1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢᠨ ᠨᠠᠢ᠌ᠮᠠ
 ᠶᠦᠳᠠ ᠶᠢᠨ ᠬᠠᠭᠠᠨ ᠠᠬᠠᠽ

1 ᠠᠬᠠᠽ ᠬᠣᠷᠢᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠠᠷᠪᠠᠨ ᠵᠢᠷᠭᠤᠭᠠᠨ ᠵᠢᠯ ᠬᠠᠭᠠᠨᠴᠢᠯᠠᠵᠠᠢ᠃ ᠠᠬᠠᠽ ᠶᠣᠬᠣᠸᠠ ᠶᠢᠨ ᠮᠡᠯᠮᠡᠢ ᠳᠦ ᠡᠪᠦᠭᠡ ᠡᠴᠢᠭᠡ ᠳ᠋ᠠᠸᠢᠳ᠋ ᠰᠢᠭ᠋ ᠢᠶᠠᠨ ᠵᠥᠪ ᠢ ᠦᠢᠯᠡᠳᠦᠭᠰᠡᠨ ᠪᠢᠰᠢ᠂ 2 ᠢᠰᠷᠧᠯ ᠤᠨ ᠬᠠᠭᠠᠳ ᠤᠨ ᠵᠠᠮ ᠢᠶᠠᠷ ᠶᠠᠪᠤᠵᠤ᠂ ᠪᠠᠰᠠ ᠪᠠᠯ ᠤᠳ ᠲᠤ ᠵᠣᠷᠢᠭᠤᠯᠤᠨ ᠴᠢᠳᠬᠤᠮᠠᠯ ᠬᠥᠷᠥᠭ ᠤᠳ ᠬᠢᠪᠡ᠃ 3 ᠲᠡᠷᠡ ᠥᠪᠡᠷ ᠢᠶᠡᠨ ᠪᠧᠨ ᠾᠢᠨᠣᠮ ᠤᠨ ᠬᠥᠨᠳᠡᠢ ᠳᠦ ᠤᠲᠤᠯᠭ᠎ᠠ ᠤᠭᠤᠭᠢᠭᠤᠯᠵᠤ᠂ ᠢᠰᠷᠧᠯᠴᠦᠳ ᠦᠨ ᠡᠮᠦᠨ᠎ᠡ ᠶᠣᠬᠣᠸᠠ ᠶᠢᠨ ᠬᠥᠭᠡᠭᠡᠨ ᠭᠠᠷᠭᠠᠭᠰᠠᠨ ᠦᠨᠳᠦᠰᠦᠲᠡᠨ ᠨᠦᠭᠦᠳ ᠦᠨ ᠵᠢᠭᠰᠢᠭᠦᠷᠢᠲᠦ ᠶᠠᠪᠤᠳᠠᠯ ᠢ ᠳᠠᠭᠠᠨ ᠥᠪᠡᠷ ᠦᠨ ᠢᠶᠠᠨ ᠬᠥᠪᠡᠭᠦᠳ ᠢ ᠭᠠᠯ ᠳᠤᠮᠳᠠᠭᠤᠷ ᠶᠠᠪᠤᠭᠤᠯᠤᠭᠰᠠᠨ ᠠᠵᠢ᠃ 4 ᠲᠡᠷᠡ ᠪᠡᠷ ᠮᠥᠷᠭᠥᠯ ᠦᠨ ᠮᠠᠨᠳᠠᠯ ᠤᠳ᠂ ᠲᠣᠯᠣᠭᠠᠳ ᠪᠣᠯᠣᠨ ᠠᠯᠢᠪᠠ ᠱᠠᠩᠰᠢ ᠮᠣᠳᠣᠨ ᠤ ᠳᠣᠣᠷ᠎ᠠ ᠲᠠᠬᠢᠯ ᠡᠷᠭᠦᠨ ᠤᠲᠤᠯᠭ᠎ᠠ ᠤᠭᠤᠭᠢᠭᠤᠯᠳᠠᠭ ᠪᠠᠢᠪᠠ᠃

5 ᠲᠡᠭᠦᠨ ᠦ ᠪᠤᠷᠬᠠᠨ ᠶᠣᠬᠣᠸᠠ ᠲᠡᠭᠦᠨ ᠢ ᠠᠷᠠᠮ ᠤᠨ ᠬᠠᠭᠠᠨ ᠤ ᠭᠠᠷ ᠲᠤ ᠲᠤᠰᠢᠶᠠᠭᠰᠠᠨ ᠳᠤ᠂ ᠠᠷᠠᠮᠴᠤᠳ ᠲᠡᠭᠦᠨ ᠢ ᠴᠣᠬᠢᠵᠤ᠂ ᠦᠯᠡᠮᠵᠢ ᠣᠯᠠᠨ ᠢ ᠨᠢ ᠣᠯᠵᠠᠯᠠᠨ ᠳ᠋ᠠᠮᠠᠰᠺᠦ᠋ᠰ ᠲᠤ ᠠᠪᠠᠴᠢᠭᠰᠠᠨ ᠪᠠᠢᠨ᠎ᠠ᠃ ᠶᠣᠬᠣᠸᠠ ᠲᠡᠭᠦᠨ ᠢ ᠪᠠᠰᠠ ᠢᠰᠷᠧᠯ ᠤᠨ ᠬᠠᠭᠠᠨ ᠤ ᠭᠠᠷ ᠲᠤ ᠲᠤᠰᠢᠶᠠᠭᠰᠠᠨ ᠢᠶᠠᠷ ᠲᠡᠷᠡ ᠴᠤ ᠲᠡᠭᠦᠨ ᠳᠦ ᠶᠡᠬᠡ ᠬᠣᠬᠢᠷᠠᠯ ᠤᠴᠠᠷᠠᠭᠤᠯᠤᠭᠰᠠᠨ ᠶᠤᠮ᠃ 6 ᠢᠩᠭᠢᠭᠡᠳ ᠨᠢᠭᠡᠯᠬᠡᠨ ᠡᠳᠦᠷ ᠦᠨ ᠳᠣᠲᠣᠷ᠎ᠠ ᠶᠦᠳᠠ ᠶᠢᠨ ᠠᠷᠪᠠᠨ ᠬᠣᠶᠠᠷ ᠲᠦᠮᠡᠨ ᠳᠠᠢᠴᠢᠨ ᠷᠧᠮᠠᠯᠢᠶ᠎ᠠ ᠶᠢᠨ ᠬᠦᠦ ᠫᠧᠺᠠ ᠳᠤ ᠠᠯᠠᠭᠳᠠᠪᠠ᠃ ᠡᠨᠡ ᠨᠢ ᠶᠦᠳᠠ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠣᠷᠬᠢᠭᠰᠠᠨ ᠤ ᠬᠢ ᠪᠢᠯᠡ᠃ 7 ᠲᠡᠷᠡ ᠦᠶ᠎ᠡ ᠳᠦ ᠡᠹᠷᠠᠢᠮ ᠤᠨ ᠳᠠᠢᠴᠢᠨ ᠽᠢᠺᠷᠢ ᠪᠠᠷ ᠬᠠᠭᠠᠨ ᠤ ᠬᠦᠦ ᠮᠠᠶᠠᠰᠧᠶ᠎ᠠ ᠶᠢ᠂ ᠣᠷᠳᠣᠨ ᠤ ᠵᠠᠬᠢᠷᠤᠭᠴᠢ ᠠᠽᠷᠢᠺᠠᠮ ᠪᠣᠯᠣᠨ ᠬᠠᠭᠠᠨ ᠤ ᠳᠠᠷᠠᠭᠠᠬᠢ ᠬᠥᠮᠦᠨ ᠡᠯᠺᠠᠨᠠ ᠶᠢ ᠬᠣᠷᠣᠭᠠᠪᠠ᠃

8 ᠢᠰᠷᠧᠯᠴᠦᠳ ᠠᠬ᠎ᠠ ᠳᠡᠭᠦᠦᠰ ᠶᠦᠳᠠᠴᠤᠳ ᠤᠨ ᠢᠶᠠᠨ ᠡᠬᠡᠨᠡᠷ᠂ ᠬᠥᠪᠡᠭᠦᠳ ᠥᠬᠢᠳ ᠡᠴᠡ ᠬᠣᠷᠢᠨ ᠲᠦᠮᠡᠨ ᠬᠥᠮᠦᠨ ᠣᠯᠵᠠᠯᠠᠵᠤ᠂ ᠪᠠᠰᠠ ᠶᠡᠬᠡ ᠡᠳ᠋ ᠶᠠᠭᠤᠮᠠᠰ ᠢ ᠨᠢ ᠳᠡᠭᠡᠷᠡᠮᠳᠡᠨ ᠰᠠᠮᠠᠷᠢᠶ᠎ᠠ ᠳᠤ ᠠᠪᠠᠴᠢᠪᠠ᠃ 9 ᠬᠠᠷᠢᠨ ᠶᠣᠬᠣᠸᠠ ᠶᠢᠨ ᠡᠰᠢ ᠦᠵᠡᠭᠦᠯᠦᠭᠴᠢ ᠣᠳᠧᠳ᠋ ᠲᠡᠨᠳᠡ ᠪᠠᠢᠵᠠᠢ᠃ ᠲᠡᠷᠡ ᠰᠠᠮᠠᠷᠢᠶ᠎ᠠ ᠤᠷᠤᠭᠤ ᠢᠷᠡᠵᠦ ᠪᠠᠢᠭ᠎ᠠ ᠴᠡᠷᠢᠭ ᠤᠨ ᠡᠮᠦᠨ᠎ᠡ ᠭᠠᠷᠴᠤ᠂ ᠲᠡᠳᠡᠨ ᠳᠦ᠄ 《ᠬᠠᠷᠠ᠂ ᠲᠠ ᠨᠠᠷ ᠤᠨ ᠡᠴᠢᠭᠡ ᠡᠪᠦᠭᠡᠳ ᠦᠨ ᠪᠤᠷᠬᠠᠨ ᠶᠣᠬᠣᠸᠠ ᠶᠦᠳᠠ ᠳᠤ ᠬᠢᠯᠢᠩᠨᠡᠵᠦ᠂ ᠲᠡᠳᠡᠨ ᠢ ᠲᠠ ᠨᠠᠷ ᠤᠨ ᠭᠠᠷ ᠲᠤ ᠲᠤᠰᠢᠶᠠᠭᠰᠠᠨ ᠠᠲᠠᠯ᠎ᠠ ᠲᠠ ᠨᠠᠷ ᠲᠩᠷᠢ ᠳᠤ ᠲᠤᠯᠤᠮ᠎ᠠ ᠠᠭᠤᠷ ᠢᠶᠠᠷ ᠲᠡᠳᠡᠨ ᠢ ᠬᠢᠳᠤᠭᠰᠠᠨ ᠪᠠᠢᠨ᠎ᠠ᠃ 10 ᠣᠳᠣ ᠲᠠ ᠨᠠᠷ ᠶᠦᠳᠠ᠂ ᠶᠧᠷᠦ᠋ᠰᠠᠯᠧᠮ ᠤᠨ ᠬᠥᠮᠦᠰ ᠢ ᠡᠷᠡᠭᠲᠡᠢ ᠡᠮᠡᠭᠲᠡᠢ ᠢᠯᠭᠠᠯ ᠦᠭᠡᠢ ᠪᠣᠭᠣᠯᠴᠢᠯᠠᠨ ᠳᠠᠷᠤᠯᠠᠬᠤ ᠭᠡᠵᠦ ᠪᠠᠢᠨ᠎ᠠ᠃ ᠬᠠᠷᠢᠨ ᠲᠠ ᠨᠠᠷ ᠶᠣᠬᠣᠸᠠ ᠪᠤᠷᠬᠠᠨ ᠤ ᠪᠠᠨ ᠡᠮᠦᠨ᠎ᠡ ᠭᠡᠮ ᠨᠢᠭᠦᠯ ᠦᠭᠡᠢ ᠭᠡᠵᠢ ᠤᠤ︖ 11 ᠣᠳᠣ ᠮᠢᠨᠦᠬᠢ ᠶᠢ ᠰᠣᠨᠣᠰ᠂ ᠲᠠ ᠨᠠᠷ ᠣᠯᠵᠠᠯᠠᠨ ᠠᠪᠤᠭᠰᠠᠨ ᠠᠬ᠎ᠠ ᠳᠡᠭᠦᠦᠰ ᠢᠶᠡᠨ ᠪᠤᠴᠠᠭ᠎ᠠ᠃ ᠶᠣᠬᠣᠸᠠ ᠶᠢᠨ ᠠᠭᠤᠷ ᠬᠢᠯᠢᠩ ᠲᠠ ᠨᠠᠷ ᠤᠨ ᠳᠡᠭᠡᠷ᠎ᠡ ᠪᠠᠢᠨ᠎ᠠ》 ᠭᠡᠪᠡ᠃ 12 ᠲᠡᠭᠡᠬᠦ ᠳᠦ ᠡᠹᠷᠠᠢᠮ ᠤᠨ ᠤᠳᠤᠷᠢᠳᠤᠭᠴᠢᠳ ᠤᠨ ᠳᠤᠮᠳᠠ ᠠᠴᠠ ᠶᠧᠬᠣᠬᠠᠨᠠᠨ ᠤ ᠬᠦᠦ ᠠᠽᠠᠷᠢᠶ᠎ᠠ᠂ ᠮᠧᠱᠢᠯᠧᠮᠣᠲ ᠤᠨ ᠬᠦᠦ ᠪᠧᠷᠧᠺᠢᠶ᠎ᠠ᠂ ᠱᠠᠯᠦ᠋ᠮ ᠤᠨ ᠬᠦᠦ ᠶᠧᠾᠢᠽᠺᠢᠶ᠎ᠠ᠂ ᠬᠠᠳ᠋ᠯᠠᠢ ᠶᠢᠨ ᠬᠦᠦ ᠠᠮᠠᠰᠠ ᠨᠠᠷ ᠪᠣᠰᠣᠨ ᠳᠠᠢᠨ ᠠᠴᠠ ᠢᠷᠡᠵᠦ ᠪᠠᠢᠭ᠎ᠠ ᠬᠥᠮᠦᠰ ᠦᠨ ᠡᠮᠦᠨ᠎ᠡ ᠭᠠᠷᠴᠤ᠂ 13 ᠲᠡᠳᠡᠨ ᠳᠦ᠄ 《ᠣᠯᠵᠠᠯᠠᠭᠳᠠᠭᠰᠠᠳ ᠢ ᠡ᠊ᠨᠳᠡ ᠠᠪᠴᠢᠷᠠᠵᠤ ᠪᠣᠯᠬᠤ ᠦᠭᠡᠢ᠂ ᠠᠪᠴᠢᠷᠠᠪᠠᠯ ᠪᠢᠳᠡ ᠶᠣᠬᠣᠸᠠ ᠶᠢᠨ ᠡᠮᠦᠨ᠎ᠡ ᠨᠢᠭᠦᠯ ᠲᠡᠢ ᠪᠣᠯᠣᠨ᠎ᠠ᠃ ᠪᠢᠳᠡᠨ ᠦ ᠨᠢᠭᠦᠯ ᠦᠯᠡᠮᠵᠢ ᠶᠡᠬᠡ ᠪᠣᠯᠵᠤ ᠲᠡᠭᠦᠨ ᠦ ᠠᠭᠤᠷ ᠬᠢᠯᠢᠩ ᠢᠰᠷᠧᠯ ᠤᠨ ᠳᠡᠭᠡᠷ᠎ᠡ ᠪᠠᠢᠲᠠᠯ᠎ᠠ ᠲᠠ ᠨᠠᠷ ᠪᠢᠳᠡᠨ ᠦ ᠨᠢᠭᠦᠯ ᠳᠡᠭᠡᠷ᠎ᠡ ᠪᠠᠰᠠ ᠥᠭᠡᠷ᠎ᠡ ᠶᠢ ᠨᠡᠮᠡᠬᠦ ᠨᠢ ᠤᠤ︖》 ᠭᠡᠬᠦ ᠳᠦ᠂ 14 ᠵᠡᠪᠰᠡᠭᠯᠡᠭᠰᠡᠨ ᠡᠷᠡᠴᠦᠳ ᠣᠯᠵᠠᠯᠠᠭᠳᠠᠭᠰᠠᠳ ᠪᠠ ᠣᠯᠵᠠ ᠶᠢ ᠨᠣᠶᠠᠳ ᠪᠣᠯᠣᠨ ᠪᠦᠬᠦ ᠴᠢᠭᠤᠯᠭᠠᠨ ᠤ ᠡᠮᠦᠨ᠎ᠡ ᠲᠠᠯᠪᠢᠭᠰᠠᠨ ᠪᠠᠢᠨ᠎ᠠ᠃ 15 ᠳᠡᠭᠡᠷ᠎ᠡ ᠨᠡᠷ᠎ᠡ ᠳᠤᠷᠠᠳᠤᠭᠳᠠᠭᠰᠠᠨ ᠬᠥᠮᠦᠰ ᠣᠯᠵᠠᠯᠠᠭᠳᠠᠭᠰᠠᠳ ᠢ ᠬᠦᠯᠢᠶᠡᠨ ᠠᠪᠴᠤ᠂ ᠨᠢᠴᠦᠭᠦᠨ ᠨᠢᠭᠡᠨ ᠢ ᠨᠢ ᠣᠯᠵᠠᠨ ᠤ ᠬᠤᠪᠴᠠᠰᠤ ᠪᠠᠷ ᠬᠤᠪᠴᠠᠰᠤᠯᠠᠵᠤ᠂ ᠮᠥᠨ ᠱᠠᠬᠠᠢ᠂ ᠬᠣᠭᠣᠯᠠ ᠤᠮᠳᠠ ᠪᠣᠯᠣᠨ ᠡᠮᠴᠢᠯᠡᠬᠦ ᠲᠣᠰᠣ ᠥᠭᠴᠦ᠂ ᠲᠠᠮᠢᠷᠳᠠᠭᠰᠠᠨ ᠨᠢᠭᠡᠨ ᠢ ᠨᠢ ᠡᠯᠵᠢᠭᠡ ᠤᠨᠤᠭᠤᠯᠤᠨ ᠬᠥᠲᠥᠯᠵᠦ᠂ ᠲᠡᠳᠡᠨ ᠢ ᠳ᠋ᠠᠯ ᠮᠣᠳᠣᠨ ᠤ ᠬᠣᠲᠠ ᠶᠧᠷᠢᠺᠣ ᠳᠤ ᠠᠬ᠎ᠠ ᠳᠡᠭᠦᠦᠰ ᠤᠷᠤᠭᠤ ᠨᠢ ᠠᠪᠠᠴᠢᠪᠠ᠃ ᠢᠩᠭᠢᠭᠡᠳ ᠲᠡᠳᠡ ᠰᠠᠮᠠᠷᠢᠶ᠎ᠠ ᠤᠷᠤᠭᠤ ᠪᠤᠴᠠᠵᠠᠭᠠᠭᠰᠠᠨ ᠪᠠᠢᠨ᠎ᠠ᠃

16 ᠲᠡᠷᠡ ᠦᠶ᠎ᠡ ᠳᠦ ᠠᠬᠠᠽ ᠬᠠᠭᠠᠨ ᠠᠰᠢᠷᠢᠶ᠎ᠠ ᠶᠢᠨ ᠬᠠᠭᠠᠨ ᠤᠷᠤᠭᠤ ᠲᠤᠰᠠᠯᠠᠮᠵᠢ ᠬᠦᠰᠡᠨ ᠬᠥᠮᠦᠨ ᠢᠯᠡᠭᠡᠪᠡ᠃ 17 ᠤᠴᠢᠷ ᠨᠢ ᠡᠳᠣᠮᠴᠤᠳ ᠳᠠᠬᠢᠨ ᠢᠷᠡᠵᠦ᠂ ᠶᠦᠳᠠ ᠶᠢ ᠳᠣᠪᠲᠣᠯᠣᠨ᠂ ᠣᠯᠵᠠᠯᠠᠭᠳᠠᠭᠰᠠᠳ ᠢ ᠠᠪᠠᠴᠢᠭᠰᠠᠨ ᠪᠥᠭᠡᠳ 18 ᠹᠢᠯᠢᠰᠲ᠋ᠴᠦᠳ ᠴᠤ ᠶᠦᠳᠠ ᠶᠢᠨ ᠡᠮᠦᠨ᠎ᠡ ᠪᠦᠰᠡ ᠶᠢᠨ ᠨᠠᠮ ᠳᠣᠣᠷ᠎ᠠ ᠭᠠᠵᠠᠷ ᠳᠠᠬᠢ ᠬᠣᠲᠠ ᠨᠤᠭᠤᠳ ᠢ ᠳᠠᠭᠠᠷᠢᠨ᠂ ᠪᠧᠲ ᠱᠧᠮᠧᠱ᠂ ᠠᠶᠠᠯᠣᠨ᠂ ᠭᠧᠳᠧᠷᠣᠲ ᠬᠢᠭᠡᠳ ᠰᠣᠺᠣ᠂ ᠲᠢᠮᠨᠠ᠂ ᠭᠢᠮᠽᠣ᠋ ᠶᠢ ᠡᠷᠭᠢᠨ ᠲᠣᠭᠣᠷᠢᠨ ᠤ ᠬᠢᠨᠢ ᠲᠣᠰᠬᠣᠳ ᠲᠠᠢ ᠬᠠᠮᠲᠤ ᠡᠵᠡᠯᠡᠨ ᠠᠪᠴᠤ᠂ ᠲᠡᠨᠳᠡ ᠰᠠᠭᠤᠷᠢᠰᠢᠭᠰᠠᠨ ᠪᠠᠢᠯ᠎ᠠ᠃ 19 ᠢᠰᠷᠧᠯ ᠤᠨ ᠬᠠᠭᠠᠨ 26 ᠠᠬᠠᠽ ᠶᠦᠳᠠ ᠶᠢ ᠵᠠᠮᠪᠠᠷᠠᠭ᠎ᠠ ᠦᠭᠡᠢ ᠪᠠᠢᠳᠠᠯ ᠳᠤ ᠣᠷᠣᠭᠤᠯᠵᠤ᠂ ᠶᠣᠬᠣᠸᠠ ᠳᠤ ᠶᠡᠬᠡᠳᠡ ᠨᠢᠭᠦᠯ ᠦᠢᠯᠡᠳᠦᠭᠰᠡᠨ ᠲᠤᠯᠠ ᠶᠣᠬᠣᠸᠠ ᠲᠡᠭᠦᠨ ᠦ ᠤᠯᠠᠮ ᠢᠶᠠᠷ ᠶᠦᠳᠠ ᠶᠢ ᠲᠡᠢᠨ ᠬᠦ ᠳᠣᠣᠷᠠᠳᠤ ᠪᠣᠯᠭᠠᠭᠰᠠᠨ ᠶᠤᠮ᠃ 20 ᠠᠰᠢᠷᠢᠶ᠎ᠠ ᠶᠢᠨ ᠬᠠᠭᠠᠨ ᠲᠢᠯᠭᠠᠲ ᠫᠢᠯᠨᠧᠰᠧᠷ ᠢᠷᠡᠭᠰᠡᠨ ᠪᠣᠯᠪᠠᠴᠤ ᠲᠡᠭᠦᠨ ᠢ ᠲᠤᠰᠠᠯᠠᠬᠤ ᠪᠠᠢᠲᠤᠭᠠᠢ᠂ ᠪᠦᠷ ᠴᠤ ᠳᠠᠷᠤᠮᠲᠠᠯᠠᠪᠠ᠃ 21 ᠠᠬᠠᠽ ᠶᠣᠬᠣᠸᠠ ᠶᠢᠨ ᠥᠷᠭᠥᠭᠡ᠂ ᠬᠠᠭᠠᠨ ᠤ ᠣᠷᠳᠣᠨ ᠪᠣᠯᠣᠨ ᠨᠣᠶᠠᠳ ᠤᠨ ᠭᠡᠷ ᠡᠴᠡ ᠡᠳ᠋ ᠶᠠᠭᠤᠮᠠᠰ ᠭᠠᠷᠭᠠᠵᠤ᠂ ᠠᠰᠢᠷᠢᠶ᠎ᠠ ᠶᠢᠨ ᠬᠠᠭᠠᠨ ᠳᠤ ᠥᠭᠭᠥᠭᠰᠡᠨ ᠪᠣᠯᠪᠠᠴᠤ ᠲᠤᠰᠠ ᠪᠣᠯᠣᠭᠰᠠᠨ ᠦᠭᠡᠢ᠃

22 ᠠᠬᠠᠽ ᠬᠠᠭᠠᠨ ᠵᠣᠪᠠᠯᠠᠩ ᠳᠤᠮᠳᠠ ᠪᠠᠢᠬᠤ ᠳᠠᠭᠠᠨ ᠶᠣᠬᠣᠸᠠ ᠳᠤ ᠪᠦᠷ ᠢᠯᠡᠭᠦᠦ ᠭᠡᠮ ᠨᠢᠭᠦᠯ ᠦᠢᠯᠡᠳᠴᠡᠢ᠃ 23 ᠲᠡᠷᠡ ᠪᠡᠷ ᠥᠪᠡᠷ ᠢ ᠨᠢ ᠴᠣᠬᠢᠭᠰᠠᠨ ᠳ᠋ᠠᠮᠠᠰᠺᠦ᠋ᠰ ᠤᠨ ᠬᠢᠨ ᠤ ᠪᠤᠷᠬᠠᠳ ᠲᠤ ᠲᠠᠬᠢᠯ ᠡᠷᠭᠦᠨ᠄ 《ᠠᠷᠠᠮ ᠤᠨ ᠬᠠᠭᠠᠳ ᠤᠨ ᠪᠤᠷᠬᠠᠳ ᠲᠡᠳᠡᠨ ᠳᠦ ᠲᠤᠰᠠᠯᠠᠳᠠᠭ ᠲᠤᠯᠠ ᠪᠢ ᠴᠤ ᠪᠤᠷᠬᠠᠳ ᠲᠤᠨᠢ ᠲᠠᠬᠢᠯ ᠡᠷᠭᠦᠪᠡᠯ ᠨᠠᠳᠠ ᠳᠤ ᠲᠤᠰᠠᠯᠠᠬᠤ ᠪᠣᠯᠣᠨ᠎ᠠ》 ᠭᠡᠵᠡᠢ᠃ ᠬᠠᠷᠢᠨ ᠲᠡᠭᠦᠨ ᠢ ᠪᠣᠯᠣᠨ ᠪᠦᠬᠦ ᠢᠰᠷᠧᠯ ᠢ ᠰᠦᠢᠷᠡᠬᠦ ᠳᠦ ᠬᠦᠷᠭᠡᠭᠰᠡᠨ ᠨᠢ ᠲᠡᠳᠡᠭᠡᠷ ᠶᠠᠭᠤᠮᠠᠰ ᠪᠢᠯᠡ᠃ 24 ᠠᠬᠠᠽ ᠪᠤᠷᠬᠠᠨ ᠤ ᠥᠷᠭᠥᠭᠡᠨ ᠦ ᠬᠡᠷᠡᠭᠰᠡᠯ ᠤᠳ ᠢ ᠴᠤᠭᠯᠠᠭᠤᠯᠤᠭᠠᠳ ᠲᠡᠳᠡᠭᠡᠷ ᠢ ᠪᠤᠲᠠᠯᠤᠭᠰᠠᠨ ᠪᠥᠭᠡᠳ ᠶᠣᠬᠣᠸᠠ ᠶᠢᠨ ᠥᠷᠭᠥᠭᠡᠨ ᠦ ᠬᠠᠭᠠᠯᠭ᠎ᠠ ᠨᠤᠭᠤᠳ ᠢ ᠬᠠᠭᠠᠭᠠᠳ ᠶᠧᠷᠦ᠋ᠰᠠᠯᠧᠮ ᠤᠨ ᠪᠤᠯᠤᠩ ᠪᠦᠷᠢ ᠳᠤ ᠥᠪᠡᠷ ᠲᠡᠭᠡᠨ ᠵᠣᠷᠢᠭᠤᠯᠤᠨ ᠲᠠᠬᠢᠯ ᠤᠨ ᠰᠢᠷᠡᠭᠡ ᠪᠣᠰᠬᠠᠨ 25 ᠶᠦᠳᠠ ᠶᠢᠨ ᠬᠣᠲᠠ ᠪᠦᠷᠢ ᠳᠤ ᠮᠥᠷᠭᠥᠯ ᠦᠨ ᠮᠠᠨᠳᠠᠯ ᠤᠳ ᠪᠣᠰᠬᠠᠵᠤ᠂ ᠥᠭᠡᠷ᠎ᠡ ᠪᠤᠷᠬᠠᠳ ᠲᠤ ᠤᠲᠤᠯᠭ᠎ᠠ ᠤᠭᠤᠭᠢᠭᠤᠯᠤᠭᠰᠠᠨ ᠢᠶᠠᠷ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠬᠢᠯᠢᠩᠨᠡᠭᠦᠯᠦᠭᠰᠡᠨ ᠶᠤᠮ᠃ 26 ᠲᠡᠭᠦᠨ ᠦ ᠪᠤᠰᠤᠳ ᠶᠠᠪᠤᠳᠠᠯ ᠪᠣᠯᠣᠨ ᠪᠦᠬᠦ ᠦᠢᠯᠡ ᠡᠬᠢᠨ ᠡᠴᠡ ᠪᠡᠨ ᠳᠠᠭᠤᠰᠲᠠᠯ᠎ᠠ ᠶᠦᠳᠠ ᠪᠣᠯᠣᠨ ᠢᠰᠷᠧᠯ ᠤᠨ ᠬᠠᠭᠠᠳ ᠤᠨ ᠨᠣᠮ ᠳᠤ ᠪᠢᠴᠢᠭᠳᠡᠭᠰᠡᠨ ᠪᠠᠢᠳᠠᠭ᠃ 27 ᠠᠬᠠᠽ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠥᠮᠦᠰ ᠲᠡᠭᠦᠨ ᠢ ᠶᠧᠷᠦ᠋ᠰᠠᠯᠧᠮ ᠬᠣᠲᠠ ᠳᠤ ᠣᠷᠣᠰᠢᠭᠤᠯᠤᠭᠰᠠᠨ ᠪᠣᠯᠪᠠᠴᠤ ᠢᠰᠷᠧᠯ ᠤᠨ ᠬᠠᠭᠠᠳ ᠤᠨ ᠪᠤᠯᠠᠰᠢᠨ ᠳᠤ ᠣᠷᠣᠭᠤᠯᠤᠭᠰᠠᠨ ᠦᠭᠡᠢ᠃ ᠬᠦᠦ ᠾᠧᠽᠧᠺᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃