ᠱᠠᠰᠲᠢᠷ ᠤᠨ ᠳᠡᠳ᠋ ᠠᠷᠪᠠᠨ ᠨᠠᠢ᠌ᠮᠠ
ᠡᠰᠢ ᠦᠵᠡᠭᠦᠯᠦᠭᠴᠢ ᠬᠠᠭᠠᠨ ᠳᠤ ᠠᠩ᠋ᠬᠠᠷᠤᠭᠤᠯᠪᠠ
1 ᠶᠧᠬᠣᠱᠠᠹᠠᠲ ᠠᠰᠤᠷᠤ ᠶᠡᠬᠡ ᠬᠥᠷᠥᠩᠭᠡ ᠲᠠᠢ᠂ ᠨᠡᠷ᠎ᠡ ᠬᠦᠨᠳᠦᠲᠡᠢ ᠪᠠᠢᠯ᠎ᠠ᠃ ᠲᠡᠷᠡ ᠠᠬᠠᠪ ᠲᠠᠢ ᠬᠣᠲᠠ ᠤᠷᠤᠭ ᠪᠣᠯᠵᠤ᠂ 2 ᠬᠡᠳᠦᠨ ᠵᠢᠯ ᠤᠨ ᠳᠠᠷᠠᠭ᠎ᠠ ᠰᠠᠮᠠᠷᠢᠶ᠎ᠠ ᠳᠤ ᠪᠠᠢᠭ᠎ᠠ ᠠᠬᠠᠪ ᠳᠡᠭᠡᠷ᠎ᠡ ᠣᠴᠢᠪᠠ᠃ ᠠᠬᠠᠪ ᠲᠡᠭᠦᠨ ᠳᠦ ᠪᠣᠯᠣᠨ ᠲᠡᠭᠦᠨ ᠦ ᠬᠠᠷᠢᠶ᠎ᠠ ᠬᠥᠮᠦᠰ ᠲᠦ ᠵᠣᠷᠢᠭᠤᠯᠤᠨ ᠣᠯᠠᠨ ᠬᠣᠨᠢ ᠦᠬᠡᠷ ᠭᠠᠷᠭᠠᠵᠤ᠂ ᠷᠠᠮᠣᠲ ᠭᠢᠯᠧᠶᠠᠳ᠋ ᠢ ᠳᠣᠪᠲᠣᠯᠣᠭᠤᠯᠬᠤ ᠪᠠᠷ ᠢᠳᠬᠠᠪᠠ᠃ 3 ᠢᠰᠷᠧᠯ ᠤᠨ ᠬᠠᠭᠠᠨ ᠠᠬᠠᠪ ᠶᠦᠳᠠ ᠶᠢᠨ ᠬᠠᠭᠠᠨ ᠶᠧᠬᠣᠱᠠᠹᠠᠲ ᠠᠴᠠ᠄ 《ᠲᠠ ᠨᠠᠳᠠ ᠲᠠᠢ ᠬᠠᠮᠲᠤ ᠷᠠᠮᠣᠲ ᠭᠢᠯᠧᠶᠠᠳ᠋ ᠲᠤ ᠶᠠᠪᠤᠬᠤ ᠤᠤ︖》 ᠭᠡᠵᠦ ᠠᠰᠠᠭᠤᠪᠠ᠂ ᠶᠧᠬᠣᠱᠠᠹᠠᠲ᠄ 《ᠲᠠ ᠪᠢᠳᠡ ᠬᠣᠶᠠᠷ ᠪᠣᠯ ᠨᠢᠭᠡ ᠶᠤᠮ᠂ ᠮᠠᠨ ᠤ ᠠᠷᠠᠳ ᠲᠦᠮᠡᠨ ᠪᠣᠯ ᠲᠠᠨ ᠤ ᠠᠷᠠᠳ ᠲᠦᠮᠡᠨ᠂ ᠲᠤᠯᠤᠯᠳᠤᠭᠠᠨ ᠳᠤ ᠪᠢᠳᠡ ᠲᠠᠨ ᠲᠠᠢ ᠬᠠᠮᠲᠤ ᠪᠠᠢᠬᠤ ᠪᠣᠯᠣᠨ᠎ᠠ》 ᠭᠡᠪᠡ᠃
4 ᠶᠧᠬᠣᠱᠠᠹᠠᠲ ᠢᠰᠷᠧᠯ ᠤᠨ ᠬᠠᠭᠠᠨ ᠳᠤ᠄ 《ᠬᠠᠷᠢᠨ ᠶᠠᠭᠤᠨ ᠤ ᠡᠮᠦᠨ᠎ᠡ ᠶᠣᠬᠣᠸᠠ ᠶᠢᠨ ᠦᠭᠡ ᠶᠢ ᠠᠰᠠᠭᠤᠵᠤ ᠥᠭᠭᠥᠨ᠎ᠡ ᠤᠤ︖》 ᠭᠡᠬᠦ ᠳᠦ᠂ 5 ᠢᠰᠷᠧᠯ ᠤᠨ ᠬᠠᠭᠠᠨ ᠳᠥᠷᠪᠡᠨ ᠵᠠᠭᠤᠨ ᠡᠰᠢ ᠦᠵᠡᠭᠦᠯᠦᠭᠴᠢ ᠴᠤᠭᠯᠠᠭᠤᠯᠵᠠᠢ᠃ ᠠᠬᠠᠪ᠄ 《ᠪᠢᠳᠡ ᠷᠠᠮᠣᠲ ᠭᠢᠯᠧᠶᠠᠳ᠋ ᠥᠭᠡᠳᠡ ᠪᠠᠢᠯᠳᠤᠬᠤ ᠪᠠᠷ ᠶᠠᠪᠤᠬᠤ ᠤᠤ︖ ᠪᠣᠯᠢᠬᠤ ᠤᠤ︖》 ᠭᠡᠰᠡᠨ ᠳᠦ᠂ ᠲᠡᠳᠡ᠄ 《ᠶᠠᠪᠤ᠂ ᠪᠤᠷᠬᠠᠨ ᠲᠡᠷᠡ ᠬᠣᠲᠠ ᠶᠢ ᠬᠠᠭᠠᠨ ᠤ ᠭᠠᠷ ᠲᠤ ᠲᠤᠰᠢᠶᠠᠬᠤ ᠪᠣᠯᠣᠨ᠎ᠠ》 ᠭᠡᠵᠡᠭᠡᠯ᠎ᠡ᠃ 6 ᠶᠧᠬᠣᠱᠠᠹᠠᠲ᠄ 《ᠡ᠊ᠨᠳᠡ ᠲᠡᠳᠡᠨ ᠡᠴᠡ ᠥᠭᠡᠷ᠎ᠡ ᠪᠢᠳᠡᠨ ᠦ ᠠᠰᠠᠭᠤᠴᠢᠬᠠᠬᠤ ᠪᠠᠷ ᠶᠣᠬᠣᠸᠠ ᠶᠢᠨ ᠡᠰᠢ ᠦᠵᠡᠭᠦᠯᠦᠭᠴᠢ ᠠᠯᠠᠭ᠎ᠠ ᠤᠤ︖》 ᠭᠡᠪᠡ᠃ 7 ᠢᠰᠷᠧᠯ ᠤᠨ ᠬᠠᠭᠠᠨ ᠪᠡᠷ ᠶᠧᠬᠣᠱᠠᠹᠠᠲ ᠲᠤ᠄ 《ᠢᠮᠯᠠ ᠶᠢᠨ ᠬᠦᠦ ᠮᠢᠺᠠᠢᠶ᠎ᠠ ᠭᠡᠳᠡᠭ ᠨᠢᠭᠡ ᠬᠥᠮᠦᠨ ᠪᠤᠢ᠃ ᠲᠡᠭᠦᠨ ᠢᠶᠡᠷ ᠳᠠᠮᠵᠢᠭᠤᠯᠤᠨ ᠶᠣᠬᠣᠸᠠ ᠠᠴᠠ ᠠᠰᠠᠭᠤᠵᠤ ᠪᠣᠯᠣᠨ᠎ᠠ᠃ ᠭᠡᠪᠡᠴᠦ ᠲᠡᠷᠡ ᠮᠢᠨᠦ ᠲᠤᠬᠠᠢ ᠰᠠᠢᠨ ᠢ ᠡᠰᠢ ᠦᠵᠡᠭᠦᠯᠳᠡᠭ ᠦᠭᠡᠢ᠂ ᠳᠠᠩᠳᠠ ᠪᠠᠨ ᠮᠠᠭᠤ ᠶᠢ ᠯᠠ ᠬᠡᠯᠡᠳᠡᠭ ᠤᠴᠢᠷ ᠠᠴᠠ ᠪᠢ ᠲᠡᠭᠦᠨ ᠢ ᠦᠵᠡᠨ ᠶᠠᠳᠠᠳᠠᠭ ᠶᠤᠮ》 ᠭᠡᠬᠦ ᠳᠦ᠂ ᠶᠧᠬᠣᠱᠠᠹᠠᠲ᠄ 《ᠬᠠᠭᠠᠨ ᠬᠥᠮᠦᠨ ᠲᠡᠭᠡᠵᠦ ᠶᠠᠷᠢᠵᠤ ᠪᠣᠯᠬᠤ ᠦᠭᠡᠢ ᠰᠢᠦ》 ᠭᠡᠵᠡᠢ᠃ 8 ᠢᠩᠭᠢᠭᠡᠳ ᠢᠰᠷᠧᠯ ᠤᠨ ᠬᠠᠭᠠᠨ ᠨᠢᠭᠡᠨ ᠲᠦᠰᠢᠮᠡᠯ ᠢᠶᠡᠨ ᠳᠠᠭᠤᠳᠠᠨ᠄ 《ᠢᠮᠯᠠ ᠶᠢᠨ ᠬᠦᠦ ᠮᠢᠺᠠᠢᠶ᠎ᠠ ᠶᠢ ᠬᠤᠷᠳᠤᠨ ᠠᠪᠴᠢᠷᠠ》 ᠭᠡᠵᠦ ᠬᠡᠯᠡᠪᠡ᠃ 9 ᠢᠰᠷᠧᠯ ᠤᠨ ᠬᠠᠭᠠᠨ ᠬᠢᠭᠡᠳ ᠶᠦᠳᠠ ᠶᠢᠨ ᠬᠠᠭᠠᠨ ᠶᠧᠬᠣᠱᠠᠹᠠᠲ ᠬᠠᠭᠠᠨ ᠤ ᠬᠤᠪᠴᠠᠰᠤ ᠪᠠᠨ ᠡᠮᠦᠰᠦᠨ᠂ ᠰᠠᠮᠠᠷᠢᠶ᠎ᠠ ᠬᠣᠲᠠ ᠶᠢᠨ ᠬᠠᠭᠠᠯᠭᠠᠨ ᠤ ᠬᠠᠵᠠᠭᠤ ᠳᠠᠬᠢ ᠦᠲᠦᠷᠮ᠎ᠡ ᠳᠦ ᠲᠤᠰ ᠲᠤᠰ ᠤᠨ ᠢᠶᠠᠨ ᠰᠡᠨᠲᠢ ᠳᠤ ᠵᠠᠯᠠᠷᠠᠵᠤ᠂ ᠡᠰᠢ ᠦᠵᠡᠭᠦᠯᠦᠭᠴᠢᠳ ᠪᠦᠭᠦᠳᠡᠭᠡᠷ ᠲᠡᠳᠡᠨ ᠦ ᠡᠮᠦᠨ᠎ᠡ ᠡᠰᠢ ᠦᠵᠡᠭᠦᠯᠵᠦ ᠪᠠᠢᠯ᠎ᠠ᠃ 10 ᠺᠧᠨᠠᠨᠠ ᠶᠢᠨ ᠬᠦᠦ ᠽᠧᠳᠧᠺᠢᠶ᠎ᠠ ᠬᠢᠭᠰᠡᠨ ᠲᠡᠮᠦᠷ ᠡᠪᠡᠷ ᠤᠳ ᠢᠶᠠᠨ ᠠᠪᠴᠢᠷᠠᠭᠠᠳ᠄ 《ᠶᠣᠬᠣᠸᠠ ᠡᠢᠨ ᠬᠦ ᠠᠢᠯᠠᠳᠴᠤ ᠪᠠᠢᠨ᠎ᠠ᠂ ᠲᠠ ᠡᠳᠡᠭᠡᠷ ᠢᠶᠡᠷ ᠠᠷᠠᠮᠴᠤᠳ ᠢ ᠮᠥᠷᠭᠥᠵᠦ ᠤᠰᠠᠳᠬᠠᠬᠤ ᠪᠣᠯᠣᠨ᠎ᠠ》 ᠭᠡᠵᠦ ᠲᠤᠩ᠋ᠬᠠᠭᠯᠠᠪᠠ᠃ 11 ᠪᠤᠰᠤᠳ ᠡᠰᠢ ᠦᠵᠡᠭᠦᠯᠦᠭᠴᠢ ᠴᠤ ᠪᠦᠭᠦᠳᠡᠭᠡᠷ ᠲᠡᠢᠨ ᠬᠦ ᠡᠰᠢ ᠦᠵᠡᠭᠦᠯᠵᠦ᠄ 《ᠷᠠᠮᠣᠲ ᠭᠢᠯᠧᠶᠠᠳ᠋ ᠤᠷᠤᠭᠤ ᠶᠠᠪᠤᠵᠤ ᠢᠯᠠᠯᠲᠠ ᠣᠯᠣᠭᠠᠷᠠᠢ᠃ ᠶᠣᠬᠣᠸᠠ ᠲᠡᠷᠡ ᠬᠣᠲᠠ ᠶᠢ ᠬᠠᠭᠠᠨ ᠤ ᠭᠠᠷ ᠲᠤ ᠲᠤᠰᠢᠶᠠᠬᠤ ᠪᠣᠯᠣᠨ᠎ᠠ》 ᠭᠡᠵᠡᠭᠡᠵᠦ ᠪᠠᠢᠯ᠎ᠠ᠃
12 ᠮᠢᠺᠠᠢᠶ᠎ᠠ ᠶᠢ ᠳᠠᠭᠤᠳᠠᠬᠤ ᠪᠠᠷ ᠣᠴᠢᠭᠰᠠᠨ ᠡᠯᠴᠢ ᠲᠡᠭᠦᠨ ᠳᠦ᠄ 《ᠬᠠᠷ᠎ᠠ᠂ ᠡᠰᠢ ᠦᠵᠡᠭᠦᠯᠦᠭᠴᠢᠳ ᠳᠠᠭᠤ ᠨᠢᠭᠡ ᠲᠠᠢ ᠪᠠᠷ ᠬᠠᠭᠠᠨ ᠳᠤ ᠰᠠᠢᠨ ᠢ ᠯᠠ ᠶᠠᠷᠢᠵᠤ ᠪᠠᠢᠨ᠎ᠠ᠂ ᠲᠠ ᠪᠠᠰᠠ ᠲᠡᠳᠡᠨ ᠲᠡᠢ ᠠᠳᠠᠯᠢ ᠰᠠᠢᠨ ᠢ ᠯᠠ ᠶᠠᠷᠢ ᠳᠠ》 ᠭᠡᠰᠡᠨ ᠳᠦ᠂ 13 ᠮᠢᠺᠠᠢᠶ᠎ᠠ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠮᠢᠨᠦ ᠪᠤᠷᠬᠠᠨ ᠶᠠᠭᠤ ᠠᠢᠯᠠᠳᠪᠠᠯ᠂ ᠪᠢ ᠲᠡᠭᠦᠨ ᠢ ᠯᠠ ᠶᠠᠷᠢᠬᠤ ᠪᠣᠯᠣᠨ᠎ᠠ》 ᠭᠡᠯᠡ᠃ 14 ᠲᠡᠷᠡ ᠪᠡᠷ ᠬᠠᠭᠠᠨ ᠤ ᠡᠮᠦᠨ᠎ᠡ ᠢᠷᠡᠬᠦ ᠳᠦ᠂ ᠬᠠᠭᠠᠨ ᠲᠡᠭᠦᠨ ᠡᠴᠡ᠄ 《ᠮᠢᠺᠠᠢᠶ᠎ᠠ᠂ ᠪᠢᠳᠡ ᠷᠠᠮᠣᠲ ᠭᠢᠯᠧᠶᠠᠳ᠋ ᠥᠭᠡᠳᠡ ᠪᠠᠢᠯᠳᠤᠬᠤ ᠪᠠᠷ ᠶᠠᠪᠤᠬᠤ ᠤᠤ︖ ᠪᠣᠯᠢᠬᠤ ᠤᠤ︖》 ᠭᠡᠵᠦ ᠠᠰᠠᠭᠤᠭᠰᠠᠨ ᠳᠤ᠂ ᠮᠢᠺᠠᠢᠶ᠎ᠠ ᠲᠡᠭᠦᠨ ᠳᠦ᠄ 《ᠶᠠᠪᠤᠵᠤ᠂ ᠢᠯᠠᠯᠲᠠ ᠣᠯ᠃ ᠲᠡᠳᠡ ᠬᠠᠭᠠᠨ ᠤ ᠭᠠᠷ ᠲᠤ ᠲᠤᠰᠢᠶᠠᠭᠳᠠᠬᠤ ᠪᠣᠯᠣᠨ᠎ᠠ》 ᠭᠡᠵᠡᠢ᠃ 15 ᠬᠠᠷᠢᠨ ᠬᠠᠭᠠᠨ ᠲᠡᠭᠦᠨ ᠳᠦ᠄ 《ᠶᠣᠬᠣᠸᠠ ᠶᠢᠨ ᠨᠡᠷ᠎ᠡ ᠳᠡᠭᠡᠷ᠎ᠡ ᠨᠠᠳᠠ ᠳᠤ ᠵᠥᠪᠬᠡᠨ ᠦᠨᠡᠨ ᠢ ᠯᠠ ᠬᠡᠯᠡᠬᠦ ᠶᠣᠰᠣᠲᠠᠢ ᠶᠢ ᠪᠢ ᠴᠢᠮ᠎ᠠ ᠪᠠᠷ ᠬᠡᠴᠢᠨᠡᠨ ᠤᠳᠠᠭ᠎ᠠ ᠠᠮᠠᠯᠠᠭᠤᠯᠬᠤ ᠶᠤᠮ ᠪᠤᠢ︖》 ᠭᠡᠪᠡ᠃ 16 ᠮᠢᠺᠠᠢᠶ᠎ᠠ ᠬᠠᠷᠢᠭᠤ ᠳᠤᠨᠢ᠄ 《ᠪᠦᠬᠦ ᠢᠰᠷᠧᠯ ᠬᠣᠨᠢᠴᠢᠨ ᠦᠭᠡᠢ ᠬᠣᠨᠢᠳ ᠮᠡᠲᠦ ᠠᠭᠤᠯᠠ ᠠᠭᠤᠯᠠ ᠪᠠᠷ ᠲᠠᠷᠬᠠᠭᠰᠠᠨ ᠪᠠᠢᠬᠤ ᠶᠢ ᠪᠢ ᠬᠠᠷᠠᠭᠰᠠᠨ᠂ 〈ᠲᠡᠳᠡᠨ ᠳᠦ ᠡᠵᠡᠨ ᠪᠠᠢᠬᠤ ᠦᠭᠡᠢ᠂ ᠲᠡᠳᠡ ᠪᠦᠭᠦᠳᠡ ᠭᠡᠷ ᠭᠡᠷ ᠤᠷᠤᠭᠤ ᠪᠠᠨ ᠠᠮᠤᠷ ᠲᠠᠢᠪᠤᠩ ᠬᠠᠷᠢᠵᠠᠭᠠᠭ〉 ᠭᠡᠵᠦ ᠶᠣᠬᠣᠸᠠ ᠠᠢᠯᠠᠳᠤᠭᠰᠠᠨ》 ᠭᠡᠪᠡ᠃ 17 ᠢᠰᠷᠧᠯ ᠤᠨ ᠬᠠᠭᠠᠨ ᠶᠧᠬᠣᠱᠠᠹᠠᠲ ᠲᠤ᠄ 《ᠲᠡᠷᠡ ᠮᠢᠨᠦ ᠲᠠᠯ᠎ᠠ ᠪᠠᠷ ᠰᠠᠢᠨ ᠢ ᠡᠰᠢ ᠦᠵᠡᠭᠦᠯᠳᠡᠭ ᠦᠭᠡᠢ᠂ ᠮᠠᠭᠤ ᠶᠢ ᠯᠠ ᠬᠡᠯᠡᠳᠡᠭ ᠭᠡᠵᠦ ᠪᠢ ᠲᠠᠨ ᠳᠤ ᠶᠠᠷᠢᠭᠰᠠᠨ ᠪᠢᠰᠢ ᠤᠤ︖》 ᠭᠡᠪᠡ᠃
18 ᠮᠢᠺᠠᠢᠶ᠎ᠠ᠄ 《ᠲᠡᠭᠡᠪᠡᠯ ᠣᠳᠣ ᠶᠣᠬᠣᠸᠠ ᠶᠢᠨ ᠦᠭᠡ ᠶᠢ ᠰᠣᠨᠣᠰᠣᠭᠲᠤᠨ᠃ ᠶᠣᠬᠣᠸᠠ ᠰᠡᠨᠲᠢ ᠳᠡᠭᠡᠨ ᠵᠠᠯᠠᠷᠠᠵᠤ᠂ ᠲᠡᠭᠦᠨ ᠦ ᠪᠠᠷᠠᠭᠤᠨ᠂ ᠵᠡᠭᠦᠨ ᠲᠠᠯ᠎ᠠ ᠪᠠᠷ ᠲᠩᠷᠢ ᠶᠢᠨ ᠲᠦᠭ ᠲᠦᠮᠡᠨ ᠪᠦᠭᠦᠳᠡᠭᠡᠷ ᠵᠣᠭᠰᠣᠵᠤ ᠪᠠᠢᠬᠤ ᠶᠢ ᠪᠢ ᠬᠠᠷᠠᠭᠰᠠᠨ᠃ 19 ᠶᠣᠬᠣᠸᠠ᠄ 〈ᠢᠰᠷᠧᠯ ᠤᠨ ᠬᠠᠭᠠᠨ ᠠᠬᠠᠪ ᠤᠨ ᠷᠠᠮᠣᠲ ᠭᠢᠯᠧᠶᠠᠳ᠋ ᠤᠷᠤᠭᠤ ᠶᠠᠪᠤᠵᠤ ᠰᠥᠨᠥᠬᠦ ᠳᠦᠨᠢ ᠬᠡᠨ ᠤᠷᠤᠭᠤ ᠲᠠᠲᠠᠬᠤ ᠪᠤᠢ︖〉 ᠬᠡᠮᠡᠨ ᠠᠰᠠᠭᠤᠯ᠎ᠠ᠃ ᠨᠢᠭᠡ ᠨᠢ ᠡᠢᠮᠦ ᠭᠡᠬᠦ ᠳᠦ᠂ ᠨᠥᠭᠥᠭᠡ ᠨᠢ ᠲᠡᠢᠮᠦ ᠭᠡᠵᠦ ᠪᠠᠢᠯ᠎ᠠ᠃ 20 ᠲᠡᠭᠡᠲᠡᠯ᠎ᠡ ᠨᠢᠭᠡ ᠰᠦᠨᠡᠰᠦ ᠭᠠᠷᠴᠤ ᠢᠷᠡᠨ ᠶᠣᠬᠣᠸᠠ ᠶᠢᠨ ᠡᠮᠦᠨ᠎ᠡ ᠵᠣᠭᠰᠣᠭᠠᠳ᠄ 〈ᠪᠢ ᠲᠡᠭᠦᠨ ᠢ ᠤᠷᠤᠭᠤ ᠲᠠᠲᠠᠶ᠎ᠠ〉 ᠭᠡᠪᠡ᠃ ᠶᠣᠬᠣᠸᠠ᠄ 〈ᠶᠠᠭᠠᠬᠢᠵᠤ︖〉 ᠭᠡᠵᠦ ᠠᠰᠠᠭᠤᠬᠤ ᠳᠤ᠂ 21 ᠲᠡᠷᠡ᠄ 〈ᠪᠢ ᠡ᠊ᠨᠳᠡ ᠡᠴᠡ ᠭᠠᠷᠴᠤ ᠬᠠᠭᠤᠷᠲᠠᠭ ᠰᠦᠨᠡᠰᠦ ᠪᠣᠯᠣᠭᠠᠳ ᠲᠡᠭᠦᠨ ᠦ ᠪᠦᠬᠦ ᠡᠰᠢ ᠦᠵᠡᠭᠦᠯᠦᠭᠴᠢ ᠶᠢᠨ ᠠᠮᠠᠨ ᠳᠤ ᠣᠷᠣᠶ᠎ᠠ〉 ᠭᠡᠪᠡ᠃ ᠶᠣᠬᠣᠸᠠ᠄ 〈ᠴᠢ ᠯᠠᠪᠲᠠᠢ ᠲᠡᠭᠦᠨ ᠢ ᠤᠷᠤᠭᠤ ᠲᠠᠲᠠᠵᠤ ᠴᠢᠳᠠᠬᠤ ᠪᠣᠯᠣᠨ᠎ᠠ᠃ ᠶᠠᠪᠤᠵᠤ᠂ ᠪᠡᠶᠡᠯᠡᠭᠦᠯᠦᠭᠲᠦᠨ〉 ᠭᠡᠯᠡ᠃ 22 ᠣᠳᠣ ᠬᠠᠷᠠᠭᠲᠤᠨ᠂ ᠶᠣᠬᠣᠸᠠ ᠲᠠᠨ ᠤ ᠡᠳᠡᠭᠡᠷ ᠡᠰᠢ ᠦᠵᠡᠭᠦᠯᠦᠭᠴᠢ ᠶᠢᠨ ᠠᠮᠠᠨ ᠳᠤ ᠬᠠᠭᠤᠷᠲᠠᠭ ᠰᠦᠨᠡᠰᠦ ᠶᠢ ᠬᠢᠭᠰᠡᠨ︕ ᠲᠡᠢᠨ ᠬᠦ ᠶᠣᠬᠣᠸᠠ ᠲᠠᠨ ᠳᠤ ᠭᠠᠢ ᠭᠠᠮᠰᠢᠭ ᠢ ᠲᠤᠩ᠋ᠬᠠᠭᠯᠠᠭᠰᠠᠨ ᠶᠤᠮ》 ᠭᠡᠪᠡ᠃
23 ᠺᠧᠨᠠᠨᠠ ᠶᠢᠨ ᠬᠦᠦ ᠽᠧᠳᠧᠺᠢᠶ᠎ᠠ ᠳᠥᠭᠥᠨ ᠢᠷᠡᠵᠦ᠂ ᠮᠢᠺᠠᠢᠶ᠎ᠠ ᠶᠢᠨ ᠬᠠᠴᠠᠷ ᠢ ᠠᠯᠠᠭᠠᠳᠠᠭᠠᠳ᠄ 《ᠶᠣᠬᠣᠸᠠ ᠶᠢᠨ ᠰᠦᠨᠡᠰᠦ ᠨᠠᠳᠠ ᠠᠴᠠ ᠬᠠᠮᠢᠭᠠᠭᠤᠷ ᠵᠠᠢᠯᠠᠭᠠᠳ ᠴᠢᠮ᠎ᠠ ᠳᠤ ᠶᠠᠷᠢᠭᠰᠠᠨ ᠪᠤᠢ︖》 ᠭᠡᠰᠡᠨ ᠳᠦ᠂ 24 ᠮᠢᠺᠠᠢᠶ᠎ᠠ᠄ 《ᠬᠠᠷ᠎ᠠ᠂ ᠴᠢ ᠥᠷᠥᠭᠡᠨ ᠡᠴᠡ ᠥᠷᠥᠭᠡ ᠤᠷᠤᠭᠤ ᠨᠢᠭᠤᠭᠳᠠᠬᠤ ᠪᠠᠷ ᠵᠢᠭᠤᠲᠠᠬᠤ ᠡᠳᠦᠷ ᠢᠶᠡᠨ ᠣᠢᠯᠠᠭᠠᠬᠤ ᠪᠣᠯᠣᠨ᠎ᠠ》 ᠭᠡᠪᠡ᠃ 25 ᠢᠰᠷᠧᠯ ᠤᠨ ᠬᠠᠭᠠᠨ᠄ 《ᠮᠢᠺᠠᠢᠶ᠎ᠠ ᠶᠢ ᠪᠠᠷᠢᠵᠤ᠂ ᠬᠣᠲᠠ ᠶᠢᠨ ᠵᠠᠬᠢᠷᠤᠭᠴᠢ ᠠᠮᠣᠨ ᠪᠣᠯᠣᠨ ᠬᠠᠭᠠᠨ ᠤ ᠬᠦᠦ ᠶᠣᠶᠠᠱ ᠲᠤ ᠬᠦᠷᠭᠡᠭᠡᠳ᠄ 26 ᠬᠠᠭᠠᠨ ᠡᠢᠨ ᠬᠦ ᠲᠤᠰᠢᠶᠠᠵᠤ ᠪᠠᠢᠨ᠎ᠠ᠄ 〈ᠡᠨᠡ ᠬᠥᠮᠦᠨ ᠢ ᠭᠢᠨᠳᠠᠨ ᠳᠤ ᠬᠢᠵᠦ᠂ ᠨᠠᠮᠠᠶᠢ ᠡᠰᠡᠨ ᠮᠡᠨᠳᠦ ᠪᠤᠴᠠᠨ ᠢᠷᠡᠲᠡᠯ᠎ᠡ ᠬᠣᠮᠰᠠᠬᠠᠨ ᠪᠣᠣᠪᠣ ᠤᠰᠤ ᠪᠠᠷ ᠥᠯ ᠵᠠᠯᠭᠠᠭᠤᠯᠵᠤ ᠪᠠᠢ〉 ᠭᠡᠵᠦ ᠬᠡᠯᠡ》 ᠭᠡᠬᠦ ᠳᠦ᠂ 27 ᠮᠢᠺᠠᠢᠶ᠎ᠠ᠄ 《ᠬᠡᠷᠪᠡ ᠲᠠ ᠦᠨᠡᠬᠡᠷ ᠡᠰᠡᠨ ᠮᠡᠨᠳᠦ ᠪᠤᠴᠠᠵᠤ ᠢᠷᠡᠪᠡᠯ ᠶᠣᠬᠣᠸᠠ ᠨᠠᠳᠠ ᠪᠠᠷ ᠳᠠᠮᠵᠢᠭᠤᠯᠤᠨ ᠠᠢᠯᠠᠳᠤᠭᠰᠠᠨ ᠪᠢᠰᠢ》 ᠭᠡᠰᠡᠨ ᠪᠥᠭᠡᠳ ᠲᠡᠷᠡ ᠪᠠᠰᠠ᠄ 《ᠪᠦᠬᠦ ᠠᠷᠠᠳ ᠲᠦᠮᠡᠨ ᠠᠩ᠋ᠬᠠᠷᠤᠭᠲᠤᠨ》 ᠭᠡᠪᠡ᠃
ᠬᠠᠭᠠᠨ ᠠᠯᠠᠭᠳᠠᠪᠠ
28 ᠢᠰᠷᠧᠯ ᠤᠨ ᠬᠠᠭᠠᠨ ᠪᠡᠷ ᠶᠦᠳᠠ ᠶᠢᠨ ᠬᠠᠭᠠᠨ ᠶᠧᠬᠣᠱᠠᠹᠠᠲ ᠲᠠᠢ ᠬᠠᠮᠲᠤ ᠷᠠᠮᠣᠲ ᠭᠢᠯᠧᠶᠠᠳ᠋ ᠥᠭᠡᠳᠡ ᠬᠥᠳᠡᠯᠪᠡ᠃ 29 ᠢᠰᠷᠧᠯ ᠤᠨ ᠬᠠᠭᠠᠨ ᠪᠡᠷ ᠶᠧᠬᠣᠱᠠᠹᠠᠲ ᠲᠤ ᠬᠠᠨᠳᠤᠨ᠄ 《ᠪᠢ ᠵᠢᠰᠦ ᠪᠡᠨ ᠪᠤᠷᠤᠭᠤᠯᠠᠭᠠᠳ ᠲᠤᠯᠤᠯᠳᠤᠭᠠᠨ ᠳᠤ ᠣᠷᠣᠨ᠎ᠠ᠂ ᠬᠠᠷᠢᠨ ᠲᠠ ᠥᠪᠡᠷ ᠦᠨ ᠢᠶᠠᠨ ᠬᠤᠪᠴᠠᠰᠤ ᠲᠠᠢ ᠪᠠᠨ ᠪᠠᠢᠭᠠᠷᠠᠢ》 ᠭᠡᠪᠡ᠃ ᠢᠩᠭᠢᠭᠡᠳ ᠢᠰᠷᠧᠯ ᠤᠨ ᠬᠠᠭᠠᠨ ᠵᠢᠰᠦ ᠪᠡᠨ ᠪᠤᠷᠤᠭᠤᠯᠤᠭᠠᠳ ᠲᠡᠳᠡ ᠨᠠᠷ ᠲᠤᠯᠤᠯᠳᠤᠭᠠᠨ ᠳᠤ ᠣᠷᠣᠯ᠎ᠠ᠃ 30 ᠤᠤᠯ ᠨᠢ ᠠᠷᠠᠮ ᠤᠨ ᠬᠠᠭᠠᠨ ᠲᠡᠷᠭᠡᠲᠦ ᠴᠡᠷᠢᠭ ᠤᠨ ᠵᠠᠩᠵᠤᠨ ᠳᠠᠭᠠᠨ ᠵᠠᠬᠢᠨ᠄ 《ᠲᠠ ᠨᠠᠷ ᠲᠣᠮᠣ ᠵᠢᠵᠢᠭ ᠢ ᠨᠢ ᠢᠯᠭᠠᠯ ᠦᠭᠡᠢ ᠪᠠᠷ ᠪᠦᠦ ᠲᠤᠯᠤᠯᠳᠤ᠂ ᠵᠥᠪᠬᠡᠨ ᠢᠰᠷᠧᠯ ᠤᠨ ᠬᠠᠭᠠᠨ ᠲᠠᠢ ᠲᠤᠯᠤᠯᠳᠤᠭᠲᠤᠨ》 ᠭᠡᠰᠡᠨ ᠪᠠᠢᠯ᠎ᠠ᠃ 31 ᠲᠡᠢᠮᠦ ᠡᠴᠡ ᠲᠡᠷᠭᠡᠲᠦ ᠴᠡᠷᠢᠭ ᠤᠨ ᠵᠠᠩᠵᠤᠨ ᠨᠠᠷ ᠶᠧᠬᠣᠱᠠᠹᠠᠲ ᠢ ᠬᠠᠷᠠᠭᠠᠳ᠄ 《ᠢᠰᠷᠧᠯ ᠤᠨ ᠬᠠᠭᠠᠨ ᠡᠨᠡ ᠪᠠᠢᠨ᠎ᠠ》 ᠭᠡᠳ ᠲᠡᠭᠦᠨ ᠤᠷᠤᠭᠤ ᠡᠷᠭᠢᠵᠦ ᠳᠠᠭᠠᠷᠢᠵᠠᠢ᠃ ᠶᠧᠬᠣᠱᠠᠹᠠᠲ ᠴᠢᠩᠭ᠍᠎ᠠ ᠪᠠᠷ ᠬᠠᠰᠬᠢᠷᠬᠤ ᠳᠤ᠂ ᠶᠣᠬᠣᠸᠠ ᠲᠡᠭᠦᠨ ᠳᠦ ᠲᠤᠰᠠᠯᠠᠪᠠ᠃ ᠪᠤᠷᠬᠠᠨ ᠲᠡᠳᠡᠨ ᠢ ᠲᠡᠭᠦᠨ ᠡᠴᠡ ᠬᠣᠯᠠᠳᠠᠭᠤᠯᠤᠭᠰᠠᠨ ᠶᠤᠮ᠃ 32 ᠲᠡᠷᠭᠡᠲᠦ ᠴᠡᠷᠢᠭ ᠤᠨ ᠵᠠᠩᠵᠤᠨ ᠨᠠᠷ ᠢᠰᠷᠧᠯ ᠤᠨ ᠬᠠᠭᠠᠨ ᠪᠢᠰᠢ ᠪᠣᠯᠬᠤ ᠶᠢ ᠨᠢ ᠮᠡᠳᠡᠭᠡᠳ ᠲᠡᠭᠦᠨ ᠡᠴᠡ ᠡᠷᠭᠢᠵᠡᠢ᠃ 33 ᠨᠢᠭᠡᠨ ᠬᠥᠮᠦᠨ ᠦ ᠵᠣᠷᠢᠯᠭ᠎ᠠ ᠦᠭᠡᠢ ᠬᠠᠷᠪᠤᠭᠰᠠᠨ ᠰᠤᠮᠤ ᠢᠰᠷᠧᠯ ᠤᠨ ᠬᠠᠭᠠᠨ ᠤ ᠬᠤᠶᠠᠭ ᠤᠨ ᠬᠢᠨᠢ ᠵᠠᠪᠰᠠᠷ ᠢᠶᠠᠷ ᠣᠨᠣᠵᠠᠢ᠃ ᠬᠠᠭᠠᠨ ᠲᠡᠷᠭᠡᠨ ᠦ ᠪᠠᠨ ᠬᠥᠲᠥᠴᠢ ᠳᠤ᠄ 《ᠲᠡᠷᠭᠡ ᠶᠢ ᠡᠷᠭᠢᠭᠦᠯ᠂ ᠲᠤᠯᠤᠯᠳᠤᠭᠠᠨ ᠤ ᠲᠠᠯᠠᠪᠤᠷ ᠠᠴᠠ ᠭᠠᠷᠤᠶ᠎ᠠ᠃ ᠪᠢ ᠰᠢᠷᠬᠠᠲᠤᠯ᠎ᠠ》 ᠭᠡᠵᠦ ᠬᠡᠯᠡᠪᠡ᠃ 34 ᠭᠡᠪᠡᠴᠦ ᠲᠡᠷᠡ ᠡᠳᠦᠷ ᠦᠨ ᠲᠤᠯᠤᠯᠳᠤᠭᠠᠨ ᠰᠢᠷᠦᠭᠦᠨ ᠪᠠᠢᠭᠰᠠᠨ ᠪᠣᠯᠬᠣᠷ ᠢᠰᠷᠧᠯ ᠤᠨ ᠬᠠᠭᠠᠨ ᠠᠷᠠᠮᠴᠤᠳ ᠤᠨ ᠡᠮᠦᠨ᠎ᠡ ᠲᠡᠷᠭᠡᠨ ᠳᠡᠭᠡᠷ᠎ᠡ ᠪᠡᠨ ᠬᠥᠮᠦᠨ ᠢᠶᠡᠷ ᠲᠦᠰᠢᠭᠦᠯᠦᠨ ᠵᠣᠭᠰᠣᠭᠰᠠᠭᠠᠷ ᠪᠠᠢᠭᠠᠳ ᠨᠠᠷᠠ ᠵᠢᠷᠭᠠᠬᠤ ᠳᠤ ᠨᠠᠰᠤ ᠪᠠᠷᠠᠵᠠᠢ᠃