1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠠᠷᠪᠠᠨ ᠲᠠᠪᠤ
 ᠠᠰᠠ ᠶᠢᠨ ᠰᠢᠨᠡᠴᠢᠯᠡᠯᠲᠡ

1 ᠪᠤᠷᠬᠠᠨ ᠤ ᠰᠦᠨᠡᠰᠦ ᠣᠳᠧᠳ᠋ ᠤᠨ ᠬᠦᠦ ᠠᠽᠠᠷᠢᠶ᠎ᠠ ᠳᠡᠭᠡᠷ᠎ᠡ ᠪᠠᠭᠤᠭᠰᠠᠨ ᠳᠤ᠂ 2 ᠲᠡᠷᠡ ᠪᠡᠷ ᠠᠰᠠ ᠶᠢᠨ ᠡᠮᠦᠨ᠎ᠡ ᠭᠠᠷᠴᠤ ᠢᠷᠡᠭᠡᠳ᠄ 《ᠮᠢᠨᠦᠬᠢ ᠶᠢ ᠰᠣᠨᠣᠰᠴᠠᠭ᠎ᠠ᠂ ᠠᠰᠠ ᠪᠣᠯᠣᠨ ᠪᠦᠬᠦ ᠶᠦᠳᠠ᠂ ᠪᠢᠨᠶᠠᠮᠢᠨ ᠡ᠂ ᠲᠠ ᠨᠠᠷ ᠶᠣᠬᠣᠸᠠ ᠲᠠᠢ ᠬᠠᠮᠲᠤ ᠪᠠᠢᠪᠠᠯ ᠲᠡᠷᠡ ᠲᠠ ᠨᠠᠷ ᠲᠠᠢ ᠬᠠᠮᠲᠤ ᠪᠠᠢᠨ᠎ᠠ᠃ ᠲᠡᠭᠦᠨ ᠢ ᠬᠠᠢᠪᠠᠯ ᠲᠡᠷᠡ ᠲᠠ ᠨᠠᠷ ᠲᠤ ᠣᠯᠳᠠᠨ᠎ᠠ᠂ ᠲᠡᠭᠦᠨ ᠢ ᠣᠷᠬᠢᠪᠠᠯ ᠲᠡᠷᠡ ᠲᠠ ᠨᠠᠷ ᠢ ᠣᠷᠬᠢᠨ᠎ᠠ᠃ 3 ᠤᠳᠠᠭᠠᠨ ᠬᠤᠭᠤᠴᠠᠭ᠎ᠠ ᠪᠠᠷ ᠢᠰᠷᠧᠯ ᠦᠨᠡᠨ ᠪᠤᠷᠬᠠᠨ ᠦᠭᠡᠢ᠂ ᠰᠤᠷᠭᠠᠬᠤ ᠲᠠᠬᠢᠯᠴᠢ ᠦᠭᠡᠢ᠂ ᠬᠠᠤᠯᠢ ᠦᠭᠡᠢ ᠪᠠᠢᠭᠰᠠᠨ ᠪᠢᠯᠡ 20
 ᠶᠦᠳᠠ ᠶᠢᠨ ᠬᠠᠭᠠᠨ ᠠᠪᠢᠶᠠ

4 ᠭᠡᠪᠡᠴᠦ ᠲᠡᠳᠡ ᠵᠣᠪᠠᠯᠠᠩ ᠤᠨ ᠳᠤᠮᠳᠠ ᠪᠠᠨ ᠢᠰᠷᠧᠯ ᠤᠨ ᠪᠤᠷᠬᠠᠨ ᠶᠣᠬᠣᠸᠠ ᠤᠷᠤᠭᠤ ᠡᠷᠭᠢᠵᠦ᠂ ᠲᠡᠭᠦᠨ ᠢ ᠬᠠᠢᠪᠠᠯ ᠲᠡᠷᠡ ᠲᠡᠳᠡᠨ ᠳᠦ ᠣᠯᠳᠠᠵᠤ ᠪᠠᠢᠭᠰᠠᠨ ᠶᠤᠮ᠃ 5 ᠲᠡᠷᠡ ᠦᠶ᠎ᠡ ᠳᠦ ᠦᠢᠮᠡᠭᠡᠨ ᠰᠠᠮᠠᠭᠤᠨ ᠶᠡᠬᠡ ᠭᠠᠷᠳᠠᠭ ᠤᠴᠢᠷ ᠠᠴᠠ ᠭᠠᠵᠠᠷ ᠨᠤᠲᠤᠭ ᠤᠨ ᠰᠠᠭᠤᠭᠠᠯᠢᠴᠢᠳ ᠠᠮᠤᠷ ᠮᠡᠨᠳᠦ ᠭᠠᠷᠴᠤ ᠣᠷᠣᠵᠤ ᠴᠢᠳᠠᠯ ᠦᠭᠡᠢ᠂ 6 ᠨᠢᠭᠡ ᠦᠨᠳᠦᠰᠦᠲᠡᠨ ᠨᠢ ᠨᠥᠭᠥᠭᠡ ᠦᠨᠳᠦᠰᠦᠲᠡᠨ ᠢᠶᠡᠨ᠂ ᠨᠢᠭᠡ ᠬᠣᠲᠠ ᠨᠢ ᠨᠥᠭᠥᠭᠡ ᠬᠣᠲᠠ ᠪᠠᠨ ᠤᠰᠠᠳᠬᠠᠳᠠᠭ ᠪᠠᠢᠭᠰᠠᠨ᠃ ᠤᠴᠢᠷ ᠨᠢ ᠪᠤᠷᠬᠠᠨ ᠥᠪᠡᠷ ᠢᠶᠡᠨ ᠲᠡᠳᠡᠨ ᠳᠦ ᠦᠢᠮᠡᠭᠡᠨ ᠤᠴᠠᠷᠠᠭᠤᠯᠤᠭᠰᠠᠨ ᠶᠤᠮ᠃ 7 ᠬᠠᠷᠢᠨ ᠲᠠ ᠨᠠᠷ ᠲᠤᠤᠱᠲᠠᠢ ᠪᠠᠢ᠂ ᠪᠦᠦ ᠴᠥᠬᠥᠷᠡ᠃ ᠲᠠ ᠨᠠᠷ ᠤᠨ ᠠᠵᠢᠯ ᠱᠠᠩᠨᠠᠯ ᠲᠠᠢ ᠶᠤᠮ》 ᠭᠡᠪᠡ᠃

8 ᠠᠰᠠ ᠡᠰᠢ ᠦᠵᠡᠭᠦᠯᠦᠭᠴᠢ ᠣᠳᠧᠳ᠋ ᠤᠨ ᠬᠦᠦ ᠠᠽᠠᠷᠢᠶ᠎ᠠ ᠶᠢᠨ ᠡᠳᠡᠭᠡᠷ ᠡᠰᠢ ᠦᠵᠡᠭᠦᠯᠦᠯᠭᠡ ᠶᠢᠨ ᠦᠭᠡ ᠶᠢ ᠰᠣᠨᠣᠰᠣᠭᠠᠳ ᠵᠣᠷᠢᠭᠵᠢᠵᠤ᠂ ᠶᠦᠳᠠ᠂ ᠪᠢᠨᠶᠠᠮᠢᠨ ᠤ ᠪᠦᠬᠦ ᠭᠠᠵᠠᠷ ᠪᠣᠯᠣᠨ ᠡᠹᠷᠠᠢᠮ ᠤᠨ ᠠᠭᠤᠯᠠᠷᠬᠠᠭ ᠨᠤᠲᠤᠭ ᠠᠴᠠ ᠡᠵᠡᠯᠡᠨ ᠠᠪᠤᠭᠰᠠᠨ ᠬᠣᠲᠠ ᠨᠤᠭᠤᠳ ᠠᠴᠠ ᠪᠠᠨ ᠵᠢᠭᠰᠢᠭᠦᠷᠢᠲᠦ ᠰᠢᠲᠦᠭᠡᠨ ᠨᠦᠭᠦᠳ ᠢ ᠠᠷᠢᠯᠭᠠᠵᠤ᠂ ᠶᠣᠬᠣᠸᠠ ᠶᠢᠨ ᠥᠷᠭᠥᠭᠡᠨ ᠦ ᠬᠣᠩᠭᠢᠯ ᠤᠨ ᠤᠷᠳᠤ ᠲᠠᠯ᠎ᠠ ᠳᠠᠬᠢ ᠶᠣᠬᠣᠸᠠ ᠶᠢᠨ ᠲᠠᠬᠢᠯ ᠤᠨ ᠰᠢᠷᠡᠭᠡ ᠶᠢ ᠵᠠᠰᠠᠪᠤᠷᠢᠯᠠᠪᠠ᠃ 9 ᠪᠤᠷᠬᠠᠨ ᠶᠣᠬᠣᠸᠠ ᠨᠢ ᠲᠡᠭᠦᠨ ᠲᠡᠢ ᠬᠠᠮᠲᠤ ᠪᠠᠢᠬᠤ ᠶᠢ ᠬᠠᠷᠠᠭᠰᠠᠨ ᠢᠰᠷᠧᠯ ᠤᠨ ᠦᠢ ᠣᠯᠠᠨ ᠬᠥᠮᠦᠨ ᠲᠡᠭᠦᠨ ᠤᠷᠤᠭᠤ ᠨᠡᠭᠦᠵᠦ ᠢᠷᠡᠪᠡ᠃ ᠠᠰᠠ ᠶᠦᠳᠠ᠂ ᠪᠢᠨᠶᠠᠮᠢᠨ ᠪᠣᠯᠣᠨ ᠲᠡᠳᠡᠨ ᠲᠡᠢ ᠬᠠᠮᠲᠤ ᠰᠠᠭᠤᠬᠤ ᠪᠠᠷ ᠡᠹᠷᠠᠢᠮ᠂ ᠮᠠᠨᠠᠰᠧ᠂ ᠰᠢᠮᠧᠶᠣᠨ ᠠᠴᠠ ᠢᠷᠡᠭᠰᠡᠨ ᠬᠥᠮᠦᠰ ᠢ ᠪᠦᠭᠦᠳᠡ ᠶᠢ ᠴᠤᠭᠯᠠᠭᠤᠯᠪᠠ᠃ 10 ᠲᠡᠢᠨ ᠬᠦ ᠠᠰᠠ ᠬᠠᠭᠠᠨ ᠤ ᠠᠷᠪᠠᠨ ᠲᠠᠪᠤᠳᠤᠭᠠᠷ ᠣᠨ ᠤ ᠭᠤᠷᠪᠠᠳᠤᠭᠠᠷ ᠰᠠᠷ᠎ᠠ ᠳᠤ᠂ ᠲᠡᠳᠡ ᠶᠧᠷᠦ᠋ᠰᠠᠯᠧᠮ ᠳᠤ ᠴᠤᠭᠯᠠᠷᠠᠵᠠᠢ᠃ 11 ᠲᠡᠷᠡ ᠡᠳᠦᠷ ᠲᠡᠳᠡ ᠠᠪᠴᠢᠷᠠᠭᠰᠠᠨ ᠣᠯᠵᠠᠨ ᠠᠴᠠ ᠪᠠᠨ ᠳᠣᠯᠣᠭᠠᠨ ᠵᠠᠭᠤᠨ ᠦᠬᠡᠷ᠂ ᠳᠣᠯᠣᠭᠠᠨ ᠮᠢᠩ᠋ᠭᠠᠨ ᠬᠣᠨᠢ ᠶᠢ ᠶᠣᠬᠣᠸᠠ ᠳᠤ ᠡᠷᠭᠦᠭᠰᠡᠨ ᠪᠠᠢᠨ᠎ᠠ᠃ 12 ᠢᠩᠭᠢᠭᠡᠳ ᠲᠡᠳᠡ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠬᠠᠢᠬᠤ᠂ 13 ᠢᠰᠷᠧᠯ ᠤᠨ ᠪᠤᠷᠬᠠᠨ ᠶᠣᠬᠣᠸᠠ ᠶᠢ ᠦᠯᠦ ᠬᠠᠢᠬᠤ ᠬᠥᠮᠦᠨ ᠪᠦᠷᠢ ᠶᠢ ᠶᠡᠬᠡ ᠪᠠᠭ᠎ᠠ᠂ ᠡᠷ᠎ᠡ ᠡᠮ᠎ᠡ ᠢᠯᠭᠠᠯ ᠦᠭᠡᠢ ᠴᠠᠭᠠᠵᠠᠯᠠᠨ᠎ᠠ ᠭᠡᠰᠡᠨ ᠭᠡᠷ᠎ᠡ ᠳᠦ ᠣᠷᠣᠯᠴᠠᠪᠠ᠃ 14 ᠲᠡᠳᠡ ᠤᠤᠬᠠᠢᠯᠠᠨ ᠯᠢᠩᠪᠦ᠂ ᠪᠦᠷᠢᠶ᠎ᠡ ᠦᠯᠢᠶᠡᠵᠦ᠂ ᠶᠣᠬᠣᠸᠠ ᠶᠢᠨ ᠡᠮᠦᠨ᠎ᠡ ᠥᠨᠳᠥᠷ ᠳᠠᠭᠤ ᠪᠠᠷ ᠲᠠᠩ᠋ᠭᠠᠷᠢᠭ ᠲᠠᠯᠪᠢᠵᠠᠢ᠃ 15 ᠪᠦᠬᠦ ᠶᠦᠳᠠ ᠲᠡᠢᠨ ᠬᠦ ᠲᠠᠩ᠋ᠭᠠᠷᠢᠭᠯᠠᠭᠰᠠᠨ ᠳᠠᠭᠠᠨ ᠪᠠᠶᠠᠷᠯᠠᠵᠠᠭᠠᠪᠠ᠃ ᠲᠡᠳᠡ ᠦᠨᠡᠬᠡᠷ ᠪᠦᠬᠦ ᠵᠢᠷᠦᠬᠡ ᠪᠡᠷ ᠢᠶᠠᠨ ᠲᠠᠩ᠋ᠭᠠᠷᠢᠭᠯᠠᠵᠤ᠂ ᠪᠤᠷᠬᠠᠨ ᠢ ᠪᠦᠬᠦ ᠰᠠᠨᠠᠭ᠎ᠠ ᠪᠠᠷ ᠢᠶᠠᠨ ᠬᠠᠢᠭᠰᠠᠨ ᠳᠤ᠂ ᠲᠡᠷᠡ ᠣᠯᠳᠠᠭᠰᠠᠨ ᠪᠥᠭᠡᠳ ᠶᠣᠬᠣᠸᠠ ᠲᠡᠳᠡᠨ ᠦ ᠡᠷᠭᠢᠨ ᠲᠣᠭᠣᠷᠢᠨ ᠳᠤ ᠠᠮᠠᠷᠠᠯ ᠢ ᠥᠭᠭᠥᠭᠰᠡᠨ ᠪᠢᠯᠡ᠃

16 ᠠᠰᠠ ᠬᠠᠭᠠᠨ ᠡᠮᠡᠭᠡ ᠮᠠᠺᠠ ᠪᠠᠨ ᠴᠤ ᠵᠢᠭᠰᠢᠭᠦᠷᠢᠲᠦ ᠠᠱᠧᠷᠠ ᠶᠢᠨ ᠱᠣᠩ ᠢ ᠪᠦᠲᠦᠭᠡᠭᠰᠡᠨ ᠦ ᠬᠢᠨᠢ ᠤᠯᠠᠮ ᠢᠶᠠᠷ ᠡᠬᠡ ᠬᠠᠲᠤᠨ ᠤ ᠪᠠᠢᠷᠢ ᠡᠴᠡ ᠨᠢ ᠪᠠᠭᠤᠯᠭᠠᠪᠠ᠃ ᠠᠰᠠ ᠲᠡᠷᠡ ᠱᠣᠩ ᠢ ᠴᠠᠪᠴᠢᠵᠤ ᠪᠤᠲᠠᠯᠤᠭᠠᠳ᠂ ᠺᠢᠳ᠋ᠷᠣᠨ ᠭᠣᠷᠣᠬᠠᠨ ᠤ ᠳᠡᠷᠭᠡᠳᠡ ᠰᠢᠲᠠᠭᠠᠪᠠ᠃ 17 ᠠᠰᠠ ᠮᠥᠷᠭᠥᠯ ᠦᠨ ᠮᠠᠨᠳᠠᠯ ᠤᠳ ᠢ ᠢᠰᠷᠧᠯ ᠡᠴᠡ ᠤᠰᠠᠳᠬᠠᠭᠰᠠᠨ ᠦᠭᠡᠢ ᠪᠣᠯᠪᠠᠴᠤ ᠲᠡᠭᠦᠨ ᠦ ᠵᠢᠷᠦᠬᠡ ᠠᠮᠢᠳᠤᠷᠠᠯ ᠤᠨ ᠢᠶᠠᠨ ᠲᠤᠷᠰᠢ ᠦᠨᠡᠨᠴᠢ ᠰᠢᠳᠤᠷᠭᠤ ᠪᠠᠢᠭᠰᠠᠭᠠᠷ ᠪᠠᠢᠯ᠎ᠠ᠃ 18 ᠲᠡᠷᠡ ᠪᠡᠷ ᠡᠴᠢᠭᠡ ᠶᠢᠨ ᠢᠶᠠᠨ ᠪᠣᠯᠣᠨ ᠥᠪᠡᠷ ᠦᠨ ᠢᠶᠠᠨ ᠠᠷᠢᠭᠤᠨ ᠡᠷᠭᠦᠯ ᠪᠣᠯᠬᠤ ᠠᠯᠲᠠ ᠮᠥᠩᠭᠥ ᠬᠢᠭᠡᠳ ᠰᠠᠪᠠ ᠬᠡᠷᠡᠭᠰᠡᠯ ᠤᠳ ᠢ ᠪᠤᠷᠬᠠᠨ ᠤ ᠥᠷᠭᠥᠭᠡᠨ ᠳᠦ ᠣᠷᠣᠭᠤᠯᠪᠠ᠃ 19 ᠢᠩᠭᠢᠭᠡᠳ ᠠᠰᠠ ᠬᠠᠭᠠᠨ ᠤ ᠭᠤᠴᠢᠨ ᠲᠠᠪᠤᠳᠤᠭᠠᠷ ᠣᠨ ᠬᠦᠷᠲᠡᠯ᠎ᠡ ᠳᠠᠢᠨ ᠳᠠᠵᠢᠨ ᠭᠠᠷᠤᠭᠰᠠᠨ ᠦᠭᠡᠢ᠃