1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠭᠤᠷᠪᠠ
 ᠥᠷᠭᠥᠭᠡ ᠶᠢ ᠪᠣᠰᠬᠠᠪᠠ

1 ᠰᠣᠯᠣᠮᠣᠨ ᠶᠧᠷᠦ᠋ᠰᠠᠯᠧᠮ ᠤᠨ ᠮᠣᠷᠢᠶ᠎ᠠ ᠠᠭᠤᠯᠠᠨ ᠳᠡᠭᠡᠷ᠎ᠡ ᠶᠣᠬᠣᠸᠠ ᠶᠢᠨ ᠥᠷᠭᠥᠭᠡ ᠶᠢ ᠪᠠᠷᠢᠵᠤ ᠡᠬᠢᠯᠡᠪᠡ᠃ ᠲᠡᠨᠳᠡ ᠶᠣᠬᠣᠸᠠ ᠡᠴᠢᠭᠡ ᠳ᠋ᠠᠸᠢᠳ᠋ ᠲᠤᠨᠢ ᠦᠵᠡᠭᠳᠡᠭᠰᠡᠨ ᠪᠥᠭᠡᠳ ᠳ᠋ᠠᠸᠢᠳ᠋ ᠶᠧᠪᠦ᠋ᠰ ᠬᠥᠮᠦᠨ ᠣᠷᠨᠠᠨ ᠤ ᠦᠲᠦᠷᠮ᠎ᠡ ᠳᠡᠭᠡᠷ᠎ᠡ ᠲᠡᠷᠡ ᠭᠠᠵᠠᠷ ᠢ ᠪᠡᠯᠡᠳᠬᠡᠭᠰᠡᠨ ᠪᠠᠢᠯ᠎ᠠ᠃ 2 ᠰᠣᠯᠣᠮᠣᠨ ᠬᠠᠭᠠᠨ ᠪᠣᠯᠣᠭᠰᠠᠨ ᠳᠥᠷᠪᠡᠳᠡᠬᠢ ᠵᠢᠯ ᠤᠨ ᠢᠶᠠᠨ ᠬᠣᠶᠠᠳᠤᠭᠠᠷ ᠰᠠᠷ᠎ᠠ ᠶᠢᠨ ᠬᠣᠶᠠᠳᠠᠬᠢ ᠡᠳᠦᠷ ᠲᠡᠭᠦᠨ ᠢ ᠪᠠᠷᠢᠵᠤ ᠡᠬᠢᠯᠡᠵᠡᠢ᠃ 3 ᠪᠤᠷᠬᠠᠨ ᠤ ᠥᠷᠭᠥᠭᠡ ᠶᠢ ᠪᠠᠷᠢᠬᠤ ᠪᠠᠷ ᠰᠣᠯᠣᠮᠣᠨ ᠤ ᠲᠠᠯᠪᠢᠭᠰᠠᠨ ᠰᠠᠭᠤᠷᠢ ᠨᠢ ᠬᠠᠭᠤᠴᠢᠨ ᠪᠠᠷᠢᠮᠵᠢᠶ᠎ᠠ ᠪᠠᠷ ᠵᠢᠷᠠᠨ ᠲᠣᠬᠣᠢ ᠤᠷᠲᠤ᠂ ᠬᠣᠷᠢᠨ ᠲᠣᠬᠣᠢ ᠥᠷᠭᠡᠨ ᠪᠠᠢᠯ᠎ᠠ᠃ 4 ᠥᠷᠭᠥᠭᠡᠨ ᠦ ᠡᠮᠦᠨᠡᠬᠢ ᠬᠣᠩᠭᠢᠯ ᠤᠨ ᠤᠷᠲᠤ ᠨᠢ ᠥᠷᠭᠥᠭᠡᠨ ᠦ ᠥᠷᠭᠡᠨ ᠲᠡᠢ ᠡᠩ ᠰᠠᠴᠠᠭᠤ ᠬᠣᠷᠢᠨ ᠲᠣᠬᠣᠢ ᠪᠠᠢᠵᠤ᠂ ᠥᠨᠳᠥᠷ ᠨᠢ ᠵᠠᠭᠤ ᠬᠣᠷᠢᠨ ᠲᠣᠬᠣᠢ ᠪᠠᠢᠪᠠ᠃ ᠳᠣᠲᠣᠷ᠎ᠠ ᠲᠠᠯ᠎ᠠ ᠶᠢ ᠨᠢ ᠰᠢᠵᠢᠷ ᠠᠯᠲᠠ ᠪᠠᠷ ᠪᠦᠷᠢᠵᠡᠢ᠃ 5 ᠭᠣᠣᠯ ᠲᠠᠩᠬᠢᠮ ᠢ ᠨᠢ ᠨᠠᠷᠠᠰᠤᠨ ᠮᠣᠳᠣ ᠪᠠᠷ ᠳᠣᠲᠣᠷᠯᠠᠨ᠂ ᠴᠡᠪᠡᠷ ᠠᠯᠲᠠ ᠪᠠᠷ ᠪᠦᠷᠢᠵᠦ᠂ ᠳᠡᠭᠡᠷ᠎ᠡ ᠨᠢ ᠳᠠᠯᠳᠠᠤ ᠮᠣᠳᠣ ᠪᠣᠯᠣᠨ ᠭᠢᠨᠵᠢ ᠨᠦᠭᠦᠳ ᠰᠡᠢᠯᠪᠡ᠃ 6 ᠥᠷᠭᠥᠭᠡ ᠶᠢ ᠡᠷᠳᠡᠨᠢ ᠶᠢᠨ ᠴᠢᠯᠠᠭᠤ ᠪᠠᠷ ᠴᠢᠮᠡᠭᠯᠡᠪᠡ᠃ ᠬᠡᠷᠡᠭᠯᠡᠭᠰᠡᠨ ᠠᠯᠲᠠ ᠨᠢ ᠫᠠᠷᠸᠠᠢᠮ ᠤᠨ ᠠᠯᠲᠠ ᠪᠥᠭᠡᠳ 7 ᠲᠡᠷᠡ ᠪᠦᠬᠦ ᠥᠷᠭᠥᠭᠡ ᠶᠢ᠂ ᠲᠤᠬᠠᠢᠯᠠᠪᠠᠯ ᠨᠢᠷᠤᠭᠤ᠂ ᠪᠣᠱᠣᠭ᠎ᠠ᠂ ᠬᠠᠨ᠎ᠠ᠂ ᠬᠠᠭᠠᠯᠭ᠎ᠠ ᠵᠡᠷᠭᠡ ᠶᠢ ᠠᠯᠲᠠ ᠪᠠᠷ ᠪᠦᠷᠢᠪᠡ᠃ ᠬᠠᠨ᠎ᠠ ᠨᠤᠭᠤᠳ ᠳᠡᠭᠡᠷ᠎ᠡ ᠨᠢ ᠺᠧᠷᠣᠪ ᠤᠳ ᠢ ᠰᠡᠢᠯᠪᠡ᠃

8 ᠲᠡᠷᠡ ᠪᠡᠷ ᠪᠠᠰᠠ ᠠᠷᠢᠭᠤᠨ ᠠᠴᠠ ᠠᠷᠢᠭᠤᠨ ᠭᠠᠵᠠᠷ ᠢ ᠪᠠᠷᠢᠪᠠ᠃ ᠤᠷᠲᠤ ᠨᠢ ᠥᠷᠭᠥᠭᠡᠨ ᠦ ᠥᠷᠭᠡᠨ ᠦ ᠡᠩ ᠢᠶᠡᠷ ᠬᠣᠷᠢᠨ ᠲᠣᠬᠣᠢ᠂ ᠥᠷᠭᠡᠨ ᠨᠢ ᠮᠥᠨ ᠬᠣᠷᠢᠨ ᠲᠣᠬᠣᠢ ᠪᠠᠢᠪᠠ᠃ ᠳᠣᠲᠣᠷ᠎ᠠ ᠲᠠᠯ᠎ᠠ ᠶᠢ ᠨᠢ ᠵᠢᠷᠭᠤᠭᠠᠨ ᠵᠠᠭᠤᠨ ᠲᠠᠯᠠᠨᠲ 8 ᠴᠡᠪᠡᠷ ᠠᠯᠲᠠ ᠪᠠᠷ ᠪᠦᠷᠢᠵᠡᠢ᠃ 9 ᠠᠯᠲᠠᠨ ᠬᠠᠳᠠᠭᠠᠰᠤ ᠨᠤᠭᠤᠳ ᠤᠨ ᠵᠢᠩ ᠨᠢ ᠲᠠᠪᠢᠨ ᠱᠧᠺᠧᠯ 9 ᠪᠣᠯᠪᠠ᠃ ᠲᠡᠷᠡ ᠳᠡᠭᠡᠳᠦ ᠥᠷᠥᠭᠡ ᠨᠦᠭᠦᠳ ᠢ ᠪᠠᠰᠠ ᠠᠯᠲᠠ ᠪᠠᠷ ᠪᠦᠷᠢᠪᠡ᠃

10 ᠠᠷᠢᠭᠤᠨ ᠠᠴᠠ ᠠᠷᠢᠭᠤᠨ ᠭᠠᠵᠠᠷ ᠲᠤ ᠬᠣᠣᠰ ᠺᠧᠷᠣᠪ ᠤᠨ ᠪᠠᠷᠢᠮᠠᠯ ᠪᠦᠲᠦᠭᠡᠵᠦ᠂ ᠲᠡᠭᠦᠨ ᠢ ᠠᠯᠲᠠ ᠪᠠᠷ ᠪᠦᠷᠢᠪᠡ᠃ 11 ᠺᠧᠷᠣᠪ ᠤᠳ ᠤᠨ ᠳᠡᠯᠭᠡᠭᠳᠡᠭᠰᠡᠨ ᠳᠠᠯᠠᠪᠴᠢ ᠨᠢ ᠬᠣᠷᠢᠨ ᠲᠣᠬᠣᠢ ᠤᠷᠲᠤ ᠪᠠᠢᠪᠠ᠃ ᠺᠧᠷᠣᠪ ᠤᠨ ᠨᠢᠭᠡ ᠳᠠᠯᠠᠪᠴᠢ ᠨᠢ ᠲᠠᠪᠤᠨ ᠲᠣᠬᠣᠢ ᠤᠷᠲᠤ ᠪᠥᠭᠡᠳ ᠥᠷᠭᠥᠭᠡᠨ ᠦ ᠨᠠᠭᠠᠳᠤ ᠬᠠᠨᠠᠨ ᠳᠤ ᠬᠦᠷᠴᠦ᠂ ᠨᠥᠭᠥᠭᠡ ᠳᠠᠯᠠᠪᠴᠢ ᠨᠢ ᠪᠠᠰᠠ ᠲᠠᠪᠤᠨ ᠲᠣᠬᠣᠢ ᠤᠷᠲᠤ ᠪᠥᠭᠡᠳ ᠨᠥᠭᠥᠭᠡ ᠺᠧᠷᠣᠪ ᠤᠨ ᠳᠠᠯᠠᠪᠴᠢᠨ ᠳᠤ ᠬᠦᠷᠴᠦ ᠪᠠᠢᠪᠠ᠃ 12 ᠨᠥᠭᠥᠭᠡ ᠺᠧᠷᠣᠪ ᠤᠨ ᠨᠢᠭᠡ ᠳᠠᠯᠠᠪᠴᠢ ᠴᠤ ᠲᠠᠪᠤᠨ ᠲᠣᠬᠣᠢ ᠤᠷᠲᠤ ᠪᠥᠭᠡᠳ ᠥᠷᠭᠥᠭᠡᠨ ᠦ ᠴᠠᠭᠠᠲᠤ ᠲᠠᠯ᠎ᠠ ᠶᠢᠨ ᠬᠠᠨᠠᠨ ᠳᠤ ᠬᠦᠷᠴᠦ᠂ ᠨᠥᠭᠥᠭᠡ ᠳᠠᠯᠠᠪᠴᠢ ᠨᠢ ᠪᠠᠰᠠ ᠲᠠᠪᠤᠨ ᠲᠣᠬᠣᠢ ᠤᠷᠲᠤ ᠪᠥᠭᠡᠳ ᠡᠬᠢᠨ ᠤ ᠺᠧᠷᠣᠪ ᠤᠨ ᠳᠠᠯᠠᠪᠴᠢᠨ ᠳᠤ ᠬᠦᠷᠴᠦ ᠪᠠᠢᠪᠠ᠃ 13 ᠡᠳᠡᠭᠡᠷ ᠺᠧᠷᠣᠪ ᠤᠳ ᠤᠨ ᠳᠡᠯᠭᠡᠭᠳᠡᠭᠰᠡᠨ ᠳᠠᠯᠠᠪᠴᠢ ᠨᠢ ᠨᠡᠢᠲᠡ ᠬᠣᠷᠢᠨ ᠲᠣᠬᠣᠢ ᠤᠷᠲᠤ ᠪᠥᠭᠡᠳ ᠲᠡᠳᠡ ᠭᠣᠣᠯ ᠲᠠᠩᠬᠢᠮ ᠤᠷᠤᠭᠤ ᠬᠠᠷᠠᠨ ᠵᠣᠭᠰᠣᠵᠠᠭᠠᠵᠤ ᠪᠠᠢᠪᠠ᠃ 14 ᠴᠡᠩᠬᠡᠷ᠂ ᠨᠢᠯ ᠶᠠᠭᠠᠨ᠂ ᠬᠦᠷᠡᠩ ᠤᠯᠠᠭᠠᠨ ᠪᠥᠰ᠂ ᠨᠠᠷᠢᠨ ᠮᠠᠭᠠᠯᠢᠩ᠋ᠭᠤ ᠪᠠᠷ ᠬᠥᠰᠢᠭᠡ ᠬᠢᠵᠦ᠂ ᠳᠡᠭᠡᠷ᠎ᠡ ᠨᠢ ᠺᠧᠷᠣᠪ ᠤᠳ ᠢ ᠤᠷᠠᠯᠠᠪᠠ᠃

15 ᠲᠡᠷᠡ ᠪᠠᠰᠠ ᠥᠷᠭᠥᠭᠡᠨ ᠦ ᠤᠷᠳᠤ ᠲᠠᠯ᠎ᠠ ᠳᠤ ᠭᠤᠴᠢᠨ ᠲᠠᠪᠤᠨ ᠲᠣᠬᠣᠢ ᠥᠨᠳᠥᠷ ᠬᠣᠣᠰ ᠪᠠᠭᠠᠨ᠎ᠠ ᠪᠦᠲᠦᠭᠡᠪᠡ᠃ ᠪᠠᠭᠠᠨ᠎ᠠ ᠪᠦᠷᠢ ᠶᠢᠨ ᠣᠷᠣᠢ ᠳᠡᠭᠡᠷ᠎ᠡ ᠲᠠᠪᠤᠨ ᠲᠣᠬᠣᠢ ᠥᠨᠳᠥᠷ ᠪᠠᠭᠠᠨ᠎ᠠ ᠶᠢᠨ ᠲᠣᠯᠣᠭᠠᠢ ᠪᠠᠢᠪᠠ᠃ 16 ᠲᠡᠷᠡ ᠪᠡᠷ ᠭᠢᠨᠵᠢ ᠨᠦᠭᠦᠳ ᠬᠢᠵᠦ ᠪᠠᠭᠠᠨ᠎ᠠ ᠶᠢᠨ ᠣᠷᠣᠢ ᠳᠡᠭᠡᠷ᠎ᠡ ᠪᠠᠢᠷᠢᠯᠠᠭᠤᠯᠤᠭᠠᠳ᠂ ᠵᠠᠭᠤᠨ ᠠᠨᠠᠷ ᠤᠷᠠᠯᠠᠨ ᠭᠢᠨᠵᠢ ᠨᠦᠭᠦᠳ ᠳᠡᠭᠡᠷ᠎ᠡ ᠲᠣᠭᠲᠠᠭᠠᠪᠠ᠃ 17 ᠲᠡᠷᠡ ᠪᠡᠷ ᠥᠷᠭᠥᠭᠡᠨ ᠦ ᠡᠮᠦᠨ᠎ᠡ ᠬᠣᠣᠰ ᠪᠠᠭᠠᠨ᠎ᠠ ᠶᠢ᠂ ᠨᠢᠭᠡ ᠶᠢ ᠨᠢ ᠪᠠᠷᠠᠭᠤᠨ ᠲᠠᠯ᠎ᠠ ᠳᠤ᠂ ᠨᠥᠭᠥᠭᠡ ᠶᠢ ᠨᠢ ᠵᠡᠭᠦᠨ ᠲᠠᠯ᠎ᠠ ᠳᠤ ᠪᠣᠰᠬᠠᠭᠠᠳ᠂ ᠪᠠᠷᠠᠭᠤᠨ ᠲᠠᠯ᠎ᠠ ᠶᠢᠨ ᠬᠢ ᠶᠢ ᠨᠢ ᠶᠠᠺᠢᠨ 10 ᠂ ᠵᠡᠭᠦᠨ ᠲᠠᠯ᠎ᠠ ᠶᠢᠨ ᠬᠢ ᠶᠢ ᠨᠢ ᠪᠣᠶᠠᠽ 11 ᠭᠡᠵᠦ ᠨᠡᠷᠡᠯᠡᠵᠡᠢ᠃