1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠭᠤᠴᠢᠨ ᠲᠠᠪᠤ
 ᠭᠡᠲᠦᠯᠭᠡᠭᠰᠡᠨ ᠦ ᠪᠠᠶᠠᠷ ᠢ ᠲᠡᠮᠳᠡᠭᠯᠡᠪᠡ

1 ᠶᠣᠰᠢᠶ᠎ᠠ ᠶᠧᠷᠦ᠋ᠰᠠᠯᠧᠮ ᠳᠤ ᠶᠣᠬᠣᠸᠠ ᠶᠢᠨ ᠡᠮᠦᠨ᠎ᠡ ᠭᠡᠲᠦᠯᠭᠡᠭᠰᠡᠨ ᠦ ᠪᠠᠶᠠᠷ ᠢ ᠲᠡᠮᠳᠡᠭᠯᠡᠪᠡ᠂ ᠨᠢᠭᠡᠳᠦᠭᠡᠷ ᠰᠠᠷ᠎ᠠ ᠶᠢᠨ ᠠᠷᠪᠠᠨ ᠳᠥᠷᠪᠡᠨ ᠳᠦ ᠭᠡᠲᠦᠯᠭᠡᠭᠰᠡᠨ ᠪᠠᠶᠠᠷ ᠤᠨ ᠬᠤᠷᠠᠭ᠎ᠠ ᠶᠢ ᠨᠢᠲᠤᠯᠵᠠᠢ᠃ 2 ᠲᠡᠷᠡ ᠪᠡᠷ ᠲᠠᠬᠢᠯᠴᠢᠳ ᠢ ᠠᠵᠢᠯ ᠳᠤᠨᠢ ᠣᠷᠣᠭᠤᠯᠵᠤ᠂ ᠶᠣᠬᠣᠸᠠ ᠶᠢᠨ ᠥᠷᠭᠥᠭᠡᠨ ᠳᠦ ᠦᠢᠯᠡᠴᠢᠯᠡᠬᠦ ᠶᠢ ᠨᠢ ᠤᠷᠮᠠᠰᠢᠭᠤᠯᠪᠠ᠃ 3 ᠮᠥᠨ ᠥᠪᠡᠷᠰᠡᠳ ᠢ ᠪᠠᠨ ᠶᠣᠬᠣᠸᠠ ᠳᠤ ᠲᠤᠰᠠᠭᠠᠷᠯᠠᠵᠤ᠂ ᠪᠦᠬᠦ ᠢᠰᠷᠧᠯ ᠳᠤ ᠵᠢᠭᠠᠭᠴᠢ ᠯᠧᠸᠢᠴᠦᠳ ᠲᠦ ᠲᠡᠷᠡ᠄ 《ᠠᠷᠢᠭᠤᠨ ᠠᠪᠳᠠᠷ᠎ᠠ ᠶᠢ ᠢᠰᠷᠧᠯ ᠤᠨ ᠬᠠᠭᠠᠨ ᠳ᠋ᠠᠸᠢᠳ᠋ ᠤᠨ ᠬᠦᠦ ᠰᠣᠯᠣᠮᠣᠨ ᠤ ᠪᠠᠷᠢᠭᠰᠠᠨ ᠥᠷᠭᠥᠭᠡᠨ ᠳᠦ ᠵᠠᠯᠠᠵᠤ᠂ ᠲᠡᠭᠦᠨ ᠢ ᠳᠠᠬᠢᠵᠤ ᠮᠥᠷᠥᠨ ᠳᠡᠭᠡᠷᠡᠬᠢ ᠠᠴᠢᠶ᠎ᠠ ᠪᠣᠯᠭᠠᠵᠤ ᠪᠣᠯᠬᠤ ᠦᠭᠡᠢ᠃ ᠲᠠ ᠨᠠᠷ ᠣᠳᠣ ᠪᠤᠷᠬᠠᠨ ᠶᠣᠬᠣᠸᠠ ᠳᠠᠭᠠᠨ ᠪᠣᠯᠣᠨ ᠲᠡᠭᠦᠨ ᠦ ᠠᠷᠠᠳ ᠲᠦᠮᠡᠨ ᠢᠰᠷᠧᠯ ᠳᠤ ᠦᠢᠯᠡᠴᠢᠯᠡᠬᠦ ᠶᠣᠰᠣᠲᠠᠢ᠃ 4 ᠢᠰᠷᠧᠯ ᠤᠨ ᠬᠠᠭᠠᠨ ᠳ᠋ᠠᠸᠢᠳ᠋ ᠪᠣᠯᠣᠨ ᠲᠡᠭᠦᠨ ᠦ ᠬᠦᠦ ᠰᠣᠯᠣᠮᠣᠨ ᠤ ᠪᠢᠴᠢᠭᠰᠡᠨ ᠵᠢᠭᠠᠪᠤᠷᠢ ᠶᠢᠨ ᠳᠠᠭᠠᠤ ᠪᠦᠯᠢ ᠨᠦᠭᠦᠳ ᠢᠶᠡᠷ ᠢᠶᠠᠨ ᠪᠡᠯᠡᠳᠬᠡᠵᠦ᠂ 5 ᠠᠷᠢᠭᠤᠨ ᠭᠠᠵᠠᠷ ᠳᠣᠲᠣᠷ᠎ᠠ ᠯᠧᠸᠢ ᠶᠢᠨ ᠪᠦᠯᠢ ᠨᠦᠭᠦᠳ ᠦᠨ ᠳᠠᠭᠠᠤ ᠬᠤᠪᠢᠳᠠᠭᠰᠠᠨ ᠭᠠᠵᠠᠷ ᠲᠠᠭᠠᠨ ᠵᠣᠭᠰᠣᠭᠠᠳ ᠥᠪᠡᠷ ᠤᠷᠤᠭᠤ ᠴᠢᠨᠢ ᠢᠷᠡᠬᠦ ᠪᠡᠷ ᠪᠠᠢᠭ᠎ᠠ᠂ ᠥᠪᠡᠷ ᠦᠨ ᠴᠢᠨᠢ ᠠᠬ᠎ᠠ ᠳᠡᠭᠦᠦᠰ ᠪᠣᠯᠬᠤ ᠡᠭᠡᠯ ᠠᠷᠠᠳ ᠤᠨ ᠭᠡᠷ ᠪᠦᠯᠢ ᠳᠤ ᠲᠤᠰᠠᠯᠠᠭᠲᠤᠨ᠃ 6 ᠲᠠ ᠨᠠᠷ ᠭᠡᠲᠦᠯᠭᠡᠭᠰᠡᠨ ᠦ ᠪᠠᠶᠠᠷ ᠤᠨ ᠬᠤᠷᠠᠭ᠎ᠠ ᠶᠢ ᠨᠢᠲᠤᠯᠬᠤ ᠪᠣᠯᠣᠨ᠎ᠠ᠂ ᠶᠣᠬᠣᠸᠠ ᠶᠢᠨ ᠮᠣᠰᠧ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠭᠦᠢᠴᠡᠳᠬᠡᠬᠦ ᠶᠢᠨ ᠲᠥᠯᠥᠭᠡ᠂ ᠮᠥᠨ ᠠᠬ᠎ᠠ ᠳᠡᠭᠦᠦᠰ ᠦᠨ ᠢᠶᠠᠨ ᠲᠥᠯᠥᠭᠡ᠂ ᠥᠪᠡᠷᠰᠡᠳ ᠢ ᠪᠠᠨ ᠠᠷᠢᠭᠤᠰᠬᠠᠵᠤ᠂ ᠪᠡᠯᠡᠬᠡᠨ ᠪᠠᠢᠭᠲᠤᠨ》 ᠭᠡᠪᠡ᠃

7 ᠶᠣᠰᠢᠶ᠎ᠠ ᠬᠠᠭᠠᠨ ᠴᠤᠭᠯᠠᠷᠠᠭᠰᠠᠨ ᠠᠷᠠᠳ ᠣᠯᠠᠨ ᠤ ᠲᠥᠯᠥᠭᠡ ᠮᠠᠯ ᠰᠦᠷᠦᠭ ᠡᠴᠡ ᠪᠡᠨ ᠭᠤᠷᠪᠠᠨ ᠲᠦᠮᠡᠨ ᠬᠣᠨᠢ ᠢᠮᠠᠭ᠎ᠠ ᠬᠢᠭᠡᠳ ᠭᠤᠷᠪᠠᠨ ᠮᠢᠩ᠋ᠭᠠᠨ ᠪᠤᠬ᠎ᠠ ᠶᠢ ᠭᠡᠲᠦᠯᠭᠡᠭᠰᠡᠨ ᠦ ᠪᠠᠶᠠᠷ ᠤᠨ ᠡᠷᠭᠦᠯ ᠪᠣᠯᠭᠠᠨ ᠬᠠᠨᠳᠢᠪᠯᠠᠭᠰᠠᠨ ᠳᠤ᠂ 8 ᠲᠡᠭᠦᠨ ᠦ ᠲᠦᠰᠢᠮᠡᠳ ᠴᠤ ᠠᠷᠠᠳ ᠲᠦᠮᠡᠨ᠂ ᠲᠠᠬᠢᠯᠴᠢᠳ ᠪᠣᠯᠣᠨ ᠯᠧᠸᠢᠴᠦᠳ ᠲᠦ ᠰᠠᠢᠨ ᠳᠤᠷ᠎ᠠ ᠠᠴᠠ ᠪᠠᠨ ᠬᠠᠨᠳᠢᠪᠯᠠᠪᠠ᠃ ᠪᠤᠷᠬᠠᠨ ᠤ ᠥᠷᠭᠥᠭᠡᠨ ᠦ ᠳᠠᠭᠠᠭᠠᠮᠠᠯ ᠾᠢᠯᠺᠢᠶ᠎ᠠ᠂ ᠽᠧᠺᠠᠷᠢᠶ᠎ᠠ᠂ ᠶᠧᠾᠢᠶᠧᠯ ᠨᠠᠷ ᠬᠣᠶᠠᠷ ᠮᠢᠩ᠋ᠭ᠎ᠠ ᠵᠢᠷᠭᠤᠭᠠᠨ ᠵᠠᠭᠤᠨ ᠬᠣᠨᠢ᠂ ᠭᠤᠷᠪᠠᠨ ᠵᠠᠭᠤᠨ ᠪᠤᠬ᠎ᠠ ᠶᠢ ᠭᠡᠲᠦᠯᠭᠡᠭᠰᠡᠨ ᠦ ᠪᠠᠶᠠᠷ ᠤᠨ ᠡᠷᠭᠦᠯ ᠪᠣᠯᠭᠠᠨ ᠲᠠᠬᠢᠯᠴᠢᠳ ᠲᠤ ᠥᠭᠴᠦ᠂ 9 ᠯᠧᠸᠢᠴᠦᠳ ᠦᠨ ᠤᠳᠤᠷᠢᠳᠤᠭᠴᠢ ᠪᠣᠯᠬᠤ ᠺᠣᠨᠠᠨᠢᠶ᠎ᠠ᠂ ᠲᠡᠭᠦᠨ ᠦ ᠳᠡᠭᠦᠦ ᠱᠧᠮᠠᠢᠶ᠎ᠠ᠂ ᠨᠧᠲ᠋ᠠᠨᠧᠯ᠂ ᠬᠠᠱᠠᠪᠢᠶ᠎ᠠ᠂ ᠶᠧᠶᠧᠯ᠂ ᠶᠣᠽᠠᠪᠠᠳ᠋ ᠨᠠᠷ ᠯᠧᠸᠢᠴᠦᠳ ᠲᠦ ᠲᠠᠪᠤᠨ ᠮᠢᠩ᠋ᠭᠠᠨ ᠬᠣᠨᠢ ᠪᠠ ᠲᠠᠪᠤᠨ ᠵᠠᠭᠤᠨ ᠪᠤᠬ᠎ᠠ ᠥᠭᠴᠦ᠂ ᠭᠡᠲᠦᠯᠭᠡᠭᠰᠡᠨ ᠦ ᠪᠠᠶᠠᠷ ᠤᠨ ᠡᠷᠭᠦᠯ ᠪᠣᠯᠭᠠᠵᠠᠢ᠃

10 ᠢᠩᠭᠢᠭᠡᠳ ᠦᠢᠯᠡᠴᠢᠯᠡᠯ ᠪᠡᠯᠡᠬᠡᠨ ᠪᠣᠯᠣᠯ᠎ᠠ᠃ ᠬᠠᠭᠠᠨ ᠤ ᠲᠤᠰᠢᠶᠠᠭᠰᠠᠨ ᠶᠣᠰᠣᠭᠠᠷ ᠲᠠᠬᠢᠯᠴᠢᠳ ᠪᠠᠢᠷᠢᠨ ᠳᠠᠭᠠᠨ᠂ ᠯᠧᠸᠢᠴᠦᠳ ᠪᠦᠯᠦᠭ ᠤᠳ ᠢᠶᠠᠷ ᠢᠶᠠᠨ ᠵᠣᠭᠰᠣᠵᠠᠭᠠᠪᠠ᠃ 11 ᠭᠡᠲᠦᠯᠭᠡᠭᠰᠡᠨ ᠦ ᠪᠠᠶᠠᠷ ᠤᠨ ᠬᠤᠷᠠᠭ᠎ᠠ ᠨᠤᠭᠤᠳ ᠢ ᠨᠢᠲᠤᠯᠪᠠ᠂ ᠯᠧᠸᠢᠴᠦᠳ ᠠᠷᠠᠰᠤ ᠶᠢ ᠨᠢ ᠥᠪᠴᠢᠵᠦ ᠪᠠᠢᠬᠤ ᠳᠤ᠂ ᠲᠠᠬᠢᠯᠴᠢᠳ ᠲᠡᠳᠡᠨ ᠦ ᠭᠠᠷ ᠠᠴᠠ ᠴᠢᠰᠤ ᠶᠢ ᠨᠢ ᠠᠪᠴᠤ ᠰᠠᠴᠤᠪᠠ᠃ 12 ᠲᠡᠭᠡᠭᠡᠳ ᠰᠢᠲᠠᠭᠠᠯᠭᠠᠲᠤ ᠲᠠᠬᠢᠯ ᠢ ᠬᠤᠪᠢᠶᠠᠵᠤ᠂ ᠠᠷᠠᠳ ᠣᠯᠠᠨ ᠤ ᠭᠡᠷ ᠪᠦᠯᠢ ᠨᠦᠭᠦᠳ ᠲᠦ ᠥᠭᠴᠦ᠂ ᠮᠣᠰᠧ ᠶᠢᠨ ᠨᠣᠮ ᠳᠤ ᠪᠢᠴᠢᠭᠳᠡᠭᠰᠡᠨ ᠦ ᠳᠠᠭᠠᠤ ᠲᠡᠳᠡᠭᠡᠷ ᠢ ᠶᠣᠬᠣᠸᠠ ᠳᠤ ᠡᠷᠭᠦᠭᠦᠯᠪᠡ᠃ ᠪᠤᠬ᠎ᠠ ᠨᠤᠭᠤᠳ ᠢ ᠴᠤ ᠠᠳᠠᠯᠢᠬᠠᠨ ᠡᠷᠭᠦᠭᠦᠯᠪᠡ᠃ 13 ᠯᠧᠸᠢᠴᠦᠳ ᠭᠡᠲᠦᠯᠭᠡᠭᠰᠡᠨ ᠦ ᠪᠠᠶᠠᠷ ᠤᠨ ᠬᠤᠷᠠᠭ᠎ᠠ ᠨᠤᠭᠤᠳ ᠢ ᠵᠢᠷᠤᠮ ᠤᠨ ᠳᠠᠭᠠᠤ ᠭᠠᠯ ᠳᠡᠭᠡᠷ᠎ᠡ ᠰᠢᠷᠠᠵᠤ᠂ ᠪᠤᠰᠤᠳ ᠠᠷᠢᠭᠤᠨ ᠡᠷᠭᠦᠯ ᠢ ᠲᠣᠭᠣᠭ᠎ᠠ᠂ ᠲᠣᠮᠣ ᠲᠣᠭᠣᠭ᠎ᠠ᠂ ᠰᠠᠪᠠᠨ ᠳᠤ ᠴᠢᠨᠠᠭᠠᠳ ᠪᠦᠬᠦ ᠠᠷᠠᠳ ᠣᠯᠠᠨ ᠳᠤ ᠶᠠᠭᠠᠷᠠᠯᠲᠠᠢ ᠠᠪᠴᠢᠷᠠᠭᠰᠠᠨ ᠤ ᠳᠠᠷᠠᠭ᠎ᠠ᠂ 14 ᠥᠪᠡᠷᠰᠡᠳ ᠦᠨ ᠪᠣᠯᠣᠨ ᠲᠠᠬᠢᠯᠴᠢᠳ ᠤᠨ ᠬᠤᠪᠢ ᠶᠢ ᠪᠡᠯᠡᠳᠬᠡᠪᠡ᠃ ᠲᠠᠬᠢᠯᠴᠢ ᠠᠷᠣᠨ ᠤ ᠦᠷ᠎ᠡ ᠤᠳᠤᠮ ᠰᠢᠲᠠᠭᠠᠯᠭᠠᠲᠤ ᠲᠠᠬᠢᠯ ᠪᠠ ᠥᠭᠡᠬᠦ ᠶᠢ ᠡᠷᠭᠦᠵᠦ᠂ ᠰᠥᠨᠢ ᠪᠣᠯᠲᠠᠯ᠎ᠠ ᠵᠠᠪ ᠦᠭᠡᠢ ᠪᠠᠢᠳᠠᠭ ᠪᠣᠯᠬᠣᠷ ᠯᠧᠸᠢᠴᠦᠳ ᠥᠪᠡᠷᠰᠡᠳ ᠦᠨ ᠬᠢ ᠡᠴᠡ ᠪᠡᠨ ᠭᠠᠳᠠᠨ᠎ᠠ᠂ ᠠᠷᠣᠨ ᠤ ᠦᠷ᠎ᠡ ᠤᠳᠤᠮ ᠤᠨ ᠲᠠᠬᠢᠯᠴᠢᠳ ᠤᠨ ᠬᠤᠪᠢ ᠶᠢ ᠪᠡᠯᠡᠳᠬᠡᠪᠡ᠃ 15 ᠠᠰᠠᠹ ᠤᠨ ᠦᠷ᠎ᠡ ᠤᠳᠤᠮ ᠪᠣᠯᠬᠤ ᠳᠠᠭᠤᠴᠢᠳ ᠨᠢ ᠳ᠋ᠠᠸᠢᠳ᠋᠂ ᠠᠰᠠᠹ᠂ ᠾᠧᠮᠠᠨ ᠪᠣᠯᠣᠨ ᠬᠠᠭᠠᠨ ᠤ ᠪᠣᠱᠣᠭᠴᠢ ᠶᠧᠳᠦ᠋ᠲ᠋ᠦ᠋ᠨ ᠤ ᠲᠤᠰᠢᠶᠠᠯ ᠤᠨ ᠶᠣᠰᠣᠭᠠᠷ ᠪᠠᠢᠷᠢᠨ ᠳᠠᠭᠠᠨ ᠪᠠᠢᠵᠤ᠂ ᠬᠠᠭᠠᠯᠭᠠᠴᠢᠳ ᠨᠢ ᠥᠪᠡᠷ ᠥᠪᠡᠷᠰᠡᠳ ᠦᠨ ᠢᠶᠠᠨ ᠬᠠᠭᠠᠯᠭᠠᠨ ᠳᠤ ᠦᠢᠯᠡᠴᠢᠯᠡᠭᠰᠡᠭᠡᠷ ᠪᠠᠢᠷᠢᠨ ᠠᠴᠠ ᠪᠠᠨ ᠰᠠᠯᠳᠠᠭ ᠦᠭᠡᠢ ᠪᠠᠢᠪᠠ᠃ ᠠᠬ᠎ᠠ ᠳᠡᠭᠦᠦᠰ ᠯᠧᠸᠢᠴᠦᠳ ᠨᠢ ᠲᠡᠳᠡᠨ ᠦ ᠬᠤᠪᠢ ᠶᠢ ᠪᠡᠯᠡᠳᠬᠡᠵᠦ ᠥᠭᠳᠡᠭ ᠪᠠᠢᠯ᠎ᠠ᠃

16 ᠶᠣᠬᠣᠸᠠ ᠳᠤ ᠦᠢᠯᠡᠴᠢᠯᠡᠬᠦ ᠪᠦᠬᠦ ᠦᠢᠯᠡᠴᠢᠯᠡᠯ ᠲᠡᠷᠡ ᠡᠳᠦᠷ ᠪᠡᠯᠡᠬᠡᠨ ᠪᠣᠯᠣᠭᠰᠠᠨ ᠳᠤ᠂ ᠬᠥᠮᠦᠰ ᠶᠣᠰᠢᠶ᠎ᠠ ᠬᠠᠭᠠᠨ ᠤ ᠲᠤᠰᠢᠶᠠᠯ ᠤᠨ ᠶᠣᠰᠣᠭᠠᠷ ᠭᠡᠲᠦᠯᠭᠡᠭᠰᠡᠨ ᠦ ᠪᠠᠶᠠᠷ ᠢ ᠲᠡᠮᠳᠡᠭᠯᠡᠵᠦ᠂ ᠶᠣᠬᠣᠸᠠ ᠶᠢᠨ ᠲᠠᠬᠢᠯ ᠤᠨ ᠰᠢᠷᠡᠭᠡᠨ ᠳᠡᠭᠡᠷ᠎ᠡ ᠰᠢᠲᠠᠭᠠᠯᠭᠠᠲᠤ ᠲᠠᠬᠢᠯ ᠡᠷᠭᠦᠪᠡ᠃ 17 ᠴᠤᠭᠯᠠᠷᠠᠭᠰᠠᠨ ᠢᠰᠷᠧᠯᠴᠦᠳ ᠲᠡᠷᠡ ᠦᠶ᠎ᠡ ᠳᠦ ᠭᠡᠲᠦᠯᠭᠡᠭᠰᠡᠨ ᠦ ᠪᠠᠶᠠᠷ ᠢ ᠲᠡᠮᠳᠡᠭᠯᠡᠭᠡᠳ᠂ ᠵᠠᠯᠭᠠᠭᠠᠪᠠᠷ ᠳᠣᠯᠣᠭᠠᠨ ᠡᠳᠦᠷ ᠢᠰᠭᠡᠭᠡ ᠦᠭᠡᠢ ᠪᠣᠣᠪᠣ ᠶᠢᠨ ᠪᠠᠶᠠᠷ ᠢ ᠲᠡᠮᠳᠡᠭᠯᠡᠵᠡᠢ᠃ 18 ᠡᠰᠢ ᠦᠵᠡᠭᠦᠯᠦᠭᠴᠢ ᠰᠠᠮᠦ᠋ᠶᠧᠯ ᠤᠨ ᠦᠶ᠎ᠡ ᠡᠴᠡ ᠬᠣᠢᠰᠢ ᠭᠡᠲᠦᠯᠭᠡᠭᠰᠡᠨ ᠦ ᠪᠠᠶᠠᠷ ᠢ ᠡᠨᠡ ᠮᠡᠲᠦ ᠪᠡᠷ ᠲᠡᠮᠳᠡᠭᠯᠡᠵᠦ ᠪᠠᠢᠭᠰᠠᠨ ᠤᠳᠠᠭ᠎ᠠ ᠦᠭᠡᠢ᠃ ᠢᠰᠷᠧᠯ ᠤᠨ ᠬᠠᠭᠠᠳ ᠤᠨ ᠨᠢᠭᠡ ᠨᠢ ᠴᠤ ᠶᠣᠰᠢᠶ᠎ᠠ ᠮᠡᠲᠦ ᠲᠠᠬᠢᠯᠴᠢᠳ᠂ ᠯᠧᠸᠢᠴᠦᠳ᠂ ᠲᠡᠨᠳᠡ ᠴᠤᠭᠯᠠᠷᠠᠭᠰᠠᠨ ᠪᠦᠬᠦ ᠶᠦᠳᠠ᠂ ᠢᠰᠷᠧᠯ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠤᠨ ᠬᠠᠮᠲᠤ ᠭᠡᠲᠦᠯᠭᠡᠭᠰᠡᠨ ᠦ ᠪᠠᠶᠠᠷ ᠢ ᠲᠡᠮᠳᠡᠭᠯᠡᠵᠦ ᠪᠠᠢᠭ᠎ᠠ ᠦᠭᠡᠢ ᠪᠢᠯᠡ᠃ 19 ᠶᠣᠰᠢᠶ᠎ᠠ ᠶᠢᠨ ᠬᠠᠭᠠᠨ ᠪᠣᠯᠣᠭᠰᠠᠨ ᠠᠷᠪᠠᠨ ᠨᠠᠢ᠌ᠮᠠᠳᠠᠬᠢ ᠵᠢᠯ ᠳᠤ᠂ ᠭᠡᠲᠦᠯᠭᠡᠭᠰᠡᠨ ᠦ ᠪᠠᠶᠠᠷ ᠢᠩᠭᠢᠵᠦ ᠲᠡᠮᠳᠡᠭᠯᠡᠭᠳᠡᠭᠰᠡᠨ ᠶᠤᠮ᠃
 ᠶᠣᠰᠢᠶ᠎ᠠ ᠶᠢᠨ ᠲᠡᠭᠦᠰᠬᠡᠯ

20 ᠡᠨᠡ ᠪᠦᠭᠦᠳᠡ ᠶᠢᠨ ᠳᠠᠷᠠᠭ᠎ᠠ᠂ ᠲᠤᠬᠠᠢᠯᠠᠪᠠᠯ ᠶᠣᠰᠢᠶ᠎ᠠ ᠥᠷᠭᠥᠭᠡ ᠶᠢ ᠰᠡᠷᠭᠦᠭᠡᠭᠰᠡᠨ ᠦ ᠳᠠᠷᠠᠭ᠎ᠠ ᠶᠧᠵᠢᠫᠲ ᠤᠨ ᠬᠠᠭᠠᠨ ᠨᠧᠺᠣ ᠡᠶᠦ᠋ᠹᠷᠠᠲ᠋ᠧᠰ ᠳᠠᠬᠢ ᠺᠠᠷᠾᠧᠮᠢᠱ ᠲᠤ ᠳᠠᠢᠲᠤᠬᠤ ᠪᠠᠷ ᠢᠷᠡᠭᠰᠡᠨ ᠪᠥᠭᠡᠳ ᠶᠣᠰᠢᠶ᠎ᠠ ᠲᠡᠭᠦᠨ ᠲᠡᠢ ᠲᠤᠯᠤᠯᠳᠤᠬᠤ ᠪᠠᠷ ᠶᠠᠪᠤᠯ᠎ᠠ᠃ 21 ᠨᠧᠺᠣ ᠲᠡᠭᠦᠨ ᠤᠷᠤᠭᠤ ᠡᠯᠴᠢᠳ ᠢᠯᠡᠭᠡᠨ᠄ 《ᠶᠦᠳᠠ ᠶᠢᠨ ᠬᠠᠭᠠᠨᠲᠠᠨ᠂ ᠴᠢ ᠨᠠᠳᠠ ᠲᠠᠢ ᠶᠠᠮᠠᠷ ᠬᠠᠮᠢᠶ᠎ᠠ ᠲᠠᠢ ᠪᠤᠢ︖ ᠥᠨᠥᠳᠥᠷ ᠪᠢ ᠴᠢᠮ᠎ᠠ ᠤᠷᠤᠭᠤ ᠪᠢᠰᠢ᠂ ᠬᠠᠷᠢᠨ ᠨᠠᠳᠠ ᠲᠠᠢ ᠳᠠᠢᠲᠤᠵᠤ ᠪᠤᠢ ᠬᠠᠭᠠᠨᠴᠢᠯᠠᠯ ᠤᠨ ᠭᠡᠷ ᠤᠷᠤᠭᠤ ᠶᠠᠪᠤᠵᠤ ᠪᠠᠢᠭ᠎ᠠ ᠶᠤᠮ᠃ ᠨᠠᠮᠠᠶᠢ ᠶᠠᠭᠠᠷᠠᠪᠴᠢᠯᠠᠨ ᠢᠷᠡᠬᠦ ᠶᠢ ᠪᠤᠷᠬᠠᠨ ᠥᠪᠡᠷ ᠢᠶᠡᠨ ᠠᠢᠯᠠᠳᠤᠭᠰᠠᠨ᠂ ᠲᠡᠷᠡ ᠨᠠᠳᠠ ᠲᠠᠢ ᠬᠠᠮᠲᠤ ᠪᠠᠢᠭ᠎ᠠ ᠲᠤᠯᠠ ᠴᠢ ᠪᠤᠷᠬᠠᠨ ᠢ ᠡᠰᠡᠷᠭᠦᠴᠡᠬᠦ ᠪᠡᠨ ᠪᠣᠯᠢ᠂ ᠡᠰᠡ ᠪᠥᠭᠡᠰᠦ ᠲᠡᠷᠡ ᠴᠢᠮᠠᠶᠢ ᠰᠥᠨᠥᠭᠡᠬᠦ ᠪᠣᠯᠣᠨ᠎ᠠ》 ᠭᠡᠯ᠎ᠡ᠃ 22 ᠶᠣᠰᠢᠶ᠎ᠠ ᠬᠠᠷᠢᠨ ᠲᠡᠭᠦᠨ ᠡᠴᠡ ᠳᠠᠢᠵᠢᠭ᠎ᠠ ᠦᠭᠡᠢ᠂ ᠵᠢᠰᠦ ᠪᠤᠷᠤᠭᠤᠯᠠᠨ ᠲᠡᠭᠦᠨ ᠲᠡᠢ ᠳᠠᠢᠲᠤᠬᠤ ᠭᠡᠵᠦ ᠪᠠᠢᠯ᠎ᠠ᠃ ᠲᠡᠷᠡ ᠪᠡᠷ ᠪᠤᠷᠬᠠᠨ ᠤ ᠠᠮᠠ ᠠᠴᠠ ᠭᠠᠷᠤᠭᠰᠠᠨ ᠨᠧᠺᠣ ᠶᠢᠨ ᠦᠭᠡ ᠶᠢ ᠦᠯᠦ ᠲᠣᠭᠣᠮᠰᠠᠷᠯᠠᠵᠤ᠂ ᠲᠡᠭᠦᠨ ᠲᠡᠢ ᠳᠠᠢᠲᠤᠬᠤ ᠪᠠᠷ ᠮᠧᠭᠢᠳᠣ᠋ ᠶᠢᠨ ᠲᠠᠯ᠎ᠠ ᠳᠡᠭᠡᠷ᠎ᠡ ᠭᠠᠷᠪᠠ᠃ 23 ᠬᠠᠷᠪᠤᠭᠠᠴᠢᠳ ᠶᠣᠰᠢᠶ᠎ᠠ ᠬᠠᠭᠠᠨ ᠤᠷᠤᠭᠤ ᠬᠠᠷᠪᠤᠪᠠ᠃ ᠬᠠᠭᠠᠨ ᠵᠠᠷᠤᠴᠠ ᠨᠠᠷ ᠲᠠᠭᠠᠨ᠄ 《ᠪᠢ ᠬᠦᠨᠳᠦ ᠰᠢᠷᠬᠠᠲᠤᠯ᠎ᠠ᠂ ᠨᠠᠮᠠᠶᠢ ᠡ᠊ᠨᠳᠡ ᠡᠴᠡ ᠠᠪᠤᠭᠠᠳ ᠶᠠᠪᠤ》 ᠭᠡᠬᠦ ᠳᠦ᠂ 24 ᠵᠠᠷᠤᠴᠠ ᠨᠠᠷ ᠨᠢ ᠲᠡᠭᠦᠨ ᠢ ᠲᠡᠷᠭᠡᠨ ᠡᠴᠡ ᠨᠢ ᠪᠠᠭᠤᠯᠭᠠᠨ ᠠᠪᠴᠤ᠂ ᠥᠭᠡᠷ᠎ᠡ ᠲᠡᠷᠭᠡᠨ ᠳᠦ ᠲᠠᠯᠪᠢᠨ ᠶᠧᠷᠦ᠋ᠰᠠᠯᠧᠮ ᠳᠤ ᠠᠪᠠᠴᠢᠪᠠ᠃ ᠶᠣᠰᠢᠶ᠎ᠠ ᠲᠡᠨᠳᠡ ᠨᠠᠰᠤ ᠪᠠᠷᠠᠵᠤ᠂ ᠡᠴᠢᠭᠡ ᠡᠪᠦᠭᠡᠳ ᠦᠨ ᠢᠶᠠᠨ ᠪᠤᠯᠠᠰᠢᠨ ᠳᠤ ᠣᠷᠣᠰᠢᠭᠤᠯᠤᠭᠳᠠᠭᠰᠠᠨ ᠪᠢᠯᠡ᠃ ᠪᠦᠬᠦ ᠶᠦᠳᠠ ᠪᠠ ᠶᠧᠷᠦ᠋ᠰᠠᠯᠧᠮ ᠶᠣᠰᠢᠶ᠎ᠠ ᠶᠢᠨ ᠬᠣᠢᠨ᠎ᠠ ᠠᠴᠠ ᠭᠠᠰᠢᠭᠤᠳᠠᠵᠠᠢ᠃ 25 ᠶᠧᠷᠧᠮᠢᠶ᠎ᠠ ᠶᠣᠰᠢᠶ᠎ᠠ ᠳᠤ ᠵᠣᠷᠢᠭᠤᠯᠤᠨ ᠭᠠᠰᠢᠭᠤᠳᠠᠯ ᠤᠨ ᠳᠠᠭᠤᠤ ᠵᠣᠬᠢᠶᠠᠭᠰᠠᠨ ᠪᠢᠯᠡ᠃ ᠡᠷᠡᠭᠲᠡᠢ ᠡᠮᠡᠭᠲᠡᠢ ᠳᠠᠭᠤᠴᠢᠳ ᠪᠦᠭᠦᠳᠡᠭᠡᠷ ᠥᠪᠡᠷ ᠥᠪᠡᠷ ᠦᠨ ᠥᠩᠭᠡ ᠪᠡᠷ ᠭᠠᠰᠢᠭᠤᠳᠠᠯ ᠤᠨ ᠳᠠᠭᠤᠤ ᠳᠠᠭᠤᠯᠠᠵᠤ᠂ ᠥᠨᠥ ᠬᠦᠷᠲᠡᠯ᠎ᠡ ᠲᠡᠭᠦᠨ ᠦ ᠬᠣᠢᠨ᠎ᠠ ᠠᠴᠠ ᠭᠠᠰᠢᠭᠤᠳᠠᠭᠰᠠᠭᠠᠷ ᠪᠠᠢᠨ᠎ᠠ᠃ ᠡᠨᠡ ᠨᠢ ᠢᠰᠷᠧᠯ ᠳᠤ ᠶᠣᠰᠣ ᠵᠠᠩᠰᠢᠯ ᠪᠣᠯᠣᠭᠰᠠᠨ ᠪᠠ ᠲᠡᠳᠡᠭᠡᠷ ᠳᠠᠭᠤᠤ ᠨᠢ 《ᠭᠠᠰᠢᠭᠤᠳᠠᠯ》 ᠨᠣᠮ ᠳᠤ ᠪᠢᠴᠢᠭᠳᠡᠵᠡᠢ᠃ 26 ᠶᠣᠰᠢᠶ᠎ᠠ ᠶᠢᠨ ᠪᠤᠰᠤᠳ ᠶᠠᠪᠤᠳᠠᠯ᠂ ᠶᠣᠬᠣᠸᠠ ᠶᠢᠨ ᠬᠠᠤᠯᠢ ᠳᠤ ᠪᠢᠴᠢᠭᠳᠡᠭᠰᠡᠨ ᠵᠦᠢᠯᠡᠰ ᠢ ᠳᠠᠭᠠᠭᠰᠠᠨ ᠲᠡᠭᠦᠨ ᠦ ᠦᠨᠡᠨᠴᠢ ᠦᠢᠯᠡᠰ ᠵᠡᠷᠭᠡ ᠲᠡᠭᠦᠨ ᠦ ᠪᠦᠬᠦ ᠶᠠᠪᠤᠳᠠᠯ 27 ᠡᠬᠢᠨ ᠡᠴᠡ ᠪᠡᠨ ᠳᠠᠭᠤᠰᠲᠠᠯ᠎ᠠ᠂ ᠢᠰᠷᠧᠯ ᠪᠠ ᠶᠦᠳᠠ ᠶᠢᠨ ᠬᠠᠭᠠᠳ ᠤᠨ ᠨᠣᠮ ᠳᠤ ᠪᠢᠴᠢᠭᠳᠡᠭᠰᠡᠨ ᠪᠠᠢᠨ᠎ᠠ᠃