ᠱᠠᠰᠲᠢᠷ ᠤᠨ ᠳᠡᠳ᠋ ᠠᠷᠪᠠᠨ ᠨᠢᠭᠡ
1 ᠷᠧᠬᠣᠪᠣᠶᠠᠮ ᠶᠧᠷᠦ᠋ᠰᠠᠯᠧᠮ ᠳᠤ ᠢᠷᠡᠵᠦ᠂ ᠶᠦᠳᠠ ᠪᠣᠯᠣᠨ ᠪᠢᠨᠶᠠᠮᠢᠨ ᠤ ᠭᠡᠷ ᠦᠨ ᠬᠢᠨ ᠡᠴᠡ ᠠᠷᠪᠠᠨ ᠨᠠᠢ᠌ᠮᠠᠨ ᠲᠦᠮᠡᠨ ᠰᠢᠯᠢᠳᠡᠭ ᠳᠠᠢᠴᠢᠨ ᠴᠤᠭᠯᠠᠭᠤᠯᠪᠠ᠃ ᠲᠡᠳᠡ ᠢᠰᠷᠧᠯ ᠲᠠᠢ ᠪᠠᠢᠯᠳᠤᠵᠤ᠂ ᠷᠧᠬᠣᠪᠣᠶᠠᠮ ᠤᠨ ᠬᠠᠭᠠᠨᠴᠢᠯᠠᠯ ᠢ ᠪᠤᠴᠠᠭᠠᠨ ᠠᠪᠬᠤ ᠭᠡᠵᠦ ᠪᠠᠢᠯ᠎ᠠ᠃ 2 ᠲᠡᠭᠡᠲᠡᠯ᠎ᠡ ᠪᠤᠷᠬᠠᠨ ᠤ ᠦᠭᠡ ᠪᠤᠷᠬᠠᠨ ᠤ ᠬᠥᠮᠦᠨ ᠱᠧᠮᠠᠢᠶ᠎ᠠ ᠳᠤ ᠪᠠᠭᠤᠵᠤ᠄ 3 《ᠴᠢ ᠰᠣᠯᠣᠮᠣᠨ ᠤ ᠬᠦᠦ᠂ ᠶᠦᠳᠠ ᠶᠢᠨ ᠬᠠᠭᠠᠨ ᠪᠣᠯᠬᠤ ᠷᠧᠬᠣᠪᠣᠶᠠᠮ ᠳᠤ᠂ ᠮᠥᠨ ᠶᠦᠳᠠ ᠪᠣᠯᠣᠨ ᠪᠢᠨᠶᠠᠮᠢᠨ ᠤ ᠬᠢᠨ ᠳᠤ ᠪᠠᠢᠭ᠎ᠠ ᠪᠦᠬᠦ ᠢᠰᠷᠧᠯ ᠬᠥᠮᠦᠨ ᠳᠦ ᠡᠢᠨ ᠬᠦ ᠬᠡᠯᠡᠭᠲᠦᠨ᠄ 4 ᠶᠣᠬᠣᠸᠠ ᠡᠢᠨ ᠬᠦ ᠠᠢᠯᠠᠳᠴᠤ ᠪᠠᠢᠨ᠎ᠠ᠄ ᠲᠠ ᠨᠠᠷ ᠥᠪᠡᠷᠰᠡᠳ ᠦᠨ ᠢᠶᠠᠨ ᠠᠬ᠎ᠠ ᠳᠡᠭᠦᠦᠰ ᠲᠡᠢ ᠪᠦᠦ ᠪᠠᠢᠯᠳᠤᠬᠤ ᠪᠠᠷ ᠶᠠᠪᠤ᠂ ᠬᠥᠮᠦᠨ ᠪᠣᠯᠭᠠᠨ ᠭᠡᠷ ᠭᠡᠷ ᠤᠷᠤᠭᠤ ᠪᠠᠨ ᠪᠤᠴᠠᠭᠲᠤᠨ᠂ ᠪᠠᠢᠳᠠᠯ ᠢ ᠡᠢᠮᠦ ᠪᠣᠯᠭᠠᠭᠰᠠᠨ ᠨᠢ ᠪᠢ ᠪᠢᠯᠡ》 ᠭᠡᠵᠡᠢ᠃ ᠲᠡᠳᠡ ᠶᠣᠬᠣᠸᠠ ᠶᠢᠨ ᠦᠭᠡ ᠶᠢ ᠰᠣᠨᠣᠰᠣᠭᠠᠳ ᠶᠧᠷᠣᠪᠣᠶᠠᠮ ᠤᠷᠤᠭᠤ ᠶᠠᠪᠤᠬᠤ ᠵᠠᠮ ᠠᠴᠠ ᠪᠤᠴᠠᠭᠰᠠᠨ ᠪᠠᠢᠨ᠎ᠠ᠃
5 ᠷᠧᠬᠣᠪᠣᠶᠠᠮ ᠶᠧᠷᠦ᠋ᠰᠠᠯᠧᠮ ᠳᠤ ᠰᠠᠭᠤᠵᠤ᠂ ᠶᠦᠳᠠ ᠳᠤ ᠪᠡᠬᠢᠯᠡᠯᠲᠡᠲᠦ ᠬᠣᠲᠠ ᠨᠤᠭᠤᠳ ᠪᠣᠰᠬᠠᠪᠠ᠃ 6 ᠪᠧᠲ᠋ᠯᠧᠾᠧᠮ᠂ ᠡᠲ᠋ᠠᠮ᠂ ᠲᠧᠺᠣᠶ᠎ᠠ᠂ 7 ᠪᠧᠲ ᠽᠦᠷ᠂ ᠰᠣᠺᠣ᠂ ᠠᠳᠦ᠋ᠯᠠᠮ᠂ 8 ᠭᠠᠲ᠂ ᠮᠠᠷᠧᠱᠨ᠂ ᠽᠢᠹ᠂ 9 ᠠᠳᠣᠷᠠᠢᠮ᠂ ᠯᠠᠺᠢᠱ᠂ ᠠᠽᠧᠺᠠ᠂ 10 ᠽᠣᠷᠠ᠂ ᠠᠶᠠᠯᠣᠨ᠂ ᠾᠧᠪᠷᠣᠨ ᠵᠡᠷᠭᠡ ᠨᠢ ᠶᠦᠳᠠ᠂ ᠪᠢᠨᠶᠠᠮᠢᠨ ᠤ ᠬᠢᠨ ᠤ ᠪᠡᠬᠢᠯᠡᠯᠲᠡᠲᠦ ᠬᠣᠲᠠ ᠨᠤᠭᠤᠳ ᠶᠤᠮ᠃ 11 ᠷᠧᠬᠣᠪᠣᠶᠠᠮ ᠡᠳᠡᠭᠡᠷ ᠬᠣᠲᠠ ᠶᠢ ᠪᠡᠬᠢᠵᠢᠭᠦᠯᠵᠦ᠂ ᠲᠡᠨᠳᠡ ᠵᠠᠩᠵᠤᠨ ᠨᠠᠷ ᠢ ᠰᠠᠭᠤᠯᠭᠠᠨ ᠬᠦᠨᠡᠰᠦ᠂ ᠲᠣᠰᠣ᠂ ᠳᠠᠷᠠᠰᠤ ᠨᠥᠭᠡᠴᠡᠯᠡᠭᠦᠯᠵᠡᠢ᠃ 12 ᠲᠡᠷᠡ ᠪᠡᠷ ᠬᠣᠲᠠ ᠪᠦᠷᠢ ᠳᠤ ᠪᠠᠮᠪᠠᠢ᠂ ᠵᠢᠳᠠ ᠲᠠᠯᠪᠢᠵᠤ᠂ ᠠᠰᠤᠷᠤ ᠶᠡᠬᠡ ᠬᠦᠴᠦᠷᠬᠡᠭᠵᠢᠭᠦᠯᠪᠡ᠃ ᠲᠡᠢᠮᠦ ᠡᠴᠡ ᠶᠦᠳᠠ ᠬᠢᠭᠡᠳ ᠪᠢᠨᠶᠠᠮᠢᠨ ᠲᠡᠭᠦᠨ ᠦ ᠲᠠᠯ᠎ᠠ ᠳᠤ ᠦᠯᠡᠳᠡᠭᠰᠡᠨ ᠪᠠᠢᠯ᠎ᠠ᠃
ᠯᠧᠸᠢᠴᠦᠳ ᠶᠦᠳᠠ ᠶᠢᠨ ᠲᠠᠯ᠎ᠠ ᠳᠤ ᠣᠷᠣᠪᠠ
13 ᠪᠦᠬᠦ ᠢᠰᠷᠧᠯ ᠤᠨ ᠲᠠᠬᠢᠯᠴᠢᠳ ᠪᠣᠯᠣᠨ ᠯᠧᠸᠢᠴᠦᠳ ᠨᠤᠲᠤᠭ ᠪᠣᠯᠭᠠᠨ ᠠᠴᠠ ᠢᠷᠡᠵᠦ᠂ ᠲᠡᠭᠦᠨ ᠦ ᠲᠠᠯ᠎ᠠ ᠳᠤ ᠣᠷᠣᠪᠠ᠃ 14 ᠯᠧᠸᠢᠴᠦᠳ ᠪᠡᠯᠴᠢᠭᠡᠷ ᠪᠠ ᠥᠮᠴᠢ ᠪᠠᠨ ᠬᠦᠷᠲᠡᠯ᠎ᠡ ᠣᠷᠬᠢᠵᠤ᠂ ᠶᠦᠳᠠ ᠪᠣᠯᠣᠨ ᠶᠧᠷᠦ᠋ᠰᠠᠯᠧᠮ ᠳᠤ ᠢᠷᠡᠭᠰᠡᠨ ᠨᠢ ᠶᠧᠷᠣᠪᠣᠶᠠᠮ ᠪᠣᠯᠣᠨ ᠲᠡᠭᠦᠨ ᠦ ᠬᠥᠪᠡᠭᠦᠳ ᠯᠧᠸᠢᠴᠦᠳ ᠢ ᠶᠣᠬᠣᠸᠠ ᠳᠤ ᠦᠢᠯᠡᠴᠢᠯᠡᠳᠡᠭ᠌ ᠲᠠᠬᠢᠯᠴᠢ ᠶᠢᠨ ᠲᠤᠰᠢᠶᠠᠯ ᠠᠴᠠ ᠨᠢ ᠤᠭᠴᠠᠷᠠᠭᠤᠯᠵᠤ᠂ 15 ᠳᠤᠷ᠎ᠠ ᠪᠠᠷ ᠢᠶᠠᠨ ᠲᠠᠬᠢᠯᠴᠢ ᠲᠣᠮᠢᠯᠠᠨ᠂ ᠮᠥᠷᠭᠥᠯ ᠦᠨ ᠮᠠᠨᠳᠠᠯ ᠤᠳ ᠲᠤ ᠥᠪᠡᠷ ᠦᠨ ᠢᠶᠠᠨ ᠪᠦᠲᠦᠭᠡᠭᠰᠡᠨ ᠢᠮᠠᠭ᠎ᠠ᠂ ᠲᠤᠭᠤᠯ ᠤᠨ ᠰᠢᠲᠦᠭᠡᠨ ᠢ ᠲᠠᠬᠢᠭᠤᠯᠤᠭᠰᠠᠨ ᠠᠴᠠ ᠪᠣᠯᠣᠭᠰᠠᠨ ᠶᠤᠮ᠃ 16 ᠢᠰᠷᠧᠯ ᠤᠨ ᠪᠤᠷᠬᠠᠨ ᠶᠣᠬᠣᠸᠠ ᠶᠢ ᠬᠠᠢᠬᠤ ᠪᠠᠷ ᠵᠢᠷᠦᠬᠡ ᠰᠡᠳᠬᠢᠯ ᠢᠶᠠᠨ ᠵᠣᠷᠢᠭᠤᠯᠤᠭᠰᠠᠨ ᠬᠥᠮᠦᠰ ᠢᠰᠷᠧᠯ ᠤᠨ ᠪᠦᠬᠦ ᠣᠪᠣᠭ ᠠᠴᠠ ᠰᠠᠯᠤᠨ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠳᠤ ᠲᠠᠬᠢᠯ ᠡᠷᠭᠦᠬᠦ ᠪᠡᠷ ᠯᠧᠸᠢᠴᠦᠳ ᠢ ᠳᠠᠭᠠᠵᠤ ᠶᠧᠷᠦ᠋ᠰᠠᠯᠧᠮ ᠳᠤ ᠢᠷᠡᠵᠡᠭᠡᠪᠡ᠃ 17 ᠲᠡᠳᠡ ᠶᠦᠳᠠ ᠶᠢᠨ ᠬᠠᠭᠠᠨᠴᠢᠯᠠᠯ ᠢ ᠬᠦᠴᠦᠷᠬᠡᠭᠵᠢᠭᠦᠯᠵᠦ᠂ ᠭᠤᠷᠪᠠᠨ ᠵᠢᠯ ᠰᠣᠯᠣᠮᠣᠨ ᠤ ᠬᠦᠦ ᠷᠧᠬᠣᠪᠣᠶᠠᠮ ᠢ ᠳᠡᠮᠵᠢᠪᠡ᠃ ᠡᠨᠡ ᠭᠤᠷᠪᠠᠨ ᠵᠢᠯ ᠳᠤ ᠲᠡᠳᠡ ᠳ᠋ᠠᠸᠢᠳ᠋ ᠪᠣᠯᠣᠨ ᠰᠣᠯᠣᠮᠣᠨ ᠤ ᠵᠠᠮ ᠢᠶᠠᠷ ᠶᠠᠪᠤᠭᠰᠠᠨ ᠪᠠᠢᠯ᠎ᠠ᠃
18 ᠷᠧᠬᠣᠪᠣᠶᠠᠮ ᠳ᠋ᠠᠸᠢᠳ᠋ ᠤᠨ ᠬᠦᠦ ᠶᠧᠷᠢᠮᠣᠲ ᠤᠨ ᠥᠬᠢᠨ ᠮᠠᠬᠠᠯᠠᠲ ᠢ ᠡᠬᠡᠨᠡᠷ ᠢᠶᠡᠨ ᠪᠣᠯᠭᠠᠨ ᠠᠪᠤᠪᠠ᠃ ᠮᠠᠬᠠᠯᠠᠲ ᠶᠢᠨ ᠡᠬᠡ ᠪᠣᠯ ᠢᠱᠠᠢ ᠶᠢᠨ ᠬᠦᠦ ᠡᠯᠢᠶᠠᠪ ᠤᠨ ᠥᠬᠢᠨ ᠠᠪᠢᠬᠠᠢᠯ ᠪᠢᠯᠡ᠃ 19 ᠮᠠᠬᠠᠯᠠᠲ ᠲᠡᠭᠦᠨ ᠳᠦ ᠶᠧᠶᠦ᠋ᠱ᠂ ᠱᠧᠮᠠᠷᠢᠶ᠎ᠠ᠂ ᠽᠠᠬᠠᠮ ᠵᠡᠷᠭᠡ ᠬᠥᠪᠡᠭᠦᠳ ᠢ ᠲᠥᠷᠥᠭᠦᠯᠵᠦ ᠥᠭᠭᠥᠭᠰᠡᠨ ᠶᠤᠮ᠃ 20 ᠳᠠᠷᠠᠭ᠎ᠠ ᠨᠢ ᠷᠧᠬᠣᠪᠣᠶᠠᠮ ᠠᠪᠰᠠᠯᠣᠮ ᠤᠨ ᠥᠬᠢᠨ ᠮᠠᠺᠠ ᠶᠢ ᠠᠪᠤᠭᠰᠠᠨ ᠳᠤ᠂ ᠲᠡᠭᠦᠨ ᠳᠦ ᠠᠪᠢᠶ᠎ᠠ᠂ ᠠᠲ᠋ᠠᠢ᠂ ᠽᠢᠽᠠ᠂ ᠱᠧᠯᠣᠮᠢᠲ ᠲᠥᠷᠥᠪᠡ᠃ 21 ᠷᠧᠬᠣᠪᠣᠶᠠᠮ ᠠᠷᠪᠠᠨ ᠨᠠᠢ᠌ᠮᠠᠨ ᠡᠬᠡᠨᠡᠷ᠂ ᠵᠢᠷᠠᠨ ᠲᠠᠲᠠᠪᠤᠷᠢ ᠲᠠᠢ᠂ ᠬᠣᠷᠢᠨ ᠨᠠᠢ᠌ᠮᠠᠨ ᠬᠦᠦ᠂ ᠵᠢᠷᠠᠨ ᠥᠬᠢᠨ ᠲᠠᠢ ᠪᠠᠢᠯ᠎ᠠ᠃ ᠲᠡᠷᠡ ᠪᠡᠷ ᠠᠪᠰᠠᠯᠣᠮ ᠤᠨ ᠥᠬᠢᠨ ᠮᠠᠺᠠ ᠶᠢ ᠪᠤᠰᠤᠳ ᠪᠦᠬᠦ ᠡᠬᠡᠨᠡᠷ ᠲᠠᠲᠠᠪᠤᠷᠢ ᠡᠴᠡ ᠪᠡᠨ ᠢᠯᠡᠭᠦᠦ ᠬᠠᠢᠷᠠᠯᠠᠳᠠᠭ ᠪᠣᠯᠬᠣᠷ 22 ᠮᠠᠺᠠ ᠶᠢᠨ ᠬᠦᠦ ᠠᠪᠢᠶ᠎ᠠ ᠶᠢ ᠬᠠᠭᠠᠨ ᠪᠣᠯᠭᠠᠬᠤ ᠭᠡᠵᠦ ᠲᠡᠭᠦᠨ ᠢ ᠠᠬ᠎ᠠ ᠳᠡᠭᠦᠦᠰ ᠦᠨ ᠬᠢᠨᠢ ᠳᠤᠮᠳᠠ ᠲᠡᠷᠢᠭᠦᠨ ᠬᠠᠨ ᠬᠦᠦ ᠪᠡᠷ ᠲᠣᠮᠢᠯᠠᠵᠠᠢ᠃ 23 ᠷᠧᠬᠣᠪᠣᠶᠠᠮ ᠤᠪᠰᠠᠭᠠ ᠲᠠᠢ ᠪᠣᠯᠬᠣᠷ ᠪᠤᠰᠤᠳ ᠬᠥᠪᠡᠭᠦᠳ ᠢᠶᠡᠨ ᠶᠦᠳᠠ ᠪᠣᠯᠣᠨ ᠪᠢᠨᠶᠠᠮᠢᠨ ᠤ ᠨᠤᠲᠤᠭ ᠳᠠᠶᠠᠭᠠᠷ᠂ ᠪᠦᠬᠦ ᠪᠡᠬᠢᠯᠡᠯᠲᠡᠲᠦ ᠬᠣᠲᠠ ᠤᠷᠤᠭᠤ ᠲᠠᠷᠬᠠᠭᠠᠨ ᠰᠠᠭᠤᠯᠭᠠᠵᠤ᠂ ᠬᠣᠭᠣᠯᠠ ᠬᠦᠨᠡᠰᠦ ᠶᠢ ᠨᠢ ᠡᠯᠪᠡᠭ ᠢᠶᠡᠷ ᠬᠠᠩ᠋ᠭᠠᠵᠤ᠂ ᠲᠡᠳᠡᠨ ᠳᠦ ᠣᠯᠠᠨ ᠡᠬᠡᠨᠡᠷ ᠠᠪᠴᠤ ᠥᠭᠴᠡᠢ᠃