᠡᠭᠡᠪᠡ᠃ ᠲᠡᠭᠡᠬᠦ ᠳᠦ ᠪᠤᠷᠬᠠᠨ ᠾᠧᠽᠧᠺᠢᠶ᠎ᠠ ᠶᠢ ᠣᠷᠬᠢᠵᠤ᠂ ᠵᠢᠷᠦᠬᠡᠨ ᠳᠦᠨᠢ ᠪᠠᠢᠭ᠎ᠠ ᠪᠦᠬᠦᠨ ᠢ ᠣᠯᠵᠤ ᠮᠡᠳᠡᠬᠦ ᠪᠡᠷ ᠲᠡᠭᠦᠨ ᠢ ᠰᠣᠷᠢᠭᠰᠠᠨ ᠶᠤᠮ᠃
32 ᠾᠧᠽᠧᠺᠢᠶ᠎ᠠ ᠶᠢᠨ ᠪᠤᠰᠤᠳ ᠶᠠᠪᠤᠳᠠᠯ᠂ ᠦᠨᠡᠨᠴᠢ ᠦᠢᠯᠡᠰ ᠵᠡᠷᠭᠡ ᠨᠢ ᠠᠮᠣᠽ ᠤᠨ ᠬᠦᠦ᠂ ᠡᠰᠢ ᠦᠵᠡᠭᠦᠯᠦᠭᠴᠢ ᠢᠰᠠᠢᠶ᠎ᠠ ᠶᠢᠨ ᠦᠵᠡᠭᠳᠡᠯ ᠦᠨ ᠨᠣᠮ ᠳᠤ᠂ ᠢᠰᠷᠧᠯ ᠪᠠ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠯᠡ᠃ 33 ᠾᠧᠽᠧᠺᠢᠶ᠎ᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ ᠬᠥᠮᠦᠰ ᠲᠡᠭᠦᠨ ᠢ ᠳ᠋ᠠᠸᠢᠳ᠋ ᠤᠨ ᠦᠷ᠎ᠡ ᠤᠳᠤᠮ ᠤᠨ ᠪᠤᠯᠠᠰᠢᠨ ᠤ ᠳᠡᠭᠡᠳᠦ ᠬᠡᠰᠡᠭ ᠲᠦ ᠣᠷᠣᠰᠢᠭᠤᠯᠪᠠ᠃ ᠲᠡᠷᠡ ᠥᠭᠡᠳᠡ ᠪᠣᠯᠬᠤ ᠳᠤ ᠪᠦᠬᠦ ᠶᠦᠳᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠬᠦᠨᠳᠦᠳᠬᠡᠯ ᠢᠶᠡᠨ ᠢᠯᠡᠷᠬᠡᠶᠢᠯᠡᠵᠡᠢ᠃ ᠬᠦᠦ ᠮᠠᠨᠠᠰᠧ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃