ᠱᠠᠰᠲᠢᠷ ᠤᠨ ᠳᠡᠳ᠋ ᠠᠷᠪᠠᠨ ᠬᠣᠶᠠᠷ
ᠶᠧᠵᠢᠫᠲ ᠤᠨ ᠳᠣᠪᠲᠣᠯᠭᠠᠨ
1 ᠷᠧᠬᠣᠪᠣᠶᠠᠮ ᠤᠨ ᠬᠠᠭᠠᠨᠴᠢᠯᠠᠯ ᠪᠠᠲᠤᠵᠢᠵᠤ᠂ ᠬᠦᠴᠦᠷᠬᠡᠭᠵᠢᠬᠦ ᠳᠦ᠂ ᠲᠡᠷᠡ ᠪᠡᠷ ᠶᠣᠬᠣᠸᠠ ᠶᠢᠨ ᠬᠠᠤᠯᠢ ᠶᠢ ᠣᠭᠣᠷᠣᠭᠰᠠᠨ ᠪᠠ ᠪᠦᠬᠦ ᠢᠰᠷᠧᠯ ᠲᠡᠭᠦᠨ ᠢ ᠳᠠᠭᠠᠭᠰᠠᠨ ᠪᠠᠢᠨ᠎ᠠ᠃ 2 ᠲᠡᠳᠡ ᠶᠣᠬᠣᠸᠠ ᠳᠤ ᠢᠲᠡᠭᠡᠮᠵᠢ ᠠᠯᠳᠠᠭᠰᠠᠨ ᠲᠤᠯᠠ ᠷᠧᠬᠣᠪᠣᠶᠠᠮ ᠬᠠᠭᠠᠨ ᠤ ᠲᠠᠪᠤᠳᠤᠭᠠᠷ ᠣᠨ ᠳᠤ ᠶᠧᠵᠢᠫᠲ ᠤᠨ ᠬᠠᠭᠠᠨ ᠱᠢᠱᠠᠺ ᠶᠧᠷᠦ᠋ᠰᠠᠯᠧᠮ ᠢ ᠳᠣᠪᠲᠣᠯᠪᠠ᠃ 3 ᠲᠡᠷᠡ ᠪᠡᠷ ᠮᠢᠩ᠋ᠭ᠎ᠠ ᠬᠣᠶᠠᠷ ᠵᠠᠭᠤᠨ ᠲᠡᠷᠭᠡ᠂ ᠵᠢᠷᠭᠤᠭᠠᠨ ᠲᠦᠮᠡᠨ ᠮᠣᠷᠢᠲᠠᠨ ᠠᠴᠠ ᠭᠠᠳᠠᠨ᠎ᠠ᠂ ᠶᠧᠵᠢᠫᠲ ᠡᠴᠡ ᠯᠢᠪᠢᠶᠠ᠂ ᠰᠦᠺ᠂ ᠡᠲ᠋ᠢᠶᠤᠫᠢᠶᠠ ᠬᠥᠮᠦᠨ ᠢ ᠲᠣᠭ᠎ᠠ ᠲᠣᠮᠰᠢ ᠦᠭᠡᠢ ᠣᠯᠠᠨ ᠠᠪᠴᠢᠷᠠᠵᠤ᠂ 4 ᠶᠦᠳᠠ ᠶᠢᠨ ᠪᠡᠬᠢᠯᠡᠯᠲᠡᠲᠦ ᠬᠣᠲᠠ ᠨᠤᠭᠤᠳ ᠢ ᠡᠵᠡᠯᠡᠨ ᠠᠪᠤᠭᠰᠠᠨ ᠤ ᠳᠠᠷᠠᠭ᠎ᠠ᠂ ᠶᠧᠷᠦ᠋ᠰᠠᠯᠧᠮ ᠳᠤ ᠬᠦᠷᠦᠭᠰᠡᠨ ᠪᠠᠢᠯ᠎ᠠ᠃ 5 ᠲᠡᠷᠡ ᠦᠶ᠎ᠡ ᠳᠦ ᠶᠦᠳᠠ ᠶᠢᠨ ᠨᠣᠶᠠᠳ ᠱᠢᠱᠠᠺ ᠠᠴᠠ ᠪᠣᠯᠵᠤ ᠶᠧᠷᠦ᠋ᠰᠠᠯᠧᠮ ᠤᠷᠤᠭᠤ ᠷᠧᠬᠣᠪᠣᠶᠠᠮ ᠤᠨ ᠳᠡᠷᠭᠡᠳᠡ ᠴᠤᠭᠯᠠᠷᠠᠭᠰᠠᠨ ᠪᠠᠢᠪᠠ᠃ ᠡᠰᠢ ᠦᠵᠡᠭᠦᠯᠦᠭᠴᠢ ᠱᠧᠮᠠᠢᠶ᠎ᠠ ᠢᠷᠡᠵᠦ᠂ ᠲᠡᠳᠡᠨ ᠳᠦ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠨᠠᠮᠠᠶᠢ ᠣᠭᠣᠷᠣᠭᠰᠠᠨ ᠤᠴᠢᠷ ᠠᠴᠠ ᠪᠢ ᠴᠤ ᠲᠠ ᠨᠠᠷ ᠢ ᠣᠭᠣᠷᠴᠤ᠂ ᠱᠢᠱᠠᠺ ᠤᠨ ᠭᠠᠷ ᠲᠤ ᠲᠤᠰᠢᠶᠠᠭᠰᠠᠨ〉》 ᠭᠡᠪᠡ᠃ 6 ᠢᠰᠷᠧᠯ ᠤᠨ ᠨᠣᠶᠠᠳ ᠬᠠᠭᠠᠨ ᠲᠠᠢ ᠬᠠᠮᠲᠤ ᠥᠪᠡᠷᠰᠡᠳ ᠢ ᠪᠠᠨ ᠳᠠᠷᠤᠤ ᠪᠣᠯᠭᠠᠵᠤ᠄ 《ᠶᠣᠬᠣᠸᠠ ᠪᠣᠯ ᠵᠥᠪ ᠰᠢᠳᠤᠷᠭᠤ ᠪᠢᠯᠡ》 ᠭᠡᠵᠡᠭᠡᠬᠦ ᠳᠦ᠂ 7 ᠥᠪᠡᠷᠰᠡᠳ ᠢ ᠪᠠᠨ ᠳᠠᠷᠤᠤ ᠪᠣᠯᠭᠠᠭᠰᠠᠨ ᠢ ᠨᠢ ᠶᠣᠬᠣᠸᠠ ᠦᠵᠡᠪᠡ᠃ ᠲᠡᠭᠦᠨ ᠦ ᠦᠭᠡ ᠱᠧᠮᠠᠢᠶ᠎ᠠ ᠳᠤ ᠢᠷᠡᠵᠦ᠄ 《ᠲᠡᠳᠡ ᠥᠪᠡᠷᠰᠡᠳ ᠢ ᠪᠠᠨ ᠳᠠᠷᠤᠤ ᠪᠣᠯᠭᠠᠭᠰᠠᠨ ᠤᠴᠢᠷ ᠠᠴᠠ ᠪᠢ ᠲᠡᠳᠡᠨ ᠢ ᠤᠰᠠᠳᠬᠠᠬᠤ ᠦᠭᠡᠢ᠂ ᠬᠠᠷᠢᠨ ᠲᠡᠳᠡᠨ ᠢ ᠵᠢᠭᠠᠬᠠᠨ 18 ᠴᠢᠯᠥᠭᠡᠯᠡᠨ᠎ᠡ᠂ ᠪᠢ ᠠᠭᠤᠷ ᠬᠢᠯᠢᠩ ᠢᠶᠠᠨ ᠱᠢᠱᠠᠺ ᠢᠶᠠᠷ ᠳᠠᠮᠵᠢᠭᠤᠯᠤᠨ ᠶᠧᠷᠦ᠋ᠰᠠᠯᠧᠮ ᠤᠨ ᠳᠡᠭᠡᠷ᠎ᠡ ᠪᠠᠭᠤᠯᠭᠠᠬᠤ ᠦᠭᠡᠢ᠃ 8 ᠬᠠᠷᠢᠨ ᠲᠡᠳᠡ ᠱᠢᠱᠠᠺ ᠤᠨ ᠵᠠᠷᠤᠴᠠ ᠪᠣᠯᠣᠨ᠎ᠠ᠂ ᠡᠢᠨ ᠬᠦ ᠲᠡᠳᠡ ᠨᠠᠳᠠ ᠳᠤ ᠦᠢᠯᠡᠴᠢᠯᠡᠬᠦ ᠪᠣᠯᠣᠨ ᠭᠠᠵᠠᠷ ᠤᠨ ᠬᠠᠭᠠᠨᠴᠢᠯᠠᠯ ᠤᠳ ᠲᠤ ᠦᠢᠯᠡᠴᠢᠯᠡᠬᠦ ᠬᠣᠶᠠᠷ ᠤᠨ ᠢᠯᠭᠠᠭ᠎ᠠ ᠶᠢ ᠮᠡᠳᠡᠬᠦ ᠪᠣᠯᠣᠨ᠎ᠠ》 ᠭᠡᠯᠡ᠃
9 ᠶᠧᠵᠢᠫᠲ ᠤᠨ ᠬᠠᠭᠠᠨ ᠱᠢᠱᠠᠺ ᠶᠧᠷᠦ᠋ᠰᠠᠯᠧᠮ ᠤᠷᠤᠭᠤ ᠳᠠᠭᠠᠷᠢᠨ ᠢᠷᠡᠭᠡᠳ᠂ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠡᠷᠳᠡᠨᠢᠰ ᠢ ᠲᠣᠨᠣᠵᠤ᠂ ᠪᠦᠭᠦᠳᠡ ᠶᠢ ᠠᠪᠠᠴᠢᠵᠠᠢ᠃ ᠲᠡᠷᠡ ᠪᠡᠷ ᠰᠣᠯᠣᠮᠣᠨ ᠤ ᠬᠢᠭᠰᠡᠨ ᠠᠯᠲᠠᠨ ᠪᠠᠮᠪᠠᠢ ᠨᠤᠭᠤᠳ ᠢ ᠴᠤ ᠪᠦᠭᠦᠳᠡ ᠶᠢ ᠠᠪᠠᠴᠢᠭᠰᠠᠨ ᠪᠣᠯᠬᠣᠷ 10 ᠷᠧᠬᠣᠪᠣᠶᠠᠮ ᠬᠠᠭᠠᠨ ᠲᠡᠳᠡᠭᠡᠷ ᠦᠨ ᠣᠷᠣᠨ ᠳᠤ ᠭᠠᠤᠯᠢᠨ ᠪᠠᠮᠪᠠᠢ ᠬᠢᠵᠦ᠂ ᠬᠠᠭᠠᠨ ᠤ ᠣᠷᠳᠣᠨ ᠤ ᠬᠠᠭᠠᠯᠭ᠎ᠠ ᠰᠠᠬᠢᠳᠠᠭ ᠬᠠᠷᠠᠭᠤᠯ ᠤᠨ ᠳᠠᠷᠤᠭ᠎ᠠ ᠨᠠᠷ ᠲᠤ ᠲᠡᠳᠡᠭᠡᠷ ᠢ ᠳᠠᠭᠠᠭᠠᠯᠭᠠᠵᠠᠢ᠃ 11 ᠬᠠᠭᠠᠨ ᠶᠣᠬᠣᠸᠠ ᠶᠢᠨ ᠥᠷᠭᠥᠭᠡᠨ ᠳᠦ ᠣᠷᠣᠬᠤ ᠪᠣᠯᠭᠠᠨ ᠳᠤ᠂ ᠬᠠᠷᠠᠭᠤᠯ ᠤᠳ ᠴᠤ ᠪᠠᠮᠪᠠᠢ ᠪᠠᠷᠢᠨ ᠲᠡᠭᠦᠨ ᠲᠡᠢ ᠬᠠᠮᠲᠤ ᠣᠷᠣᠭᠠᠳ ᠳᠠᠷᠠᠭ᠎ᠠ ᠨᠢ ᠬᠠᠷᠠᠭᠤᠯ ᠤᠨ ᠥᠷᠥᠭᠡᠨ ᠳᠦ ᠪᠤᠴᠠᠭᠠᠵᠤ ᠲᠠᠯᠪᠢᠳᠠᠭ ᠪᠠᠢᠪᠠ᠃ 12 ᠷᠧᠬᠣᠪᠣᠶᠠᠮ ᠥᠪᠡᠷ ᠢ ᠪᠠᠨ ᠳᠠᠷᠤᠤ ᠪᠣᠯᠭᠠᠬᠤ ᠳᠤ᠂ ᠶᠣᠬᠣᠸᠠ ᠠᠭᠤᠷ ᠬᠢᠯᠢᠩ ᠢᠶᠠᠨ ᠲᠡᠭᠦᠨ ᠡᠴᠡ ᠡᠷᠭᠢᠭᠦᠯᠵᠦ᠂ ᠲᠡᠭᠦᠨ ᠢ ᠪᠦᠷᠢᠮᠦᠰᠦᠨ ᠤᠰᠠᠳᠬᠠᠭᠰᠠᠨ ᠦᠭᠡᠢ᠃ ᠶᠦᠳᠠ ᠳᠤ ᠰᠠᠢᠨ ᠵᠦᠢᠯᠡᠰ ᠴᠤ ᠬᠠᠷᠠᠭᠳᠠᠵᠤ ᠪᠠᠢᠯ᠎ᠠ᠃
13 ᠷᠧᠬᠣᠪᠣᠶᠠᠮ ᠲᠡᠢᠨ ᠬᠦ ᠬᠦᠴᠦᠷᠬᠡᠭᠵᠢᠵᠦ᠂ ᠶᠧᠷᠦ᠋ᠰᠠᠯᠧᠮ ᠳᠤ ᠬᠠᠭᠠᠨᠴᠢᠯᠠᠪᠠ᠃ ᠷᠧᠬᠣᠪᠣᠶᠠᠮ ᠳᠥᠴᠢᠨ ᠨᠢᠭᠡᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠠᠷᠪᠠᠨ ᠳᠣᠯᠣᠭᠠᠨ ᠵᠢᠯ ᠬᠠᠭᠠᠨᠴᠢᠯᠠᠵᠠᠢ᠃ ᠶᠣᠬᠣᠸᠠ ᠲᠡᠨᠳᠡ ᠨᠡᠷ᠎ᠡ ᠪᠡᠨ ᠲᠠᠯᠪᠢᠬᠤ ᠭᠡᠵᠦ ᠲᠡᠷᠡ ᠬᠣᠲᠠ ᠶᠢ ᠢᠰᠷᠧᠯ ᠤᠨ ᠪᠦᠬᠦ ᠣᠪᠣᠭ ᠠᠴᠠ ᠰᠣᠩ᠋ᠭᠣᠵᠤ ᠠᠪᠤᠭᠰᠠᠨ ᠪᠢᠯᠡ᠃ ᠷᠧᠬᠣᠪᠣᠶᠠᠮ ᠤᠨ ᠡᠬᠡ ᠪᠣᠯ ᠠᠮᠣᠨ ᠡᠮᠡᠭᠲᠡᠢ ᠨᠠᠮ᠎ᠠ ᠶᠤᠮ᠃ 14 ᠷᠧᠬᠣᠪᠣᠶᠠᠮ ᠰᠡᠳᠬᠢᠯ ᠰᠢᠭᠤᠳᠤᠨ ᠶᠣᠬᠣᠸᠠ ᠶᠢ ᠬᠠᠢᠬᠤ ᠦᠭᠡᠢ᠂ ᠪᠤᠵᠠᠷ ᠮᠠᠭᠤ ᠶᠢ ᠦᠢᠯᠡᠳᠴᠦ ᠪᠠᠢᠯ᠎ᠠ᠃
15 ᠷᠧᠬᠣᠪᠣᠶᠠᠮ ᠤᠨ ᠦᠢᠯᠡ ᠶᠠᠪᠤᠳᠠᠯ ᠤᠳ ᠨᠢ ᠡᠬᠢᠨ ᠡᠴᠡ ᠪᠡᠨ ᠳᠠᠭᠤᠰᠲᠠᠯ᠎ᠠ ᠡᠰᠢ ᠦᠵᠡᠭᠦᠯᠦᠭᠴᠢ ᠱᠧᠮᠠᠢᠶ᠎ᠠ᠂ ᠪᠣᠱᠣᠭᠴᠢ ᠢᠳᠣ᠋ ᠶᠢᠨ ᠭᠡᠷ ᠦᠨ ᠴᠠᠳᠢᠭ ᠲᠤ ᠪᠢᠴᠢᠭᠳᠡᠭᠰᠡᠨ ᠪᠢᠰᠢ ᠤᠤ︖ ᠷᠧᠬᠣᠪᠣᠶᠠᠮ᠂ ᠶᠧᠷᠣᠪᠣᠶᠠᠮ ᠨᠠᠷ ᠤᠨ ᠪᠦᠬᠦᠢᠯᠡ ᠡᠳᠦᠷ ᠤᠳ ᠲᠤ ᠲᠡᠳᠡ ᠨᠠᠷ ᠤᠨ ᠬᠣᠭᠣᠷᠣᠨᠳᠣ ᠳᠠᠢᠨ ᠪᠠᠢᠭᠰᠠᠭᠠᠷ ᠪᠠᠢᠪᠠ᠃ 16 ᠷᠧᠬᠣᠪᠣᠶᠠᠮ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠳ᠋ᠠᠸᠢᠳ᠋ ᠤᠨ ᠬᠣᠲᠠ ᠳᠤ ᠣᠷᠣᠰᠢᠭᠤᠯᠤᠭᠳᠠᠵᠠᠢ᠃ ᠬᠦᠦ ᠠᠪᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠣᠭᠰᠠᠨ ᠪᠠᠢᠨ᠎ᠠ᠃