1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢᠨ ᠨᠢᠭᠡ
 ᠶᠦᠳᠠ ᠶᠢᠨ ᠬᠠᠭᠠᠨ ᠶᠧᠬᠣᠷᠠᠮ

1 ᠶᠧᠬᠣᠱᠠᠹᠠᠲ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠳ᠋ᠠᠸᠢᠳ᠋ ᠤᠨ ᠬᠣᠲᠠ ᠳᠤ ᠲᠡᠳᠡᠨ ᠦ ᠳᠡᠷᠭᠡᠳᠡ ᠣᠷᠣᠰᠢᠭᠤᠯᠤᠭᠳᠠᠵᠠᠢ᠃ ᠬᠦᠦ ᠶᠧᠬᠣᠷᠠᠮ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃ 2 ᠲᠡᠭᠦᠨ ᠦ ᠠᠬ᠎ᠠ ᠳᠡᠭᠦᠦᠰ ᠪᠣᠯ ᠠᠽᠠᠷᠢᠶ᠎ᠠ᠂ ᠶᠧᠾᠢᠶᠧᠯ᠂ ᠽᠧᠺᠠᠷᠢᠶ᠎ᠠ᠂ ᠠᠽᠠᠷᠢᠶᠠᠬᠦ᠂ ᠮᠢᠺᠠᠶᠧᠯ᠂ ᠱᠧᠹᠠᠲ᠋ᠢᠶ᠎ᠠ ᠪᠥᠭᠡᠳ ᠲᠡᠳᠡ ᠪᠦᠭᠦᠳᠡ ᠢᠰᠷᠧᠯ ᠤᠨ ᠬᠠᠭᠠᠨ ᠶᠧᠬᠣᠱᠠᠹᠠᠲ ᠤᠨ ᠬᠥᠪᠡᠭᠦᠳ ᠶᠤᠮ᠃ 3 ᠡᠴᠢᠭᠡ ᠨᠢ ᠲᠡᠳᠡᠨ ᠳᠦ ᠠᠯᠲᠠ᠂ ᠮᠥᠩᠭᠥ᠂ ᠦᠨᠡᠲᠦ ᠵᠦᠢᠯᠡᠰ ᠪᠦᠬᠦᠢ ᠣᠯᠠᠨ ᠪᠡᠯᠡᠭ ᠪᠣᠯᠣᠨ ᠶᠦᠳᠠ ᠶᠢᠨ ᠪᠡᠬᠢᠯᠡᠯᠲᠡᠲᠦ ᠬᠣᠲᠠ ᠨᠤᠭᠤᠳ ᠢ ᠥᠭᠭᠥᠭᠡᠳ ᠬᠠᠭᠠᠨ ᠤ ᠡᠷᠬᠡ ᠶᠢ ᠤᠤᠭᠠᠨ ᠬᠦᠦ ᠶᠧᠬᠣᠷᠠᠮ ᠳᠠᠭᠠᠨ ᠥᠭᠭᠥᠭᠰᠡᠨ ᠪᠠᠢᠵᠠᠢ᠃ 4 ᠶᠧᠬᠣᠷᠠᠮ ᠡᠴᠢᠭᠡ ᠶᠢᠨ ᠢᠶᠠᠨ ᠰᠠᠭᠤᠷᠢᠨ ᠳᠤ ᠰᠠᠭᠤᠵᠤ᠂ ᠬᠦᠴᠦ ᠪᠡᠨ ᠪᠠᠲᠤᠵᠢᠭᠤᠯᠤᠭᠰᠠᠨ ᠤ ᠳᠠᠷᠠᠭ᠎ᠠ᠂ ᠪᠦᠬᠦ ᠠᠬ᠎ᠠ ᠳᠡᠭᠦᠦ᠂ ᠪᠠᠰᠠ ᠢᠰᠷᠧᠯ ᠤᠨ ᠵᠠᠷᠢᠮ ᠨᠣᠶᠠᠳ ᠢ ᠢᠯᠳᠦ ᠪᠡᠷ ᠬᠣᠷᠣᠭᠠᠭᠰᠠᠨ ᠪᠠᠢᠨ᠎ᠠ᠃ 5 ᠶᠧᠬᠣᠷᠠᠮ ᠭᠤᠴᠢᠨ ᠬᠣᠶᠠᠷ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠨᠠᠢ᠌ᠮᠠᠨ ᠵᠢᠯ ᠬᠠᠭᠠᠨᠴᠢᠯᠠᠵᠠᠢ᠃ 6 ᠲᠡᠷᠡ ᠪᠡᠷ ᠠᠬᠠᠪ ᠤᠨ ᠥᠬᠢᠨ ᠲᠠᠢ ᠭᠡᠷᠯᠡᠭᠰᠡᠨ ᠪᠣᠯᠬᠣᠷ ᠠᠬᠠᠪ ᠤᠨ ᠭᠡᠷ ᠦᠨ ᠦᠢᠯᠡᠳᠦᠭᠰᠡᠨ ᠲᠡᠢ ᠠᠳᠠᠯᠢ ᠢᠰᠷᠧᠯ ᠤᠨ ᠬᠠᠭᠠᠳ ᠤᠨ ᠵᠠᠮ ᠢᠶᠠᠷ ᠶᠠᠪᠤᠵᠤ᠂ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃ 7 ᠬᠠᠷᠢᠨ ᠶᠣᠬᠣᠸᠠ ᠳ᠋ᠠᠸᠢᠳ᠋ ᠲᠠᠢ ᠪᠠᠢᠭᠤᠯᠤᠭᠰᠠᠨ ᠭᠡᠷ᠎ᠡ ᠶᠢᠨ ᠢᠶᠠᠨ ᠤᠯᠠᠮ ᠢᠶᠠᠷ ᠯᠠ ᠳ᠋ᠠᠸᠢᠳ᠋ ᠤᠨ ᠭᠡᠷ ᠢ ᠤᠰᠠᠳᠬᠠᠬᠤ ᠦᠭᠡᠢ ᠪᠠᠢᠯ᠎ᠠ᠃ ᠤᠤᠯ ᠨᠢ ᠶᠣᠬᠣᠸᠠ ᠲᠡᠷᠡ ᠪᠣᠯᠣᠨ ᠲᠡᠭᠦᠨ ᠦ ᠦᠷ᠎ᠡ ᠤᠳᠤᠮ ᠤᠨ ᠳ᠋ᠧᠩ ᠢ ᠦᠷᠭᠦᠯᠵᠢ ᠪᠠᠢᠯᠭᠠᠨ᠎ᠠ ᠬᠡᠮᠡᠨ ᠠᠢᠯᠠᠳᠤᠭᠰᠠᠨ ᠶᠤᠮ᠃

8 ᠶᠧᠬᠣᠷᠠᠮ ᠤᠨ ᠡᠳᠦᠷ ᠤᠳ ᠲᠤ ᠡᠳᠣᠮ ᠶᠦᠳᠠ ᠠᠴᠠ ᠤᠷᠪᠠᠨ ᠥᠪᠡᠷ ᠦᠨ ᠢᠶᠠᠨ ᠬᠠᠭᠠᠨ ᠲᠠᠢ ᠪᠣᠯᠣᠭᠰᠠᠨ ᠳᠤ᠂ 9 ᠶᠧᠬᠣᠷᠠᠮ ᠬᠠᠮᠤᠭ ᠲᠡᠷᠭᠡ ᠪᠡᠨ ᠳᠠᠢᠴᠢᠯᠠᠨ ᠳᠠᠭᠠᠷᠢᠪᠠ᠃ ᠡᠳᠣᠮᠴᠤᠳ ᠶᠧᠬᠣᠷᠠᠮ ᠪᠣᠯᠣᠨ ᠲᠡᠭᠦᠨ ᠦ ᠲᠡᠷᠭᠡᠲᠦ ᠵᠠᠩᠵᠤᠨ ᠨᠠᠷ ᠢ ᠪᠦᠰᠡᠯᠡᠬᠦ ᠳᠦ᠂ ᠲᠡᠷᠡ ᠪᠡᠷ ᠰᠥᠨᠢ ᠪᠠᠷ ᠪᠣᠰᠴᠤ᠂ ᠡᠳᠣᠮᠴᠤᠳ ᠢ ᠴᠣᠬᠢᠪᠠ᠃ 10 ᠢᠩᠭᠢᠭᠡᠳ ᠡᠳᠣᠮ ᠥᠨᠥᠳᠥᠷ ᠬᠦᠷᠲᠡᠯ᠎ᠡ ᠶᠦᠳᠠ ᠠᠴᠠ ᠤᠷᠪᠠᠭᠰᠠᠨ ᠬᠡᠪ ᠢᠶᠡᠷ ᠢᠶᠠᠨ ᠪᠠᠢᠨ᠎ᠠ᠃ ᠲᠡᠷᠡ ᠦᠶ᠎ᠡ ᠳᠦ ᠯᠢᠪᠨᠠ ᠴᠤ ᠲᠡᠭᠦᠨ ᠡᠴᠡ ᠤᠷᠪᠠᠭᠰᠠᠨ ᠶᠤᠮ᠃ ᠤᠴᠢᠷ ᠨᠢ ᠶᠧᠬᠣᠷᠠᠮ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠣᠷᠬᠢᠭᠰᠠᠨ ᠪᠢᠯᠡ᠃

11 ᠶᠧᠬᠣᠷᠠᠮ ᠪᠠᠰᠠ ᠶᠦᠳᠠ ᠶᠢᠨ ᠠᠭᠤᠯᠠᠰ ᠳᠡᠭᠡᠷ᠎ᠡ ᠮᠥᠷᠭᠥᠯ ᠦᠨ ᠮᠠᠨᠳᠠᠯ ᠤᠳ ᠪᠣᠰᠬᠠᠵᠤ᠂ ᠶᠧᠷᠦ᠋ᠰᠠᠯᠧᠮ ᠤᠨ ᠰᠠᠭᠤᠭᠠᠯᠢᠴᠢᠳ ᠢ ᠵᠠᠪᠬᠠᠢᠷᠠᠭᠤᠯᠤᠨ᠂ ᠶᠦᠳᠠ ᠶᠢ ᠤᠷᠤᠭᠤ ᠲᠠᠲᠠᠵᠠᠢ᠃ 12 ᠡᠰᠢ ᠦᠵᠡᠭᠦᠯᠦᠭᠴᠢ ᠧᠯᠢᠶ᠎ᠠ ᠲᠡᠭᠦᠨ ᠳᠦ ᠵᠠᠬᠢᠳᠠᠯ ᠶᠠᠪᠤᠭᠤᠯᠵᠤ᠄ 《ᠴᠢᠨᠦ ᠡᠴᠢᠭᠡ ᠡᠪᠦᠭᠡ ᠳ᠋ᠠᠸᠢᠳ᠋ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠡᠴᠢᠭᠡ ᠶᠧᠬᠣᠱᠠᠹᠠᠲ ᠤᠨ ᠢᠶᠠᠨ ᠵᠠᠮ ᠢᠶᠠᠷ ᠴᠤ᠂ ᠶᠦᠳᠠ ᠶᠢᠨ ᠬᠠᠭᠠᠨ ᠠᠰᠠ ᠶᠢᠨ ᠵᠠᠮ ᠢᠶᠠᠷ ᠴᠤ ᠶᠠᠪᠤᠯ ᠦᠭᠡᠢ᠂ 13 ᠬᠠᠷᠢᠨ ᠢᠰᠷᠧᠯ ᠤᠨ ᠬᠠᠭᠠᠳ ᠤᠨ ᠵᠠᠮ ᠢᠶᠠᠷ ᠶᠠᠪᠤᠵᠤ᠂ ᠠᠬᠠᠪ ᠤᠨ ᠭᠡᠷ ᠢᠰᠷᠧᠯ ᠢ ᠵᠠᠪᠬᠠᠢᠷᠠᠭᠤᠯᠤᠭᠰᠠᠨ ᠲᠠᠢ ᠠᠳᠠᠯᠢ ᠪᠠᠷ ᠶᠦᠳᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠢ ᠵᠠᠪᠬᠠᠢᠷᠠᠭᠤᠯᠤᠭᠰᠠᠨ ᠶᠤᠮ᠃ ᠴᠢ ᠪᠠᠰᠠ ᠡᠴᠢᠭᠡ ᠶᠢᠨ ᠢᠶᠠᠨ ᠭᠡᠷ ᠪᠦᠯᠢ ᠳᠠᠬᠢ ᠴᠢᠮ᠎ᠠ ᠠᠴᠠ ᠢᠯᠡᠭᠦᠦ ᠰᠠᠢᠨ ᠪᠠᠢᠭᠰᠠᠨ ᠠᠬ᠎ᠠ ᠳᠡᠭᠦᠦᠰ ᠢᠶᠡᠨ ᠠᠯᠠᠵᠠᠢ᠃ 14 ᠬᠠᠷᠠ᠂ ᠶᠣᠬᠣᠸᠠ ᠥᠪᠡᠷ ᠢᠶᠡᠨ ᠴᠢᠨᠦ ᠠᠷᠠᠳ ᠲᠦᠮᠡᠨ᠂ ᠴᠢᠨᠦ ᠬᠥᠪᠡᠭᠦᠳ᠂ ᠡᠬᠡᠨᠡᠷ ᠤᠳ ᠪᠣᠯᠣᠨ ᠪᠦᠬᠦ ᠡᠵᠡᠮᠰᠢᠯ ᠢ ᠦᠯᠡᠮᠵᠢ ᠶᠡᠬᠡ ᠭᠠᠢ ᠭᠠᠮᠰᠢᠭ ᠢᠶᠠᠷ ᠴᠣᠬᠢᠬᠤ ᠪᠥᠭᠡᠳ 15 ᠴᠢᠮᠠᠶᠢ ᠭᠡᠳᠡᠰᠦᠨ ᠦ ᠬᠦᠨᠳᠦ ᠡᠪᠡᠳᠴᠢᠨ ᠢᠶᠠᠷ ᠴᠣᠬᠢᠨ᠎ᠠ᠃ ᠲᠡᠷᠡ ᠡᠪᠡᠳᠴᠢᠨ ᠡᠳᠦᠷ ᠡᠴᠡ ᠡᠳᠦᠷ ᠬᠦᠨᠳᠦᠷᠡᠵᠦ᠂ ᠬᠣᠵᠢᠮ ᠭᠡᠳᠡᠰᠦ ᠴᠢᠨᠢ ᠴᠤᠪᠤᠷᠠᠨ ᠭᠠᠷᠬᠤ ᠪᠣᠯᠣᠨ᠎ᠠ〉》 ᠭᠡᠪᠡ᠃

16 ᠶᠣᠬᠣᠸᠠ ᠹᠢᠯᠢᠰᠲ᠋ᠴᠦᠳ ᠪᠣᠯᠣᠨ ᠺᠦᠱᠴᠦᠳ ᠲᠡᠢ ᠬᠢᠯᠢᠯᠡᠳᠡᠭ ᠠᠷᠠᠪᠴᠤᠳ ᠤᠨ ᠠᠭᠤᠷ ᠢ ᠬᠥᠳᠡᠯᠭᠡᠵᠦ᠂ ᠶᠧᠬᠣᠷᠠᠮ ᠢ ᠴᠣᠬᠢᠭᠤᠯᠤᠭᠰᠠᠨ ᠳᠤ᠂ 17 ᠲᠡᠳᠡ ᠶᠦᠳᠠ ᠤᠷᠤᠭᠤ ᠬᠠᠯᠳᠠᠨ ᠳᠣᠪᠲᠣᠯᠵᠤ᠂ ᠬᠠᠭᠠᠨ ᠤ ᠣᠷᠳᠣᠨ ᠳᠤ ᠪᠠᠢᠭ᠎ᠠ ᠪᠦᠬᠦ ᠡᠳ᠋ ᠶᠠᠭᠤᠮ᠎ᠠ ᠶᠢ ᠬᠠᠭᠠᠨ ᠤ ᠬᠥᠪᠡᠭᠦᠳ ᠪᠣᠯᠣᠨ ᠡᠬᠡᠨᠡᠷ ᠤᠳ ᠲᠠᠢ ᠬᠠᠮᠲᠤ ᠠᠪᠠᠴᠢᠵᠤ᠂ ᠣᠳᠬᠣᠨ ᠬᠦᠦ ᠠᠬᠠᠽᠢᠶ᠎ᠠ ᠠᠴᠠ ᠨᠢ ᠥᠭᠡᠷ᠎ᠡ ᠬᠥᠪᠡᠭᠦᠨ ᠢ ᠲᠡᠭᠦᠨ ᠳᠦ ᠦᠯᠡᠳᠡᠭᠡᠭᠰᠡᠨ ᠦᠭᠡᠢ᠃

18 ᠡᠨᠡ ᠪᠦᠬᠦᠨ ᠦ ᠳᠠᠷᠠᠭ᠎ᠠ ᠶᠣᠬᠣᠸᠠ ᠶᠧᠬᠣᠷᠠᠮ ᠢ ᠭᠡᠳᠡᠰᠦ ᠳᠣᠲᠣᠷ ᠤᠨ ᠡᠳᠡᠭᠡᠷᠡᠰᠢ ᠦᠭᠡᠢ ᠡᠪᠡᠳᠴᠢᠨ ᠢᠶᠠᠷ ᠴᠣᠬᠢᠪᠠ᠃ 19 ᠬᠡᠰᠡᠭ ᠬᠤᠭᠤᠴᠠᠭᠠᠨ ᠤ ᠳᠠᠷᠠᠭ᠎ᠠ᠂ ᠲᠤᠬᠠᠢᠯᠠᠪᠠᠯ ᠬᠣᠶᠠᠷ ᠵᠢᠯ ᠤᠨ ᠡᠴᠦᠰ ᠲᠦ᠂ ᠲᠡᠷᠡ ᠠᠶᠤᠮᠰᠢᠭᠲᠠᠢ ᠪᠠᠷ ᠲᠠᠷᠴᠢᠯᠠᠵᠤ ᠨᠠᠰᠤ ᠪᠠᠷᠠᠪᠠ᠃ ᠲᠡᠭᠦᠨ ᠦ ᠭᠡᠳᠡᠰᠦ ᠳᠣᠲᠣᠷ ᠡᠪᠡᠳᠴᠢᠨ ᠡᠴᠡ ᠨᠢ ᠪᠣᠯᠵᠤ ᠴᠤᠪᠤᠨ ᠭᠠᠷᠤᠭᠰᠠᠨ ᠪᠠᠢᠯ᠎ᠠ᠃ ᠠᠷᠠᠳ ᠲᠦᠮᠡᠨ ᠡᠴᠢᠭᠡ ᠡᠪᠦᠭᠡᠳ ᠢ ᠨᠢ ᠨᠠᠰᠤ ᠪᠠᠷᠠᠬᠤ ᠳᠤ ᠭᠠᠯ ᠠᠰᠠᠭᠠᠳᠠᠭ ᠪᠠᠢᠭᠰᠠᠨ ᠪᠣᠯ ᠲᠡᠭᠦᠨ ᠢ ᠨᠠᠰᠤ ᠪᠠᠷᠠᠬᠤ ᠳᠤ ᠭᠠᠯ ᠠᠰᠠᠭᠠᠭᠰᠠᠨ ᠦᠭᠡᠢ᠃ 20 ᠲᠡᠷᠡ ᠭᠤᠴᠢᠨ ᠬᠣᠶᠠᠷ ᠨᠠᠰᠤᠲᠠᠢ ᠳᠠᠭᠠᠨ ᠬᠠᠭᠠᠨ ᠪᠣᠯᠵᠤ᠂ ᠶᠧᠷᠦ᠋ᠰᠠᠯᠧᠮ ᠳᠤ ᠨᠠᠢ᠌ᠮᠠᠨ ᠵᠢᠯ ᠬᠠᠭᠠᠨᠴᠢᠯᠠᠵᠠᠢ᠃ ᠲᠡᠷᠡ ᠦᠬᠦᠬᠦ ᠳᠦ ᠬᠡᠨ ᠴᠤ ᠬᠠᠷᠠᠮᠰᠠᠭᠰᠠᠨ ᠦᠭᠡᠢ᠂ ᠬᠥᠮᠦᠰ ᠲᠡᠭᠦᠨ ᠢ ᠳ᠋ᠠᠸᠢᠳ᠋ ᠤᠨ ᠬᠣᠲᠠ ᠳᠤ ᠣᠷᠣᠰᠢᠭᠤᠯᠤᠭᠰᠠᠨ ᠪᠣᠯᠪᠠᠴᠤ ᠬᠠᠭᠠᠳ ᠤᠨ ᠪᠤᠯᠠᠰᠢᠨ ᠳᠤ ᠲᠠᠯᠪᠢᠭ᠎ᠠ ᠦᠭᠡᠢ ᠪᠢᠯᠡ᠃