1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠠᠷᠪᠠᠨ ᠳᠣᠯᠣᠭ᠎ᠠ
 ᠶᠦᠳᠠ ᠶᠢᠨ ᠬᠠᠭᠠᠨ ᠶᠧᠬᠣᠱᠠᠹᠠᠲ

1 ᠠᠰᠠ ᠶᠢᠨ ᠬᠦᠦ ᠶᠧᠬᠣᠱᠠᠹᠠᠲ ᠲᠡᠭᠦᠨ ᠢ ᠵᠠᠯᠭᠠᠮᠵᠢᠯᠠᠨ ᠬᠠᠭᠠᠨ ᠪᠣᠯᠪᠠ᠃ ᠲᠡᠷᠡ ᠪᠡᠷ ᠢᠰᠷᠧᠯ ᠤᠨ ᠡᠮᠦᠨ᠎ᠡ ᠬᠦᠴᠦ ᠪᠡᠨ ᠪᠤᠵᠠᠭᠠᠢᠷᠠᠭᠤᠯᠵᠤ᠂ 2 ᠶᠦᠳᠠ ᠶᠢᠨ ᠪᠦᠬᠦ ᠪᠡᠬᠢᠯᠡᠯᠲᠡᠲᠦ ᠬᠣᠲᠠ ᠳᠤ ᠴᠡᠷᠢᠭ ᠪᠠᠢᠷᠢᠯᠠᠭᠤᠯᠤᠨ᠂ ᠶᠦᠳᠠ ᠬᠢᠭᠡᠳ ᠡᠴᠢᠭᠡ ᠠᠰᠠ ᠶᠢᠨ ᠢᠶᠠᠨ ᠡᠵᠡᠯᠡᠨ ᠠᠪᠤᠭᠰᠠᠨ ᠡᠹᠷᠠᠢᠮ ᠤᠨ ᠬᠣᠲᠠ ᠨᠤᠭᠤᠳ ᠲᠤ ᠴᠡᠷᠢᠭ ᠠᠩ᠋ᠭᠢ ᠲᠠᠯᠪᠢᠵᠠᠢ᠃ 3 ᠶᠧᠬᠣᠱᠠᠹᠠᠲ ᠡᠴᠢᠭᠡ ᠡᠪᠦᠭᠡ ᠳ᠋ᠠᠸᠢᠳ᠋ ᠤᠨ ᠢᠶᠠᠨ ᠡᠷᠲᠡᠨ ᠦ ᠵᠠᠮ ᠢ ᠳᠠᠭᠠᠭᠰᠠᠨ ᠤᠴᠢᠷ ᠶᠣᠬᠣᠸᠠ ᠲᠡᠭᠦᠨ ᠲᠡᠢ ᠬᠠᠮᠲᠤ ᠪᠠᠢᠯ᠎ᠠ᠃ ᠲᠡᠷᠡ ᠪᠡᠷ ᠪᠠᠯ ᠤᠳ ᠢ ᠬᠠᠢᠯ ᠦᠭᠡᠢ᠂ 4 ᠬᠠᠷᠢᠨ ᠡᠴᠢᠭᠡ ᠶᠢᠨ ᠢᠶᠠᠨ ᠪᠤᠷᠬᠠᠨ ᠢ ᠬᠠᠢᠵᠤ᠂ ᠲᠡᠭᠦᠨ ᠦ ᠲᠤᠰᠢᠶᠠᠯ ᠢ ᠪᠡᠶᠡᠯᠡᠭᠦᠯᠪᠡ᠃ ᠲᠡᠷᠡ ᠢᠰᠷᠧᠯ ᠤᠨ ᠦᠢᠯᠡ ᠶᠠᠪᠤᠳᠠᠯ ᠢ ᠳᠠᠭᠠᠭᠰᠠᠨ ᠦᠭᠡᠢ᠃ 5 ᠶᠣᠬᠣᠸᠠ ᠲᠡᠭᠦᠨ ᠦ ᠭᠠᠷ ᠢᠶᠠᠷ ᠬᠠᠭᠠᠨᠴᠢᠯᠠᠯ ᠢ ᠪᠠᠲᠤᠵᠢᠭᠤᠯᠤᠭᠰᠠᠨ ᠳᠤ᠂ ᠪᠦᠬᠦ ᠶᠦᠳᠠ ᠶᠧᠬᠣᠱᠠᠹᠠᠲ ᠲᠤ ᠠᠯᠪᠠ ᠭᠤᠪᠴᠢᠭᠤᠷ ᠠᠪᠴᠢᠷᠠᠪᠠ᠃ ᠲᠡᠷᠡ ᠦᠯᠡᠮᠵᠢ ᠬᠥᠷᠥᠩᠭᠡ ᠲᠠᠢ ᠪᠥᠭᠡᠳ ᠨᠡᠷ᠎ᠡ ᠬᠦᠨᠳᠦᠲᠡᠢ ᠪᠠᠢᠪᠠ᠃ 6 ᠶᠣᠬᠣᠸᠠ ᠶᠢᠨ ᠵᠠᠮ ᠤᠨ ᠤᠯᠠᠮ ᠢᠶᠠᠷ ᠲᠡᠭᠦᠨ ᠦ ᠰᠡᠳᠬᠢᠯ ᠪᠠᠶᠠᠷᠯᠠᠪᠠ᠂ ᠲᠡᠷᠡ ᠪᠠᠰᠠ ᠮᠥᠷᠭᠥᠯ ᠦᠨ ᠮᠠᠨᠳᠠᠯ ᠤᠳ ᠪᠣᠯᠣᠨ ᠠᠱᠧᠷᠠ ᠶᠢᠨ ᠱᠣᠩ ᠤᠳ ᠢ ᠵᠠᠢᠯᠠᠭᠤᠯᠵᠠᠢ᠃

7 ᠲᠡᠷᠡ ᠪᠡᠷ ᠬᠠᠭᠠᠨ ᠪᠣᠯᠣᠭᠰᠠᠨ ᠭᠤᠷᠪᠠᠳᠠᠬᠢ ᠵᠢᠯ ᠳᠡᠭᠡᠨ ᠪᠧᠨ ᠬᠠᠢᠯ᠂ ᠣᠪᠠᠳᠢᠶ᠎ᠠ᠂ ᠽᠧᠺᠠᠷᠢᠶ᠎ᠠ᠂ ᠨᠧᠲ᠋ᠠᠨᠧᠯ᠂ ᠮᠢᠺᠠᠢᠶ᠎ᠠ ᠵᠡᠷᠭᠡ ᠲᠦᠰᠢᠮᠡᠳ ᠢᠶᠡᠨ ᠪᠦᠬᠦ ᠶᠦᠳᠠ ᠶᠢᠨ ᠬᠣᠲᠠ ᠨᠤᠭᠤᠳ ᠲᠤ ᠨᠣᠮ ᠵᠢᠭᠠᠯᠭᠠᠬᠤ ᠪᠠᠷ ᠢᠯᠡᠭᠡᠪᠡ᠃ 8 ᠲᠡᠳᠡᠨ ᠲᠡᠢ ᠬᠠᠮᠲᠤ ᠱᠧᠮᠠᠢᠶ᠎ᠠ᠂ ᠨᠧᠲ᠋ᠠᠨᠢᠶ᠎ᠠ᠂ ᠽᠧᠪᠠᠳᠢᠶ᠎ᠠ᠂ ᠠᠰᠠᠾᠧᠯ᠂ ᠱᠧᠮᠢᠷᠠᠮᠣᠲ᠂ ᠶᠧᠬᠣᠨᠠᠲ᠋ᠠᠨ᠂ ᠠᠳᠣᠨᠢᠶ᠎ᠠ᠂ ᠲᠣᠪᠢᠶ᠎ᠠ᠂ ᠲᠣᠪ ᠠᠳᠣᠨᠢᠶ᠎ᠠ ᠵᠡᠷᠭᠡ ᠯᠧᠸᠢᠴᠦᠳ᠂ ᠮᠥᠨ ᠡᠯᠢᠱᠠᠮᠠ᠂ ᠶᠧᠬᠣᠷᠠᠮ ᠵᠡᠷᠭᠡ ᠲᠠᠬᠢᠯᠴᠢᠳ ᠴᠤ ᠶᠠᠪᠤᠵᠠᠢ᠃ 9 ᠲᠡᠳᠡ ᠶᠣᠬᠣᠸᠠ ᠶᠢᠨ ᠬᠠᠤᠯᠢ ᠶᠢᠨ ᠨᠣᠮ ᠢ ᠠᠪᠴᠤ᠂ ᠪᠦᠬᠦ ᠶᠦᠳᠠ ᠳᠤ ᠰᠤᠷᠭᠠᠪᠠ᠃ ᠲᠡᠳᠡ ᠶᠦᠳᠠ ᠶᠢᠨ ᠬᠣᠲᠠ ᠨᠤᠭᠤᠳ ᠢᠶᠠᠷ ᠠᠶᠠᠯᠠᠵᠤ᠂ ᠠᠷᠠᠳ ᠲᠦᠮᠡᠨ ᠳᠡᠭᠡᠨ ᠵᠢᠭᠠᠭᠰᠠᠨ ᠪᠠᠢᠨ᠎ᠠ᠃

10 ᠶᠦᠳᠠ ᠶᠢᠨ ᠡᠷᠭᠢᠨ ᠲᠣᠭᠣᠷᠢᠨ ᠳᠠᠬᠢ ᠪᠦᠬᠦ ᠭᠠᠵᠠᠷ ᠤᠨ ᠬᠠᠭᠠᠨᠴᠢᠯᠠᠯ ᠳᠡᠭᠡᠷ᠎ᠡ ᠶᠣᠬᠣᠸᠠ ᠶᠢᠨ ᠠᠢᠳᠠᠰ ᠪᠠᠭᠤᠭᠰᠠᠨ ᠢᠶᠠᠷ ᠲᠡᠳᠡ ᠶᠧᠬᠣᠱᠠᠹᠠᠲ ᠲᠠᠢ ᠳᠠᠢᠲᠤᠬᠤ ᠦᠭᠡᠢ ᠪᠠᠢᠯ᠎ᠠ᠃ 11 ᠹᠢᠯᠢᠰᠲ᠋ᠴᠦᠳ ᠶᠧᠬᠣᠱᠠᠹᠠᠲ ᠲᠤ ᠮᠥᠩᠭᠥ ᠪᠣᠯᠣᠨ ᠪᠡᠯᠡᠭ ᠦᠨ ᠠᠯᠪᠠ ᠭᠤᠪᠴᠢᠭᠤᠷ ᠠᠪᠴᠢᠷᠠᠳᠠᠭ ᠪᠠᠢᠭᠰᠠᠨ ᠪᠣᠯ᠂ ᠠᠷᠠᠪᠴᠤᠳ ᠳᠣᠯᠣᠭᠠᠨ ᠮᠢᠩ᠋ᠭ᠎ᠠ ᠳᠣᠯᠣᠭᠠᠨ ᠵᠠᠭᠤᠨ ᠬᠤᠴᠠ᠂ ᠳᠣᠯᠣᠭᠠᠨ ᠮᠢᠩ᠋ᠭ᠎ᠠ ᠳᠣᠯᠣᠭᠠᠨ ᠵᠠᠭᠤᠨ ᠤᠬᠤᠨ᠎ᠠ ᠲᠠᠢ ᠰᠦᠷᠦᠭ ᠠᠪᠴᠢᠷᠠᠳᠠᠭ ᠪᠠᠢᠪᠠ᠃ 12 ᠶᠧᠬᠣᠱᠠᠹᠠᠲ ᠤᠯᠠᠮ ᠬᠦᠴᠦᠷᠬᠡᠭ ᠪᠣᠯᠪᠠ᠃ ᠲᠡᠷᠡ ᠶᠦᠳᠠ ᠳᠤ ᠪᠡᠬᠢᠯᠡᠯᠲᠡ ᠪᠣᠯᠣᠨ ᠨᠥᠭᠡᠴᠡᠯᠡᠬᠦ ᠲᠥᠪ ᠪᠣᠯᠬᠤ ᠬᠣᠲᠠ ᠨᠤᠭᠤᠳ ᠢ ᠪᠠᠷᠢᠵᠤ᠂ 13 ᠶᠦᠳᠠ ᠶᠢᠨ ᠬᠣᠲᠠ ᠨᠤᠭᠤᠳ ᠢᠶᠠᠷ ᠮᠠᠰᠢ ᠶᠡᠬᠡ ᠠᠵᠢᠯ ᠬᠢᠵᠦ᠂ ᠶᠧᠷᠦ᠋ᠰᠠᠯᠧᠮ ᠳᠤ ᠴᠡᠷᠢᠭ ᠪᠠ ᠬᠦᠴᠦᠲᠦ ᠳᠠᠢᠴᠢᠨ ᠢ ᠪᠠᠢᠷᠢᠯᠠᠭᠤᠯᠪᠠ᠃ 14 ᠲᠡᠳᠡᠨ ᠢ ᠠᠢᠮᠠᠭ ᠤᠳ ᠢᠶᠠᠷ ᠨᠢ ᠲᠣᠭᠠᠯᠠᠪᠠᠯ᠂ ᠶᠦᠳᠠ ᠶᠢᠨ ᠬᠤᠪᠢ ᠳᠤ᠂ ᠮᠢᠩ᠋ᠭᠠᠲᠤ ᠶᠢᠨ ᠳᠠᠷᠤᠭ᠎ᠠ ᠨᠠᠷ ᠤᠨ ᠳᠤᠮᠳᠠ ᠲᠡᠷᠢᠭᠦᠨ ᠵᠠᠩᠵᠤᠨ ᠠᠳ᠋ᠨᠠ ᠶᠢᠨ ᠳᠣᠣᠷ᠎ᠠ ᠭᠤᠴᠢᠨ ᠲᠦᠮᠡᠨ ᠬᠦᠴᠦᠲᠦ ᠳᠠᠢᠴᠢᠨ᠂ 15 ᠳᠠᠷᠠᠭᠠᠬᠢ ᠨᠢ ᠵᠠᠩᠵᠤᠨ ᠶᠧᠬᠣᠬᠠᠨᠠᠨ ᠤ ᠳᠣᠣᠷ᠎ᠠ ᠬᠣᠷᠢᠨ ᠨᠠᠢ᠌ᠮᠠᠨ ᠲᠦᠮᠡᠨ ᠳᠠᠢᠴᠢᠨ᠂ 16 ᠪᠠᠰᠠ ᠳᠠᠷᠠᠭᠠᠬᠢ ᠨᠢ ᠽᠢᠺᠷᠢ ᠶᠢᠨ ᠬᠦᠦ᠂ ᠶᠣᠬᠣᠸᠠ ᠳᠤ ᠥᠪᠡᠷ ᠢ ᠪᠠᠨ ᠵᠣᠷᠢᠭᠤᠯᠤᠭᠰᠠᠨ ᠠᠮᠠᠰᠢᠶ᠎ᠠ ᠶᠢᠨ ᠳᠣᠣᠷ᠎ᠠ ᠬᠣᠷᠢᠨ ᠲᠦᠮᠡᠨ ᠬᠦᠴᠦᠲᠦ ᠳᠠᠢᠴᠢᠨ ᠪᠠᠢᠭᠰᠠᠨ ᠪᠥᠭᠡᠳ 17 ᠪᠢᠨᠶᠠᠮᠢᠨ ᠤ ᠬᠤᠪᠢ ᠳᠤ᠂ ᠬᠦᠴᠦᠲᠦ ᠳᠠᠢᠴᠢᠨ ᠡᠯᠢᠶᠠᠳᠠ ᠶᠢᠨ ᠳᠣᠣᠷ᠎ᠠ ᠨᠤᠮᠤ᠂ ᠪᠠᠮᠪᠠᠢ ᠪᠠᠷ ᠵᠡᠪᠰᠡᠭᠯᠡᠭᠰᠡᠨ ᠬᠣᠷᠢᠨ ᠲᠦᠮᠡᠨ ᠡᠷ᠎ᠡ᠂ 18 ᠳᠠᠷᠠᠭᠠᠬᠢ ᠳᠠᠢᠴᠢᠨ ᠶᠧᠬᠣᠽᠠᠪᠠᠳ᠋ ᠤᠨ ᠳᠣᠣᠷ᠎ᠠ ᠲᠤᠯᠤᠯᠳᠤᠭᠠᠨ ᠳᠤ ᠵᠡᠪᠰᠡᠭᠯᠡᠭᠰᠡᠨ ᠠᠷᠪᠠᠨ ᠨᠠᠢ᠌ᠮᠠᠨ ᠲᠦᠮᠡᠨ ᠡᠷ᠎ᠡ ᠪᠠᠢᠪᠠ᠃ 19 ᠡᠳᠡᠭᠡᠷ ᠨᠢ ᠬᠠᠭᠠᠨ ᠳᠤ ᠦᠢᠯᠡᠴᠢᠯᠡᠳᠡᠭ᠌ ᠴᠡᠷᠢᠭ ᠤᠳ ᠶᠤᠮ᠃ ᠲᠡᠳᠡ ᠨᠠᠷ ᠠᠴᠠ ᠭᠠᠳᠠᠨ᠎ᠠ ᠪᠦᠬᠦ ᠶᠦᠳᠠ ᠳᠤ ᠬᠠᠭᠠᠨ ᠤ ᠪᠠᠢᠷᠢᠯᠠᠭᠤᠯᠤᠭᠰᠠᠨ ᠴᠡᠷᠢᠭ ᠤᠳ ᠪᠠᠢᠯ᠎ᠠ᠃