1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢᠨ ᠬᠣᠶᠠᠷ
 ᠶᠦᠳᠠ ᠶᠢᠨ ᠬᠠᠭᠠᠨ ᠠᠬᠠᠽᠢᠶ᠎ᠠ

1 ᠶᠧᠷᠦ᠋ᠰᠠᠯᠧᠮ ᠤᠨ ᠰᠠᠭᠤᠭᠠᠯᠢᠴᠢᠳ ᠶᠧᠬᠣᠷᠠᠮ ᠤᠨ ᠣᠳᠬᠣᠨ ᠬᠦᠦ ᠠᠬᠠᠽᠢᠶ᠎ᠠ ᠶᠢ ᠲᠡᠭᠦᠨ ᠦ ᠣᠷᠣᠨ ᠳᠤ ᠬᠠᠭᠠᠨ ᠪᠣᠯᠭᠠᠪᠠ᠃ ᠠᠬ᠎ᠠ ᠨᠠᠷ ᠨᠢ ᠪᠦᠭᠦᠳᠡᠭᠡᠷ ᠢᠶᠡᠨ ᠬᠤᠸᠠᠷᠠᠨ ᠤᠷᠤᠭᠤ ᠢᠷᠡᠭᠰᠡᠨ ᠠᠷᠠᠪᠴᠤᠳ ᠪᠣᠯᠣᠨ ᠳᠡᠭᠡᠷᠡᠮᠴᠢᠳ ᠲᠤ ᠠᠯᠠᠭᠳᠠᠭᠰᠠᠨ ᠪᠠᠢᠵᠠᠢ᠃ ᠲᠡᠢᠨ ᠬᠦ ᠶᠧᠬᠣᠷᠠᠮ ᠤᠨ ᠬᠦᠦ ᠠᠬᠠᠽᠢᠶ᠎ᠠ ᠶᠦᠳᠠ ᠶᠢᠨ ᠬᠠᠭᠠᠨ ᠪᠣᠯᠵᠠᠢ᠃ 2 ᠠᠬᠠᠽᠢᠶ᠎ᠠ ᠬᠣᠷᠢᠨ ᠬᠣᠶᠠᠷ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠨᠢᠭᠡ ᠵᠢᠯ ᠬᠠᠭᠠᠨᠴᠢᠯᠠᠪᠠ᠃ ᠡᠬᠡ ᠨᠢ ᠠᠲ᠋ᠠᠯᠢᠶ᠎ᠠ ᠭᠡᠳᠡᠭ ᠪᠥᠭᠡᠳ ᠣᠮᠷᠢ ᠶᠢᠨ ᠠᠴᠢ ᠥᠬᠢᠨ ᠶᠤᠮ᠃ 3 ᠡᠬᠡ ᠨᠢ ᠲᠡᠭᠦᠨ ᠦ ᠪᠤᠵᠠᠷ ᠮᠠᠭᠤ ᠶᠢ ᠦᠢᠯᠡᠳᠬᠦ ᠳᠦ ᠵᠥᠪᠯᠡᠳᠡᠭ ᠤᠴᠢᠷ ᠠᠴᠠ ᠠᠬᠠᠽᠢᠶ᠎ᠠ ᠪᠠᠰᠠ ᠠᠬᠠᠪ ᠤᠨ ᠭᠡᠷ ᠦᠨ ᠬᠢᠨ ᠤ ᠵᠠᠮ ᠢᠶᠠᠷ ᠶᠠᠪᠤᠵᠤ᠂ 4 ᠠᠬᠠᠪ ᠤᠨ ᠭᠡᠷ ᠦᠨ ᠬᠢᠨ ᠲᠠᠢ ᠠᠳᠠᠯᠢ ᠶᠣᠬᠣᠸᠠ ᠶᠢᠨ ᠮᠡᠯᠮᠡᠢ ᠳᠦ ᠮᠠᠭᠤ ᠶᠢ ᠦᠢᠯᠡᠳᠴᠡᠢ᠂ ᠲᠡᠢᠨ ᠬᠦ ᠡᠴᠢᠭᠡ ᠨᠢ ᠦᠬᠦᠭᠰᠡᠨ ᠦ ᠳᠠᠷᠠᠭ᠎ᠠ᠂ ᠲᠡᠳᠡ ᠲᠡᠭᠦᠨ ᠦ ᠵᠥᠪᠯᠡᠭᠴᠢᠳ ᠪᠣᠯᠵᠤ᠂ ᠲᠡᠭᠦᠨ ᠢ ᠰᠦᠢᠷᠡᠯ ᠳᠦ ᠬᠦᠷᠭᠡᠵᠡᠢ᠃

5 ᠠᠬᠠᠽᠢᠶ᠎ᠠ ᠲᠡᠳᠡᠨ ᠦ ᠵᠥᠪᠯᠡᠯᠭᠡ ᠶᠢ ᠴᠤ ᠳᠠᠭᠠᠵᠤ᠂ ᠠᠷᠠᠮ ᠤᠨ ᠬᠠᠭᠠᠨ ᠬᠠᠽᠠᠶᠧᠯ ᠲᠠᠢ ᠲᠤᠯᠤᠯᠳᠤᠬᠤ ᠪᠠᠷ ᠢᠰᠷᠧᠯ ᠤᠨ ᠬᠠᠭᠠᠨ ᠠᠬᠠᠪ ᠤᠨ ᠬᠦᠦ ᠶᠣᠷᠠᠮ ᠲᠠᠢ ᠬᠠᠮᠲᠤ ᠷᠠᠮᠣᠲ ᠭᠢᠯᠧᠶᠠᠳ᠋ ᠤᠷᠤᠭᠤ ᠣᠴᠢᠭᠰᠠᠨ ᠦᠶ᠎ᠡ ᠳᠦ᠂ ᠠᠷᠠᠮᠴᠤᠳ ᠶᠣᠷᠠᠮ ᠢ ᠰᠢᠷᠬᠠᠲᠤᠭᠤᠯᠵᠠᠢ᠃ 6 ᠲᠡᠭᠡᠭᠡᠳ ᠶᠣᠷᠠᠮ ᠠᠷᠠᠮ ᠤᠨ ᠬᠠᠭᠠᠨ ᠬᠠᠽᠠᠶᠧᠯ ᠲᠠᠢ ᠲᠤᠯᠤᠯᠳᠤᠵᠤ ᠪᠠᠢᠬᠤ ᠳᠠᠭᠠᠨ ᠰᠢᠷᠬᠠᠲᠤᠭᠰᠠᠨ ᠰᠢᠷᠬ᠎ᠠ ᠪᠠᠨ ᠡᠮᠨᠡᠭᠦᠯᠬᠦ ᠪᠡᠷ ᠶᠧᠽᠷᠧᠯ ᠤᠷᠤᠭᠤ ᠪᠤᠴᠠᠪᠠ᠃ ᠠᠬᠠᠪ ᠤᠨ ᠬᠦᠦ ᠶᠣᠷᠠᠮ ᠰᠢᠷᠬᠠᠲᠤᠭᠰᠠᠨ ᠳᠤ ᠶᠧᠬᠣᠷᠠᠮ ᠤᠨ ᠬᠦᠦ᠂ ᠶᠦᠳᠠ ᠶᠢᠨ ᠬᠠᠭᠠᠨ ᠠᠬᠠᠽᠢᠶ᠎ᠠ ᠲᠡᠭᠦᠨ ᠢ ᠪᠣᠯᠭᠣᠭᠠᠬᠤ ᠪᠠᠷ ᠶᠧᠽᠷᠧᠯ ᠤᠷᠤᠭᠤ ᠣᠴᠢᠭᠰᠠᠨ ᠪᠠᠢᠪᠠ᠃

7 ᠠᠬᠠᠽᠢᠶ᠎ᠠ ᠶᠣᠷᠠᠮ ᠤᠷᠤᠭᠤ ᠣᠴᠢᠭᠰᠠᠨ ᠢᠶᠠᠷ ᠢᠶᠠᠨ ᠮᠥᠬᠥᠯ ᠳᠤ ᠬᠦᠷᠦᠭᠰᠡᠨ ᠪᠥᠭᠡᠳ ᠡᠨᠡ ᠨᠢ ᠪᠤᠷᠬᠠᠨ ᠠᠴᠠ ᠢᠷᠡᠭᠰᠡᠨ ᠶᠤᠮ᠃ ᠤᠴᠢᠷ ᠨᠢ ᠠᠬᠠᠽᠢᠶ᠎ᠠ ᠲᠡᠨᠳᠡ ᠣᠴᠢᠭᠠᠳ ᠪᠠᠢᠬᠤ ᠳᠠᠭᠠᠨ ᠶᠣᠷᠠᠮ ᠤᠨ ᠬᠠᠮᠲᠤ ᠨᠢᠮᠱᠢ ᠶᠢᠨ ᠬᠦᠦ ᠶᠧᠾᠦ᠋ ᠲᠠᠢ ᠲᠠᠭᠠᠷᠠᠯᠳᠤᠵᠠᠢ᠃ ᠶᠣᠬᠣᠸᠠ ᠠᠬᠠᠪ ᠤᠨ ᠭᠡᠷ ᠢ ᠲᠠᠰᠤᠳᠠᠭᠤᠯᠬᠤ ᠪᠠᠷ ᠶᠧᠾᠦ᠋ ᠶᠢ ᠲᠣᠰᠣᠯᠠᠭᠰᠠᠨ ᠪᠠᠢᠪᠠ᠃ 8 ᠶᠧᠾᠦ᠋ ᠠᠬᠠᠪ ᠤᠨ ᠭᠡᠷ ᠦᠨ ᠬᠢᠨ ᠤ ᠬᠦᠯᠢᠶᠡᠬᠦ ᠰᠢᠳᠬᠡᠯ ᠢ ᠭᠦᠢᠴᠡᠭᠡᠬᠦ ᠳᠡᠭᠡᠨ ᠶᠦᠳᠠ ᠶᠢᠨ ᠨᠣᠶᠠᠳ ᠢ ᠪᠣᠯᠣᠨ ᠠᠬᠠᠽᠢᠶ᠎ᠠ ᠳᠤ ᠦᠢᠯᠡᠴᠢᠯᠡᠳᠡᠭ᠌ ᠠᠬᠠᠽᠢᠶ᠎ᠠ ᠶᠢᠨ ᠬᠠᠮᠢᠶᠠᠲᠠᠳ ᠤᠨ ᠬᠥᠪᠡᠭᠦᠳ ᠢ ᠴᠤ ᠣᠯᠵᠤ᠂ ᠲᠡᠳᠡᠨ ᠢ ᠬᠣᠷᠣᠭᠠᠪᠠ᠃ 9 ᠶᠧᠾᠦ᠋ ᠠᠬᠠᠽᠢᠶ᠎ᠠ ᠶᠢ ᠡᠷᠢᠵᠦ ᠪᠠᠢᠬᠤ ᠳᠤ᠂ ᠬᠥᠮᠦᠰ ᠰᠠᠮᠠᠷᠢᠶ᠎ᠠ ᠳᠤ ᠨᠢᠭᠤᠵᠤ ᠪᠠᠢᠭᠰᠠᠨ ᠠᠬᠠᠽᠢᠶ᠎ᠠ ᠶᠢ ᠪᠠᠷᠢᠵᠤ ᠲᠡᠭᠦᠨ ᠤᠷᠤᠭᠤ ᠠᠪᠴᠢᠷᠠᠪᠠ᠃ ᠲᠡᠳᠡ ᠲᠡᠭᠦᠨ ᠢ ᠠᠯᠠᠭᠰᠠᠨ ᠤ ᠳᠠᠷᠠᠭ᠎ᠠ᠄ 《ᠲᠡᠷᠡ ᠪᠣᠯ ᠶᠣᠬᠣᠸᠠ ᠶᠢ ᠪᠦᠬᠦ ᠵᠢᠷᠦᠬᠡ ᠪᠡᠷ ᠢᠶᠠᠨ ᠬᠠᠢᠵᠤ ᠪᠠᠢᠭᠰᠠᠨ ᠶᠧᠬᠣᠱᠠᠹᠠᠲ ᠤᠨ ᠬᠦᠦ ᠶᠤᠮ》 ᠭᠡᠵᠡᠭᠡᠨ ᠲᠡᠭᠦᠨ ᠢ ᠣᠷᠣᠰᠢᠭᠤᠯᠵᠠᠢ᠃ ᠡᠢᠨ ᠬᠦ ᠠᠬᠠᠽᠢᠶ᠎ᠠ ᠶᠢᠨ ᠭᠡᠷ ᠲᠦ ᠬᠠᠭᠠᠨᠴᠢᠯᠠᠯ ᠤᠨ ᠡᠷᠬᠡ ᠪᠠᠷᠢᠬᠤ ᠬᠥᠮᠦᠨ ᠨᠢᠭᠡ ᠴᠤ ᠦᠯᠡᠳᠡᠭᠰᠡᠨ ᠦᠭᠡᠢ᠃
 ᠬᠠᠭᠠᠨ ᠰᠢᠷᠡᠭᠡ ᠪᠤᠯᠢᠶᠠᠭᠳᠠᠪᠠ

10 ᠠᠬᠠᠽᠢᠶ᠎ᠠ ᠶᠢᠨ ᠡᠬᠡ ᠠᠲ᠋ᠠᠯᠢᠶ᠎ᠠ ᠬᠦᠦ ᠶᠢᠨ ᠢᠶᠠᠨ ᠦᠬᠦᠭᠰᠡᠨ ᠢ ᠮᠡᠳᠡᠭᠡᠳ ᠪᠣᠰᠴᠤ᠂ ᠶᠦᠳᠠ ᠶᠢᠨ ᠭᠡᠷ ᠦᠨ ᠬᠠᠭᠠᠨ ᠤ ᠤᠳᠤᠮ ᠤᠨ ᠪᠦᠬᠦ ᠬᠥᠪᠡᠭᠦᠳ ᠢ ᠤᠰᠠᠳᠬᠠᠪᠠ᠃ 11 ᠬᠠᠷᠢᠨ ᠶᠧᠬᠣᠷᠠᠮ ᠬᠠᠭᠠᠨ ᠤ ᠥᠬᠢᠨ᠂ ᠶᠧᠬᠣᠱᠧᠪᠠ ᠠᠯᠠᠭᠳᠠᠬᠤ ᠭᠡᠵᠦ ᠪᠠᠢᠭᠰᠠᠨ ᠬᠠᠭᠠᠨ ᠤ ᠬᠥᠪᠡᠭᠦᠳ ᠦᠨ ᠳᠤᠮᠳᠠ ᠠᠴᠠ ᠠᠬᠠᠽᠢᠶ᠎ᠠ ᠶᠢᠨ ᠬᠦᠦ ᠶᠣᠶᠠᠱ ᠢ ᠰᠡᠮᠬᠡᠨ ᠠᠪᠤᠭᠠᠳ ᠠᠰᠠᠷᠠᠭᠴᠢ ᠲᠠᠢ ᠨᠢ ᠬᠠᠮᠲᠤ ᠤᠨᠲᠠᠯᠭ᠎ᠠ ᠶᠢᠨ ᠥᠷᠥᠭᠡᠨ ᠳᠡᠭᠡᠨ ᠪᠠᠢᠯᠭᠠᠪᠠ᠃ ᠡᠢᠨ ᠬᠦ ᠶᠧᠬᠣᠷᠠᠮ ᠬᠠᠭᠠᠨ ᠤ ᠥᠬᠢᠨ᠂ ᠲᠠᠬᠢᠯᠴᠢ ᠶᠧᠬᠣᠶᠠᠳᠠ ᠶᠢᠨ ᠡᠬᠡᠨᠡᠷ ᠶᠧᠬᠣᠱᠧᠪᠠ ᠶᠣᠶᠠᠱ ᠢ ᠠᠲ᠋ᠠᠯᠢᠶ᠎ᠠ ᠠᠴᠠ ᠨᠢᠭᠤᠵᠤ ᠠᠯᠠᠭᠤᠯᠤᠭᠰᠠᠨ ᠦᠭᠡᠢ᠃ ᠶᠧᠬᠣᠱᠧᠪᠠ ᠪᠣᠯ ᠠᠬᠠᠽᠢᠶ᠎ᠠ ᠶᠢᠨ ᠡᠭᠡᠴᠢ ᠶᠤᠮ᠃ 12 ᠶᠣᠶᠠᠱ ᠲᠡᠳᠡᠨ ᠲᠡᠢ ᠬᠠᠮᠲᠤ ᠪᠤᠷᠬᠠᠨ ᠤ ᠥᠷᠭᠥᠭᠡᠨ ᠳᠦ ᠵᠢᠷᠭᠤᠭᠠᠨ ᠵᠢᠯ ᠨᠢᠭᠤᠭᠳᠠᠵᠤ ᠪᠠᠢᠬᠤ ᠳᠤ᠂ ᠠᠲ᠋ᠠᠯᠢᠶ᠎ᠠ ᠲᠡᠷᠡ ᠭᠠᠵᠠᠷ ᠢ ᠵᠠᠬᠢᠷᠴᠤ ᠪᠠᠢᠪᠠ᠃