1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠶᠠᠷ
 ᠥᠷᠭᠥᠭᠡ ᠪᠠᠷᠢᠬᠤ ᠪᠡᠯᠡᠳᠬᠡᠯ

1 ᠰᠣᠯᠣᠮᠣᠨ ᠶᠣᠬᠣᠸᠠ ᠶᠢᠨ ᠨᠡᠷ᠎ᠡ ᠠᠯᠳᠠᠷ ᠤᠨ ᠲᠥᠯᠥᠭᠡ ᠲᠡᠭᠦᠨ ᠦ ᠥᠷᠭᠥᠭᠡ ᠶᠢ᠂ ᠪᠠᠰᠠ ᠥᠪᠡᠷ ᠦᠨ ᠢᠶᠠᠨ ᠲᠥᠯᠥᠭᠡ ᠬᠠᠭᠠᠨ ᠤ ᠣᠷᠳᠣᠨ ᠪᠠᠷᠢᠬᠤ ᠪᠠᠷ ᠰᠢᠢᠳᠴᠡᠢ᠃ 2 ᠡᠭᠦᠨ ᠦ ᠲᠥᠯᠥᠭᠡ ᠰᠣᠯᠣᠮᠣᠨ ᠠᠴᠢᠶ᠎ᠠ ᠵᠥᠭᠡᠭᠡᠬᠦ ᠳᠣᠯᠣᠭᠠᠨ ᠲᠦᠮᠡᠨ ᠬᠥᠮᠦᠨ᠂ ᠠᠭᠤᠯᠠᠨ ᠠᠴᠠ ᠴᠢᠯᠠᠭᠤ ᠠᠪᠴᠢᠷᠠᠬᠤ ᠨᠠᠢ᠌ᠮᠠᠨ ᠲᠦᠮᠡᠨ ᠬᠥᠮᠦᠨ᠂ ᠲᠡᠳᠡᠨ ᠢ ᠬᠢᠨᠠᠬᠤ ᠭᠤᠷᠪᠠᠨ ᠮᠢᠩ᠋ᠭ᠎ᠠ ᠵᠢᠷᠭᠤᠭᠠᠨ ᠵᠠᠭᠤᠨ ᠬᠥᠮᠦᠨ ᠢ ᠳᠠᠢᠴᠢᠯᠠᠪᠠ᠃

3 ᠲᠡᠭᠡᠭᠡᠳ ᠰᠣᠯᠣᠮᠣᠨ ᠲᠢᠷ ᠤᠨ ᠬᠠᠭᠠᠨ ᠾᠢᠷᠠᠮ ᠳᠤ ᠦᠭᠡ ᠢᠯᠡᠭᠡᠨ᠄ 《ᠲᠠ ᠮᠢᠨᠦ ᠡᠴᠢᠭᠡ ᠳ᠋ᠠᠸᠢᠳ᠋ ᠲᠤ ᠰᠠᠢᠨ ᠬᠠᠨᠳᠤᠵᠤ᠂ ᠰᠠᠭᠤᠬᠤ ᠣᠷᠳᠣᠨ ᠢᠶᠠᠨ ᠪᠠᠷᠢᠬᠤ ᠳᠤᠨᠢ ᠬᠤᠱᠢ ᠮᠣᠳᠣ ᠢᠯᠡᠭᠡᠭᠰᠡᠨ ᠪᠢᠯᠡ᠃ 4 ᠬᠠᠷᠠ᠂ ᠪᠢ ᠶᠣᠬᠣᠸᠠ ᠪᠤᠷᠬᠠᠨ ᠤ ᠪᠠᠨ ᠨᠡᠷ᠎ᠡ ᠶᠢᠨ ᠲᠥᠯᠥᠭᠡ ᠥᠷᠭᠥᠭᠡ ᠪᠠᠷᠢᠵᠤ ᠲᠡᠭᠦᠨ ᠳᠦ ᠵᠣᠷᠢᠭᠤᠯᠬᠤ ᠭᠡᠵᠦ ᠪᠠᠢᠨ᠎ᠠ᠃ ᠢᠩᠭᠢᠭᠡᠳ ᠪᠢ ᠲᠡᠨᠳᠡ ᠲᠡᠭᠦᠨ ᠦ ᠡᠮᠦᠨ᠎ᠡ ᠠᠩᠬᠢᠯᠤᠭᠤᠨ ᠤᠲᠤᠯᠭ᠎ᠠ ᠤᠭᠤᠭᠢᠭᠤᠯᠵᠤ᠂ ᠲᠠᠪᠢᠭ ᠪᠣᠣᠪᠣ ᠲᠠᠯᠪᠢᠨ ᠥᠷᠯᠥᠭᠡ ᠣᠷᠣᠶ᠂ ᠠᠮᠠᠷᠠᠯ ᠤᠨ ᠡᠳᠦᠷ᠂ ᠰᠢᠨ᠎ᠡ ᠰᠠᠷ᠎ᠠ᠂ ᠮᠥᠨ ᠪᠢᠳᠡᠨ ᠦ ᠪᠤᠷᠬᠠᠨ ᠶᠣᠬᠣᠸᠠ ᠶᠢᠨ ᠪᠠᠶᠠᠷ ᠢᠶᠠᠷ ᠰᠢᠲᠠᠭᠠᠯᠭᠠᠲᠤ ᠲᠠᠬᠢᠯ ᠡᠷᠭᠦᠬᠦ ᠪᠠ ᠡᠨᠡ ᠨᠢ ᠢᠰᠷᠧᠯ ᠳᠤ ᠡᠭᠦᠷᠢᠳᠡ ᠪᠠᠢᠬᠤ ᠪᠣᠯᠣᠨ᠎ᠠ᠃ 5 ᠪᠢᠳᠡᠨ ᠦ ᠪᠤᠷᠬᠠᠨ ᠪᠤᠰᠤᠳ ᠪᠤᠷᠬᠠᠳ ᠠᠴᠠ ᠠᠤᠭ᠎ᠠ ᠤᠴᠢᠷ ᠠᠴᠠ ᠮᠢᠨᠦ ᠪᠠᠷᠢᠬᠤ ᠥᠷᠭᠥᠭᠡ ᠠᠤᠭ᠎ᠠ ᠪᠠᠢᠬᠤ ᠤᠴᠢᠷᠲᠠᠢ᠃ 6 ᠭᠡᠪᠡᠴᠦ ᠲᠩᠷᠢ ᠴᠤ᠂ ᠬᠠᠮᠤᠭ ᠤᠨ ᠳᠡᠭᠡᠳᠦ ᠲᠩᠷᠢ ᠴᠤ ᠲᠡᠭᠦᠨ ᠢ ᠪᠠᠭᠲᠠᠭᠠᠵᠤ ᠴᠢᠳᠠᠬᠤ ᠦᠭᠡᠢ ᠪᠠᠢᠲᠠᠯ᠎ᠠ ᠬᠡᠨ ᠲᠡᠭᠦᠨ ᠳᠦ ᠵᠣᠷᠢᠭᠤᠯᠤᠨ ᠥᠷᠭᠥᠭᠡ ᠪᠠᠷᠢᠵᠤ ᠴᠢᠳᠠᠬᠤ ᠪᠢᠯᠡ︖ ᠪᠢ ᠬᠡᠨ ᠪᠣᠯᠴᠢᠬᠠᠭᠠᠳ ᠲᠡᠭᠦᠨ ᠳᠦ ᠵᠣᠷᠢᠭᠤᠯᠤᠨ ᠥᠷᠭᠥᠭᠡ ᠪᠠᠷᠢᠬᠤ ᠪᠣᠯᠪᠠ︖ ᠦᠨᠡᠨ ᠳᠡᠭᠡᠨ ᠪᠢ ᠲᠡᠭᠦᠨ ᠦ ᠡᠮᠦᠨ᠎ᠡ ᠤᠲᠤᠯᠭ᠎ᠠ ᠤᠭᠤᠭᠢᠭᠤᠯᠬᠤ ᠯᠠ ᠬᠤᠪᠢ ᠲᠠᠢ ᠶᠤᠮ᠃ 7 ᠣᠳᠣ ᠲᠠ ᠠᠯᠲᠠ᠂ ᠮᠥᠩᠭᠥ᠂ ᠬᠦᠷᠡᠯ᠂ ᠲᠡᠮᠦᠷ ᠪᠣᠯᠣᠨ ᠤᠯᠠᠭᠠᠨ᠂ ᠨᠢᠯ ᠶᠠᠭᠠᠨ᠂ ᠬᠦᠷᠡᠩ ᠤᠯᠠᠭᠠᠨ᠂ ᠴᠡᠩᠬᠡᠷ ᠤᠲᠠᠰᠤ ᠪᠠᠷ ᠤᠷᠠᠯᠠᠬᠤ ᠠᠪᠢᠶᠠᠰ ᠲᠠᠢ᠂ ᠪᠠᠰᠠ ᠰᠡᠢᠯᠪᠦᠷᠢ ᠳᠤ ᠮᠡᠷᠭᠡᠰᠢᠭᠰᠡᠨ ᠨᠢᠭᠡ ᠬᠥᠮᠦᠨ ᠢ ᠨᠠᠳᠠ ᠤᠷᠤᠭᠤ ᠢᠯᠡᠭᠡᠨ᠎ᠡ ᠤᠤ︖ ᠲᠡᠷᠡ ᠬᠥᠮᠦᠨ ᠮᠢᠨᠦ ᠡᠴᠢᠭᠡ ᠳ᠋ᠠᠸᠢᠳ᠋ ᠤᠨ ᠪᠡᠯᠡᠳᠬᠡᠭᠰᠡᠨ ᠪᠢᠳᠡᠨ ᠦ ᠤᠷᠠᠴᠤᠳ ᠲᠠᠢ ᠬᠠᠮᠲᠤ ᠶᠦᠳᠠ ᠪᠣᠯᠣᠨ ᠶᠧᠷᠦ᠋ᠰᠠᠯᠧᠮ ᠳᠤ ᠠᠵᠢᠯᠯᠠᠬᠤ ᠪᠣᠯᠣᠨ᠎ᠠ᠃ 8 ᠮᠥᠨ ᠯᠧᠪᠠᠨᠣᠨ ᠠᠴᠠ ᠨᠠᠳᠠ ᠤᠷᠤᠭᠤ ᠬᠤᠱᠢ᠂ ᠨᠠᠷᠠᠰᠤ᠂ ᠽᠠᠨᠳᠠᠨ ᠮᠣᠳᠣ ᠢᠯᠡᠭᠡᠨ᠎ᠡ ᠤᠤ︖ ᠲᠠᠨ ᠤ ᠵᠠᠷᠤᠴᠠ ᠨᠠᠷ ᠯᠧᠪᠠᠨᠣᠨ ᠤ ᠮᠣᠳᠣᠳ ᠢ ᠣᠭᠲᠣᠯᠬᠤ ᠳᠤ ᠮᠡᠷᠭᠡᠰᠢᠭᠰᠡᠨ ᠭᠡᠳᠡᠭ ᠢ ᠪᠢ ᠮᠡᠳᠡᠨ᠎ᠡ᠂ ᠮᠢᠨᠦ ᠵᠠᠷᠤᠴᠠ ᠨᠠᠷ ᠴᠤ ᠲᠠᠨ ᠤ ᠵᠠᠷᠤᠴᠠ ᠨᠠᠷ ᠲᠠᠢ ᠬᠠᠮᠲᠤ ᠠᠵᠢᠯᠯᠠᠵᠤ 9 ᠮᠢᠨᠦ ᠲᠥᠯᠥᠭᠡ ᠶᠡᠬᠡ ᠬᠡᠮᠵᠢᠶᠡᠨ ᠦ ᠮᠣᠳᠣ ᠪᠡᠯᠡᠳᠬᠡᠨ᠎ᠡ᠂ ᠮᠢᠨᠦ ᠪᠠᠷᠢᠬᠤ ᠭᠡᠵᠦ ᠪᠤᠢ ᠥᠷᠭᠥᠭᠡ ᠰᠦᠷᠯᠢᠭ ᠰᠠᠢᠬᠠᠨ ᠪᠠᠢᠬᠤ ᠤᠴᠢᠷᠲᠠᠢ᠃ 10 ᠬᠠᠷᠠ᠂ ᠮᠣᠳᠣ ᠪᠡᠯᠡᠳᠬᠡᠬᠦ ᠮᠣᠳᠣᠴᠢᠨ ᠵᠠᠷᠤᠴᠠ ᠨᠠᠷ ᠲᠤ ᠴᠢᠨᠢ ᠪᠢ ᠲᠡᠭᠡᠷᠮᠡᠳᠡᠭᠰᠡᠨ ᠪᠤᠭᠤᠳᠠᠢ ᠬᠣᠶᠠᠷ ᠲᠦᠮᠡᠨ ᠺᠣᠷ 6 ᠂ ᠠᠷᠪᠠᠢ ᠬᠣᠶᠠᠷ ᠲᠦᠮᠡᠨ ᠺᠣᠷ᠂ ᠳᠠᠷᠠᠰᠤ ᠳᠥᠷᠪᠡᠨ ᠵᠠᠭᠤ ᠵᠢᠷᠠᠨ ᠪᠠᠲ 7 ᠂ ᠴᠢᠳᠦᠨ ᠲᠣᠰᠣ ᠳᠥᠷᠪᠡᠨ ᠵᠠᠭᠤ ᠵᠢᠷᠠᠨ ᠪᠠᠲ ᠥᠭᠭᠥᠨ᠎ᠡ》 ᠭᠡᠪᠡ᠃

11 ᠲᠢᠷ ᠤᠨ ᠬᠠᠭᠠᠨ ᠾᠢᠷᠠᠮ ᠰᠣᠯᠣᠮᠣᠨ ᠳᠤ ᠬᠠᠷᠢᠭᠤ ᠵᠠᠬᠢᠳᠠᠯ ᠢᠯᠡᠭᠡᠨ᠄ 《ᠶᠣᠬᠣᠸᠠ ᠠᠷᠠᠳ ᠲᠦᠮᠡᠨ ᠢᠶᠡᠨ ᠬᠠᠢᠷᠠᠯᠠᠳᠠᠭ ᠤᠴᠢᠷ ᠠᠴᠠ ᠲᠠᠨ ᠢ ᠲᠡᠳᠡᠨ ᠦ ᠬᠠᠭᠠᠨ ᠪᠣᠯᠭᠠᠵᠠᠢ》 ᠭᠡᠪᠡ᠃ 12 ᠾᠢᠷᠠᠮ ᠴᠢᠨᠠᠭᠰᠢ ᠨᠢ᠄ 《ᠲᠩᠷᠢ ᠭᠠᠵᠠᠷ ᠢ ᠪᠦᠲᠦᠭᠡᠭᠰᠡᠨ ᠢᠰᠷᠧᠯ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠶᠣᠬᠣᠸᠠ ᠳ᠋ᠠᠸᠢᠳ᠋ ᠬᠠᠭᠠᠨ ᠳᠤ ᠤᠬᠠᠭᠠᠨ ᠲᠠᠢ ᠮᠡᠷᠭᠡᠨ ᠬᠦᠦ ᠶᠢ ᠵᠠᠶᠠᠭᠠᠭᠰᠠᠨ ᠢᠶᠠᠷ ᠲᠡᠷᠡ ᠶᠣᠬᠣᠸᠠ ᠶᠢᠨ ᠲᠥᠯᠥᠭᠡ ᠥᠷᠭᠥᠭᠡ ᠪᠠᠷᠢᠵᠤ᠂ ᠥᠪᠡᠷ ᠦᠨ ᠢᠶᠠᠨ ᠲᠥᠯᠥᠭᠡ ᠣᠷᠳᠣᠨ ᠪᠠᠷᠢᠭᠤᠯᠬᠤ ᠪᠣᠯᠵᠠᠢ᠃

13 ᠣᠳᠣ ᠪᠢ ᠰᠡᠷᠭᠦᠯᠡᠩ᠂ ᠠᠪᠢᠶᠠᠰ ᠲᠠᠢ ᠾᠦᠷᠠᠮ ᠠᠪᠢ ᠭᠡᠳᠡᠭ ᠬᠥᠮᠦᠨ ᠢ ᠢᠯᠡᠭᠡᠶ᠎ᠡ᠃ 14 ᠡᠬᠡ ᠨᠢ ᠳ᠋ᠠᠨ ᠬᠥᠮᠦᠨ᠂ ᠡᠴᠢᠭᠡ ᠨᠢ ᠲᠢᠷ ᠬᠥᠮᠦᠨ ᠶᠤᠮ᠃ ᠲᠡᠷᠡ ᠬᠥᠮᠦᠨ ᠠᠯᠲᠠ᠂ ᠮᠥᠩᠭᠥ᠂ ᠬᠦᠷᠡᠯ᠂ ᠲᠡᠮᠦᠷ᠂ ᠴᠢᠯᠠᠭᠤ᠂ ᠮᠣᠳᠣ ᠪᠣᠯᠣᠨ ᠨᠢᠯ ᠶᠠᠭᠠᠨ᠂ ᠴᠡᠩᠬᠡᠷ᠂ ᠬᠦᠷᠡᠩ ᠤᠯᠠᠭᠠᠨ ᠤᠲᠠᠰᠤ ᠪᠣᠯᠣᠨ ᠮᠠᠭᠠᠯᠢᠩ᠋ᠭᠤ ᠪᠠᠷ ᠤᠷᠠᠯᠠᠬᠤ ᠪᠠ ᠶᠠᠩᠵᠤ ᠪᠦᠷᠢ ᠶᠢᠨ ᠰᠡᠢᠯᠪᠦᠷᠢ ᠶᠢᠨ ᠠᠵᠢᠯ ᠳᠤ ᠮᠡᠷᠭᠡᠰᠢᠭᠰᠡᠨ ᠪᠥᠭᠡᠳ ᠥᠪᠡᠷ ᠲᠤᠨᠢ ᠳᠠᠭᠠᠭᠠᠯᠭᠠᠭᠰᠠᠨ ᠶᠠᠮᠠᠷ ᠴᠤ ᠵᠠᠭᠪᠤᠷ ᠢ ᠬᠢᠵᠦ ᠴᠢᠳᠠᠨ᠎ᠠ᠃ ᠲᠡᠭᠦᠨ ᠢ ᠲᠠ ᠥᠪᠡᠷ ᠦᠨ ᠤᠷᠠᠴᠤᠳ ᠪᠣᠯᠣᠨ ᠮᠢᠨᠦ ᠡᠵᠡᠨ᠂ ᠡᠴᠢᠭᠡ ᠳ᠋ᠠᠸᠢᠳ᠋ ᠤᠨ ᠢᠶᠠᠨ ᠤᠷᠠᠴᠤᠳ ᠲᠠᠢ ᠬᠠᠮᠲᠤ ᠠᠵᠢᠯᠯᠠᠭᠤᠯ᠃ 15 ᠣᠳᠣ ᠮᠢᠨᠦ ᠡᠵᠡᠨ ᠲᠠ ᠠᠮᠠᠯᠠᠭᠰᠠᠨ ᠢᠶᠠᠷ ᠢᠶᠠᠨ ᠪᠤᠭᠤᠳᠠᠢ᠂ ᠠᠷᠪᠠᠢ᠂ ᠲᠣᠰᠣ᠂ ᠳᠠᠷᠠᠰᠤ ᠶᠢ ᠥᠪᠡᠷ ᠦᠨ ᠵᠠᠷᠤᠴᠠ ᠨᠠᠷ ᠲᠠᠭᠠᠨ ᠢᠯᠡᠭᠡᠨ᠎ᠡ ᠤᠤ︖ 16 ᠪᠢᠳᠡ ᠲᠠᠨ ᠳᠤ ᠬᠡᠷᠡᠭ ᠲᠡᠢ ᠪᠦᠬᠦ ᠮᠣᠳᠣ ᠶᠢ ᠯᠧᠪᠠᠨᠣᠨ ᠠᠴᠠ ᠣᠭᠲᠣᠯᠵᠤ᠂ ᠲᠡᠳᠡᠭᠡᠷ ᠢᠶᠡᠷ ᠰᠠᠯ ᠬᠢᠵᠦ ᠲᠠᠩᠭᠢᠰ ᠢᠶᠠᠷ ᠬᠥᠪᠪᠥᠭᠦᠯᠦᠨ ᠶᠣᠫᠠ ᠳᠤ ᠬᠦᠷᠭᠡᠶ᠎ᠡ᠂ ᠲᠡᠭᠡᠪᠡᠯ ᠲᠠ ᠶᠧᠷᠦ᠋ᠰᠠᠯᠧᠮ ᠥᠭᠡᠳᠡ ᠠᠪᠠᠴᠢᠭᠠᠷᠠᠢ》 ᠭᠡᠪᠡ᠃

17 ᠡᠴᠢᠭᠡ ᠳ᠋ᠠᠸᠢᠳ᠋ ᠤᠨ ᠢᠶᠠᠨ ᠬᠢᠭᠰᠡᠨ ᠲᠣᠭᠠᠯᠠᠯᠭ᠎ᠠ ᠶᠢᠨ ᠳᠠᠭᠠᠤ ᠰᠣᠯᠣᠮᠣᠨ ᠢᠰᠷᠧᠯ ᠤᠨ ᠨᠤᠲᠤᠭ ᠲᠤ ᠪᠠᠢᠭ᠎ᠠ ᠬᠠᠷᠢ ᠬᠥᠮᠦᠰ ᠢ ᠪᠦᠭᠦᠳᠡ ᠶᠢ ᠲᠣᠭᠠᠯᠠᠵᠤ ᠦᠵᠡᠬᠦ ᠳᠦ᠂ ᠠᠷᠪᠠᠨ ᠲᠠᠪᠤᠨ ᠲᠦᠮᠡ ᠭᠤᠷᠪᠠᠨ ᠮᠢᠩ᠋ᠭ᠎ᠠ ᠵᠢᠷᠭᠤᠭᠠᠨ ᠵᠠᠭᠤᠨ ᠬᠥᠮᠦᠨ ᠪᠠᠢᠭᠰᠠᠨ ᠲᠤᠯᠠ 18 ᠲᠡᠳᠡᠨ ᠦ ᠳᠣᠯᠣᠭᠠᠨ ᠲᠦᠮᠡ ᠶᠢ ᠨᠢ ᠠᠴᠢᠶ᠎ᠠ ᠵᠥᠭᠡᠭᠡᠭᠴᠢ᠂ ᠨᠠᠢ᠌ᠮᠠᠨ ᠲᠦᠮᠡ ᠶᠢ ᠨᠢ ᠠᠭᠤᠯᠠᠨ ᠳᠤ ᠴᠢᠯᠠᠭᠤ ᠴᠠᠪᠴᠢᠭᠴᠢ᠂ ᠭᠤᠷᠪᠠᠨ ᠮᠢᠩ᠋ᠭ᠎ᠠ ᠵᠢᠷᠭᠤᠭᠠᠨ ᠵᠠᠭᠤ ᠶᠢ ᠨᠢ ᠡᠳᠡᠭᠡᠷ ᠬᠥᠮᠦᠰ ᠦᠨ ᠠᠵᠢᠯ ᠢ ᠬᠢᠨᠠᠭᠴᠢ ᠪᠠᠷ ᠲᠣᠮᠢᠯᠠᠭᠰᠠᠨ ᠪᠠᠢᠨ᠎ᠠ᠃