1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠠᠷᠪᠠ ᠶᠢᠰᠦ

1 ᠶᠦᠳᠠ ᠶᠢᠨ ᠬᠠᠭᠠᠨ ᠶᠧᠬᠣᠱᠠᠹᠠᠲ ᠶᠧᠷᠦ᠋ᠰᠠᠯᠧᠮ ᠳᠠᠬᠢ ᠣᠷᠳᠣᠨ ᠳᠠᠭᠠᠨ ᠡᠰᠡᠨ ᠮᠡᠨᠳᠦ ᠪᠤᠴᠠᠵᠤ ᠢᠷᠡᠪᠡ᠃ 2 ᠬᠠᠨᠠᠨᠢ ᠶᠢᠨ ᠬᠦᠦ ᠪᠣᠱᠣᠭᠴᠢ ᠶᠧᠾᠦ᠋ ᠲᠡᠭᠦᠨ ᠦ ᠡᠮᠦᠨ᠎ᠡ ᠭᠠᠷᠴᠤ ᠢᠷᠡᠭᠡᠳ᠂ ᠶᠧᠬᠣᠱᠠᠹᠠᠲ ᠬᠠᠭᠠᠨ ᠳᠤ᠄ 《ᠲᠠ ᠬᠣᠷᠣᠨ ᠮᠠᠭᠤ ᠬᠥᠮᠦᠨ ᠳᠦ ᠲᠤᠰᠠᠯᠠᠨ᠂ ᠶᠣᠬᠣᠸᠠ ᠶᠢ ᠦᠵᠡᠨ ᠶᠠᠳᠠᠭᠴᠢ ᠶᠢ ᠬᠠᠢᠷᠠᠯᠠᠨ᠎ᠠ ᠭᠡᠵᠢ ᠤᠤ︖ ᠡᠭᠦᠨ ᠡᠴᠡ ᠪᠣᠯᠵᠤ ᠶᠣᠬᠣᠸᠠ ᠶᠢᠨ ᠠᠭᠤᠷ ᠬᠢᠯᠢᠩ ᠲᠠᠨ ᠤ ᠳᠡᠭᠡᠷ᠎ᠡ ᠪᠠᠢᠬᠤ ᠪᠣᠯᠣᠨ᠎ᠠ᠃ 3 ᠭᠡᠪᠡᠴᠦ ᠲᠠᠨ ᠳᠤ ᠰᠠᠢᠨ ᠦᠢᠯᠡᠰ ᠴᠤ ᠪᠠᠢᠭᠰᠠᠨ᠂ ᠲᠠ ᠡᠨᠡ ᠭᠠᠵᠠᠷ ᠠᠴᠠ ᠠᠱᠧᠷᠠ ᠶᠢᠨ ᠱᠣᠩ ᠤᠳ ᠢ ᠵᠠᠢᠯᠠᠭᠤᠯᠵᠤ᠂ ᠵᠢᠷᠦᠬᠡ ᠰᠡᠳᠬᠢᠯ ᠡᠴᠡ ᠪᠡᠨ ᠪᠤᠷᠬᠠᠨ ᠢ ᠬᠠᠢᠵᠤ ᠪᠠᠢᠭᠰᠠᠨ ᠪᠢᠯᠡ》 ᠭᠡᠪᠡ᠃
 ᠶᠧᠬᠣᠱᠠᠹᠠᠲ ᠤᠨ ᠰᠢᠨᠡᠴᠢᠯᠡᠯᠲᠡ

4 ᠶᠧᠬᠣᠱᠠᠹᠠᠲ ᠶᠧᠷᠦ᠋ᠰᠠᠯᠧᠮ ᠳᠤ ᠰᠠᠭᠤᠵᠤ ᠪᠠᠢᠯ᠎ᠠ᠃ ᠬᠠᠷᠢᠨ ᠲᠡᠷᠡ ᠪᠧᠷᠣᠲ ᠱᠧᠪᠠ ᠠᠴᠠ ᠡᠹᠷᠠᠢᠮ ᠤᠨ ᠠᠭᠤᠯᠠᠷᠬᠠᠭ ᠨᠤᠲᠤᠭ ᠬᠦᠷᠲᠡᠯᠡᠬᠢ ᠠᠷᠠᠳ ᠲᠦᠮᠡᠨ ᠦ ᠳᠤᠮᠳᠠᠭᠤᠷ ᠳᠠᠬᠢᠨ ᠳᠠᠬᠢᠨ ᠶᠠᠪᠤᠵᠤ᠂ ᠲᠡᠳᠡᠨ ᠢ ᠡᠴᠢᠭᠡ ᠡᠪᠦᠭᠡᠳ ᠦᠨ ᠬᠢᠨᠢ ᠪᠤᠷᠬᠠᠨ ᠶᠣᠬᠣᠸᠠ ᠤᠷᠤᠭᠤ ᠡᠷᠭᠢᠭᠦᠯᠦᠨ ᠠᠪᠴᠢᠷᠠᠵᠤ ᠪᠠᠢᠯ᠎ᠠ᠃ 5 ᠲᠡᠷᠡ ᠪᠡᠷ ᠶᠦᠳᠠ ᠨᠤᠲᠤᠭ ᠤᠨ ᠪᠡᠬᠢᠯᠡᠯᠲᠡᠲᠦ ᠬᠣᠲᠠ ᠪᠦᠷᠢ ᠳᠤ ᠰᠢᠭᠦᠭᠴᠢ ᠲᠣᠮᠢᠯᠠᠭᠰᠠᠨ ᠪᠥᠭᠡᠳ 6 ᠰᠢᠭᠦᠭᠴᠢᠳ ᠲᠤ᠄ 《ᠲᠠ ᠨᠠᠷ ᠬᠥᠮᠦᠨ ᠦ ᠡᠮᠦᠨ᠎ᠡ ᠡᠴᠡ ᠪᠤᠰᠤ᠂ ᠪᠤᠷᠬᠠᠨ ᠤ ᠡᠮᠦᠨ᠎ᠡ ᠡᠴᠡ ᠰᠢᠭᠦᠬᠦ ᠪᠣᠯᠣᠨ᠎ᠠ᠂ ᠬᠢᠵᠦ ᠪᠠᠢᠭ᠎ᠠ ᠵᠦᠢᠯ ᠢᠶᠠᠨ ᠲᠤᠩ᠋ᠭᠠᠭᠠᠷᠠᠢ᠃ ᠰᠢᠢᠳᠪᠦᠷᠢ ᠭᠠᠷᠭᠠᠬᠤ ᠳᠤ ᠴᠢᠨᠢ ᠶᠣᠬᠣᠸᠠ ᠲᠠ ᠨᠠᠷ ᠤᠨ ᠳᠡᠷᠭᠡᠳᠡ ᠪᠠᠢᠳᠠᠭ ᠪᠢᠯᠡ᠃ 7 ᠶᠣᠬᠣᠸᠠ ᠠᠴᠠ ᠡᠮᠢᠶᠡᠬᠦᠢ ᠨᠢ ᠲᠠ ᠨᠠᠷ ᠲᠤ ᠪᠠᠢᠬᠤ ᠪᠣᠯᠲᠤᠭᠠᠢ᠃ ᠬᠢᠵᠦ ᠪᠤᠢ ᠵᠦᠢᠯ ᠳᠡᠭᠡᠨ ᠪᠣᠯᠭᠣᠮᠵᠢᠲᠠᠢ ᠪᠠᠢ᠃ ᠵᠥᠪ ᠪᠤᠰᠤ ᠪᠤᠶᠤ ᠥᠷᠥᠭᠡᠰᠦᠯ ᠰᠢᠢᠳᠪᠦᠷᠢ᠂ ᠡᠰᠡᠪᠡᠯ ᠬᠡᠭᠡᠯᠢ ᠬᠠᠬᠤᠤᠯᠢ ᠠᠪᠬᠤ ᠶᠠᠪᠤᠳᠠᠯ ᠢ ᠪᠢᠳᠡᠨ ᠦ ᠪᠤᠷᠬᠠᠨ ᠶᠣᠬᠣᠸᠠ ᠬᠦᠯᠢᠴᠡᠬᠦ ᠦᠭᠡᠢ》 ᠭᠡᠵᠦ ᠬᠡᠯᠡᠳᠡᠭ ᠪᠠᠢᠪᠠ᠃

8 ᠶᠧᠬᠣᠱᠠᠹᠠᠲ ᠮᠥᠨ ᠶᠧᠷᠦ᠋ᠰᠠᠯᠧᠮ ᠳᠤ ᠯᠧᠸᠢᠴᠦᠳ᠂ ᠲᠠᠬᠢᠯᠴᠢᠳ ᠪᠣᠯᠣᠨ ᠢᠰᠷᠧᠯ ᠤᠨ ᠠᠢᠮᠠᠭ ᠤᠨ ᠲᠡᠷᠢᠭᠦᠨ ᠡᠴᠡ ᠵᠠᠷᠢᠮ ᠢ ᠨᠢ ᠲᠣᠮᠢᠯᠠᠵᠤ᠂ ᠲᠡᠳᠡᠨ ᠢᠶᠡᠷ ᠶᠣᠬᠣᠸᠠ ᠶᠢᠨ ᠲᠥᠯᠥᠭᠡᠨ᠎ᠡ ᠰᠢᠢᠳᠪᠦᠷᠢ ᠭᠠᠷᠭᠠᠭᠤᠯᠵᠤ᠂ ᠢᠷᠭᠡᠨ ᠦ ᠬᠡᠷᠡᠭ ᠢ ᠰᠢᠢᠳᠪᠦᠷᠢᠯᠡᠭᠦᠯᠪᠡ᠂ ᠲᠡᠳᠡ ᠶᠧᠷᠦ᠋ᠰᠠᠯᠧᠮ ᠳᠤ ᠰᠠᠭᠤᠳᠠᠭ ᠪᠠᠢᠪᠠ᠃ 9 ᠶᠧᠬᠣᠱᠠᠹᠠᠲ ᠲᠡᠳᠡᠨ ᠳᠦ ᠵᠠᠬᠢᠨ᠄ 《ᠲᠠ ᠨᠠᠷ ᠶᠣᠬᠣᠸᠠ ᠠᠴᠠ ᠡᠮᠢᠶᠡᠵᠦ᠂ ᠢᠲᠡᠭᠡᠮᠵᠢ ᠲᠠᠢ ᠪᠠᠷ᠂ ᠴᠢᠩ ᠰᠡᠳᠬᠢᠯ ᠢᠶᠠᠷ ᠦᠢᠯᠡᠴᠢᠯᠡᠭᠡᠷᠡᠢ᠃ 10 ᠲᠠ ᠨᠠᠷ ᠤᠨ ᠠᠬ᠎ᠠ ᠳᠡᠭᠦᠦᠰ ᠰᠠᠭᠤᠳᠠᠭ ᠬᠣᠲᠠ ᠠᠴᠠ ᠪᠠᠨ ᠴᠢᠰᠤ ᠤᠷᠤᠰᠬᠠᠭᠰᠠᠨ ᠬᠡᠷᠡᠭ ᠪᠤᠶᠤ ᠬᠠᠤᠯᠢ᠂ ᠲᠤᠰᠢᠶᠠᠯ᠂ ᠲᠣᠭᠲᠠᠭᠠᠯ᠂ ᠡᠰᠡᠪᠡᠯ ᠵᠢᠷᠤᠮ ᠤᠨ ᠲᠠᠯ᠎ᠠ ᠪᠠᠷ ᠰᠢᠭᠦᠯᠭᠡᠬᠦ ᠪᠡᠷ ᠢᠷᠡᠬᠦ ᠪᠣᠯᠭᠠᠨ ᠳᠤ᠂ ᠶᠣᠬᠣᠸᠠ ᠶᠢᠨ ᠡᠰᠡᠷᠭᠦ ᠨᠢᠭᠦᠯ ᠦᠢᠯᠡᠳᠴᠦ ᠪᠣᠯᠬᠤ ᠦᠭᠡᠢ ᠶᠢ ᠲᠡᠳᠡᠨ ᠳᠦ ᠰᠠᠨᠠᠭᠤᠯᠤᠭᠲᠤᠨ᠃ ᠡᠰᠡ ᠲᠡᠭᠡᠪᠡᠯ ᠲᠡᠭᠦᠨ ᠦ ᠠᠭᠤᠷ ᠬᠢᠯᠢᠩ ᠲᠠ ᠨᠠᠷ ᠤᠨ ᠳᠡᠭᠡᠷ᠎ᠡ ᠪᠠᠭᠤᠨ᠎ᠠ᠃ ᠰᠠᠨᠠᠭᠤᠯᠪᠠᠯ ᠭᠡᠮ ᠪᠤᠷᠤᠭᠤ ᠨᠢ ᠲᠠ ᠨᠠᠷ ᠤᠨ ᠬᠢ ᠪᠢᠰᠢ ᠪᠣᠯᠣᠨ᠎ᠠ᠃ 11 ᠬᠠᠷᠠ᠂ ᠶᠣᠬᠣᠸᠠ ᠳᠤ ᠬᠠᠮᠢᠶ᠎ᠠ ᠲᠠᠢ ᠪᠦᠬᠦᠨ ᠦ ᠲᠠᠯ᠎ᠠ ᠪᠠᠷ ᠲᠠᠬᠢᠯᠴᠢ ᠠᠮᠠᠷᠢᠶ᠎ᠠ᠂ ᠬᠠᠭᠠᠨ ᠳᠤ ᠬᠠᠮᠢᠶ᠎ᠠ ᠲᠠᠢ ᠪᠦᠬᠦᠨ ᠦ ᠲᠠᠯ᠎ᠠ ᠪᠠᠷ ᠶᠦᠳᠠ ᠣᠪᠣᠭ ᠤᠨ ᠠᠬᠠᠮᠠᠳ ᠢᠱᠮᠠᠶᠧᠯ ᠤᠨ ᠬᠦᠦ ᠽᠧᠪᠠᠳᠢᠶ᠎ᠠ ᠲᠠ ᠨᠠᠷ ᠢ ᠤᠳᠤᠷᠢᠳᠬᠤ ᠪᠥᠭᠡᠳ ᠯᠧᠸᠢᠴᠦᠳ ᠲᠠ ᠨᠠᠷ ᠤᠨ ᠳᠠᠭᠠᠭᠠᠮᠠᠯ ᠪᠣᠯᠣᠨ᠎ᠠ᠃ ᠲᠤᠤᠱᠲᠠᠢ ᠦᠢᠯᠡᠳᠦᠭᠲᠦᠨ᠃ ᠶᠣᠬᠣᠸᠠ ᠵᠥᠪ ᠰᠢᠳᠤᠷᠭᠤ ᠬᠥᠮᠦᠰ ᠲᠡᠢ ᠬᠠᠮᠲᠤ ᠪᠠᠢᠳᠠᠭ ᠶᠤᠮ》 ᠭᠡᠪᠡ᠃