ᠱᠠᠰᠲᠢᠷ ᠤᠨ ᠳᠡᠳ᠋ ᠭᠤᠴᠢᠨ ᠵᠢᠷᠭᠤᠭ᠎ᠠ
ᠶᠦᠳᠠ ᠶᠢᠨ ᠬᠠᠭᠠᠨ ᠶᠧᠬᠣᠶᠠᠬᠠᠽ
1 ᠲᠡᠷᠡ ᠭᠠᠵᠠᠷ ᠤᠨ ᠠᠷᠠᠳ ᠲᠦᠮᠡᠨ ᠶᠣᠰᠢᠶ᠎ᠠ ᠶᠢᠨ ᠬᠦᠦ ᠶᠧᠬᠣᠶᠠᠬᠠᠽ ᠢ ᠠᠪᠴᠢᠷᠠᠵᠤ᠂ ᠡᠴᠢᠭᠡ ᠶᠢᠨ ᠬᠢᠨᠢ ᠣᠷᠣᠨ ᠳᠤ ᠶᠧᠷᠦ᠋ᠰᠠᠯᠧᠮ ᠳᠤ ᠬᠠᠭᠠᠨ ᠢᠶᠠᠷ ᠡᠷᠭᠦᠮᠵᠢᠯᠡᠪᠡ᠃ 2 ᠶᠧᠬᠣᠶᠠᠬᠠᠽ ᠬᠣᠷᠢᠨ ᠭᠤᠷᠪᠠᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠭᠤᠷᠪᠠᠨ ᠰᠠᠷ᠎ᠠ ᠬᠠᠭᠠᠨᠴᠢᠯᠠᠬᠤ ᠳᠤ᠂ 3 ᠶᠧᠵᠢᠫᠲ ᠤᠨ ᠬᠠᠭᠠᠨ ᠲᠡᠭᠦᠨ ᠢ ᠶᠧᠷᠦ᠋ᠰᠠᠯᠧᠮ ᠳᠤ ᠬᠠᠭᠠᠨ ᠰᠢᠷᠡᠭᠡᠨ ᠡᠴᠡ ᠨᠢ ᠪᠠᠭᠤᠯᠭᠠᠵᠤ᠂ ᠶᠦᠳᠠ ᠳᠤ ᠵᠠᠭᠤᠨ ᠲᠠᠯᠠᠨᠲ 27 ᠮᠥᠩᠭᠥ᠂ ᠨᠢᠭᠡ ᠲᠠᠯᠠᠨᠲ 28 ᠠᠯᠲᠠᠨ ᠤ ᠲᠣᠷᠭᠠᠭᠤᠯᠢ ᠨᠣᠭᠳᠠᠭᠤᠯᠪᠠ᠃ 4 ᠶᠧᠵᠢᠫᠲ ᠤᠨ ᠬᠠᠭᠠᠨ ᠠᠬ᠎ᠠ ᠡᠯᠢᠶᠠᠺᠢᠮ ᠢ ᠨᠢ ᠶᠦᠳᠠ ᠪᠠ ᠶᠧᠷᠦ᠋ᠰᠠᠯᠧᠮ ᠤᠨ ᠬᠠᠭᠠᠨ ᠪᠣᠯᠭᠠᠵᠤ᠂ ᠲᠡᠭᠦᠨ ᠦ ᠨᠡᠷ᠎ᠡ ᠶᠢ ᠶᠧᠬᠣᠢᠶᠠᠺᠢᠮ ᠭᠡᠵᠦ ᠬᠠᠯᠠᠭᠰᠠᠨ ᠪᠥᠭᠡᠳ ᠳᠡᠭᠦᠦ ᠶᠧᠬᠣᠶᠠᠬᠠᠽ ᠢ ᠨᠢ ᠶᠧᠵᠢᠫᠲ ᠲᠤ ᠠᠪᠠᠴᠢᠪᠠ᠃
5 ᠶᠧᠬᠣᠢᠶᠠᠺᠢᠮ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠵᠤ᠂ ᠶᠧᠷᠦ᠋ᠰᠠᠯᠧᠮ ᠳᠤ ᠠᠷᠪᠠᠨ ᠨᠢᠭᠡᠨ ᠵᠢᠯ ᠬᠠᠭᠠᠨᠴᠢᠯᠠᠪᠠ᠃ ᠲᠡᠷᠡ ᠪᠡᠷ ᠶᠣᠬᠣᠸᠠ ᠪᠤᠷᠬᠠᠨ ᠤ ᠪᠠᠨ ᠮᠡᠯᠮᠡᠢ ᠳᠦ ᠪᠤᠵᠠᠷ ᠮᠠᠭᠤ ᠶᠢ ᠦᠢᠯᠡᠳᠦᠭᠰᠡᠨ ᠪᠢᠯᠡ᠃ 6 ᠪᠠᠪᠢᠯᠣᠨ ᠤ ᠬᠠᠭᠠᠨ ᠨᠧᠪᠦ᠋ᠺᠠᠨᠧᠽᠠᠷ ᠬᠠᠯᠳᠠᠨ ᠢᠷᠡᠭᠡᠳ᠂ ᠲᠡᠭᠦᠨ ᠢ ᠬᠦᠷᠡᠯ ᠭᠢᠨᠵᠢ ᠪᠠᠷ ᠬᠦᠯᠢᠵᠦ᠂ ᠪᠠᠪᠢᠯᠣᠨ ᠤᠷᠤᠭᠤ ᠠᠪᠠᠴᠢᠪᠠ᠃ 7 ᠨᠧᠪᠦ᠋ᠺᠠᠨᠧᠽᠠᠷ ᠶᠣᠬᠣᠸᠠ ᠶᠢᠨ ᠥᠷᠭᠥᠭᠡᠨ ᠦ ᠡᠳ᠋ ᠵᠦᠢᠯᠡᠰ ᠢ ᠪᠠᠪᠢᠯᠣᠨ ᠤᠷᠤᠭᠤ ᠠᠪᠠᠴᠢᠭᠠᠳ ᠲᠡᠳᠡᠭᠡᠷ ᠢ ᠪᠠᠪᠢᠯᠣᠨ ᠳᠠᠬᠢ ᠳᠤᠭᠠᠩ ᠳᠠᠭᠠᠨ ᠲᠠᠯᠪᠢᠪᠠ᠃ 8 ᠶᠧᠬᠣᠢᠶᠠᠺᠢᠮ ᠤᠨ ᠪᠤᠰᠤᠳ ᠶᠠᠪᠤᠳᠠᠯ᠂ ᠲᠡᠭᠦᠨ ᠦ ᠬᠢᠭᠰᠡᠨ ᠵᠢᠭᠰᠢᠭᠦᠷᠢᠲᠦ ᠵᠦᠢᠯᠡᠰ᠂ ᠬᠣᠵᠢᠮ ᠨᠢ ᠲᠡᠭᠦᠨ ᠳᠦ ᠲᠣᠬᠢᠶᠠᠯᠳᠤᠭᠰᠠᠨ ᠪᠦᠬᠦᠨ ᠨᠢ ᠢᠰᠷᠧᠯ ᠪᠠ ᠶᠦᠳᠠ ᠶᠢᠨ ᠬᠠᠭᠠᠳ ᠤᠨ ᠨᠣᠮ ᠳᠤ ᠪᠢᠴᠢᠭᠳᠡᠭᠰᠡᠨ ᠪᠠᠢᠳᠠᠭ᠃ ᠲᠡᠭᠦᠨ ᠦ ᠬᠦᠦ ᠶᠧᠬᠣᠢᠶᠠᠺᠢᠨ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃
ᠶᠦᠳᠠ ᠶᠢᠨ ᠬᠠᠭᠠᠨ ᠶᠧᠬᠣᠢᠶᠠᠺᠢᠨ
9 ᠶᠧᠬᠣᠢᠶᠠᠺᠢᠨ ᠨᠠᠢ᠌ᠮᠠᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠭᠤᠷᠪᠠᠨ ᠰᠠᠷ᠎ᠠ ᠠᠷᠪᠠᠨ ᠡᠳᠦᠷ ᠬᠠᠭᠠᠨᠴᠢᠯᠠᠪᠠ᠃ ᠲᠡᠷᠡ ᠪᠡᠷ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠴᠡᠢ᠃ 10 ᠳᠠᠷᠠᠭ᠎ᠠ ᠵᠢᠯ ᠤᠨ ᠬᠢᠨᠢ ᠡᠬᠢᠨ ᠳᠤ ᠨᠧᠪᠦ᠋ᠺᠠᠨᠧᠽᠠᠷ ᠬᠠᠭᠠᠨ ᠲᠡᠭᠦᠨ ᠢ ᠳᠠᠭᠤᠳᠠᠭᠤᠯᠵᠤ᠂ ᠶᠣᠬᠣᠸᠠ ᠶᠢᠨ ᠥᠷᠭᠥᠭᠡᠨ ᠦ ᠦᠨᠡᠲᠦ ᠬᠡᠷᠡᠭᠯᠡᠯ ᠦᠨ ᠬᠠᠮᠲᠤ ᠪᠠᠪᠢᠯᠣᠨ ᠤᠷᠤᠭᠤ ᠠᠪᠠᠴᠢᠵᠤ᠂ ᠲᠡᠭᠦᠨ ᠦ ᠠᠪᠠᠭ᠎ᠠ ᠽᠧᠳᠧᠺᠢᠶ᠎ᠠ ᠶᠢ ᠶᠦᠳᠠ ᠪᠠ ᠶᠧᠷᠦ᠋ᠰᠠᠯᠧᠮ ᠤᠨ ᠬᠠᠭᠠᠨ ᠪᠣᠯᠭᠠᠪᠠ᠃
ᠶᠦᠳᠠ ᠶᠢᠨ ᠬᠠᠭᠠᠨ ᠽᠧᠳᠧᠺᠢᠶ᠎ᠠ
11 ᠽᠧᠳᠧᠺᠢᠶ᠎ᠠ ᠬᠣᠷᠢᠨ ᠨᠢᠭᠡᠨ ᠨᠠᠰᠤᠲᠠᠢ ᠳᠠᠭᠠᠨ ᠬᠠᠭᠠᠨ ᠪᠣᠯᠵᠤ᠂ ᠶᠧᠷᠦ᠋ᠰᠠᠯᠧᠮ ᠳᠤ ᠠᠷᠪᠠᠨ ᠨᠢᠭᠡᠨ ᠵᠢᠯ ᠬᠠᠭᠠᠨᠴᠢᠯᠠᠪᠠ᠃ 12 ᠲᠡᠷᠡ ᠪᠡᠷ ᠶᠣᠬᠣᠸᠠ ᠪᠤᠷᠬᠠᠨ ᠤ ᠪᠠᠨ ᠮᠡᠯᠮᠡᠢ ᠳᠦ ᠪᠤᠵᠠᠷ ᠮᠠᠭᠤ ᠶᠢ ᠦᠢᠯᠡᠳᠴᠦ᠂ ᠶᠣᠬᠣᠸᠠ ᠶᠢᠨ ᠦᠭᠡ ᠶᠢ ᠳᠠᠮᠵᠢᠭᠤᠯᠤᠭᠰᠠᠨ ᠡᠰᠢ ᠦᠵᠡᠭᠦᠯᠦᠭᠴᠢ ᠶᠧᠷᠧᠮᠢᠶ᠎ᠠ ᠶᠢᠨ ᠡᠮᠦᠨ᠎ᠡ ᠥᠪᠡᠷ ᠢ ᠪᠠᠨ ᠳᠠᠷᠤᠤ ᠪᠣᠯᠭᠠᠭ᠎ᠠ ᠦᠭᠡᠢ ᠶᠤᠮ᠃ 13 ᠨᠧᠪᠦ᠋ᠺᠠᠨᠧᠽᠠᠷ ᠬᠠᠭᠠᠨ ᠲᠡᠭᠦᠨ ᠢ ᠪᠤᠷᠬᠠᠨ ᠤ ᠨᠡᠷ᠎ᠡ ᠪᠡᠷ ᠲᠠᠩ᠋ᠭᠠᠷᠢᠭᠯᠠᠭᠤᠯᠤᠭᠰᠠᠨ ᠪᠣᠯᠪᠠᠴᠤ ᠲᠡᠷᠡ ᠲᠡᠭᠦᠨ ᠡᠴᠡ ᠴᠤ ᠤᠷᠪᠠᠵᠠᠢ᠃ ᠡᠢᠨ ᠬᠦ ᠲᠡᠷᠡ ᠰᠢᠯᠢ ᠪᠠᠨ ᠲᠡᠳᠡᠨ᠂ ᠵᠢᠷᠦᠬᠡ ᠢᠶᠠᠨ ᠬᠠᠲᠠᠭᠤᠷᠠᠭᠤᠯᠵᠤ᠂ ᠢᠰᠷᠧᠯ ᠤᠨ ᠪᠤᠷᠬᠠᠨ ᠶᠣᠬᠣᠸᠠ ᠤᠷᠤᠭᠤ ᠡᠷᠭᠢᠭᠰᠡᠨ ᠦᠭᠡᠢ᠃ 14 ᠠᠬᠠᠯᠠᠬᠤ ᠲᠠᠬᠢᠯᠴᠢᠳ ᠪᠣᠯᠣᠨ ᠠᠷᠠᠳ ᠲᠦᠮᠡᠨ ᠴᠤ ᠬᠠᠷᠢᠴᠤᠳ ᠤᠨ ᠠᠯᠢᠪᠠ ᠵᠢᠭᠰᠢᠭᠦᠷᠢᠲᠦ ᠶᠠᠪᠤᠳᠠᠯ ᠢ ᠳᠠᠭᠠᠨ ᠤᠯᠠᠮ ᠢᠶᠠᠷ ᠢᠲᠡᠭᠡᠯ ᠠᠯᠳᠠᠵᠤ᠂ ᠶᠣᠬᠣᠸᠠ ᠶᠢᠨ ᠠᠷᠢᠭᠤᠰᠬᠠᠭᠰᠠᠨ ᠶᠧᠷᠦ᠋ᠰᠠᠯᠧᠮ ᠳᠤ ᠲᠡᠭᠦᠨ ᠦ ᠥᠷᠭᠥᠭᠡ ᠶᠢ ᠪᠤᠵᠠᠷᠯᠠᠵᠠᠢ᠃
ᠶᠧᠷᠦ᠋ᠰᠠᠯᠧᠮ ᠤᠨ ᠰᠦᠢᠷᠡᠯ
15 ᠲᠡᠳᠡᠨ ᠦ ᠡᠴᠢᠭᠡ ᠡᠪᠦᠭᠡᠳ ᠦᠨ ᠪᠤᠷᠬᠠᠨ ᠠᠷᠠᠳ ᠲᠦᠮᠡᠨ ᠪᠣᠯᠣᠨ ᠥᠪᠡᠷ ᠦᠨ ᠢᠶᠠᠨ ᠣᠷᠣᠰᠢᠬᠤᠢ ᠶᠢᠨ ᠪᠠᠢᠭ᠎ᠠ ᠭᠠᠵᠠᠷ ᠤᠨ ᠬᠢᠨ ᠢᠶᠠᠨ ᠥᠷᠥ ᠡᠪᠡᠳᠦᠨ ᠡᠯᠴᠢᠳ ᠢᠶᠠᠷ ᠢᠶᠠᠨ ᠳᠠᠮᠵᠢᠭᠤᠯᠤᠨ ᠦᠭᠡ ᠪᠡᠨ ᠳᠠᠬᠢᠨ ᠳᠠᠬᠢᠨ ᠢᠯᠡᠭᠡᠭᠰᠡᠨ ᠪᠣᠯᠪᠠᠴᠤ 16 ᠲᠡᠳᠡ ᠪᠤᠷᠬᠠᠨ ᠤ ᠡᠯᠴᠢᠳ ᠢ ᠳᠣᠭᠣᠭᠢᠯᠠᠵᠤ᠂ ᠲᠡᠭᠦᠨ ᠦ ᠦᠭᠡ ᠶᠢ ᠪᠠᠰᠤᠮᠵᠢᠯᠠᠨ ᠡᠰᠢ ᠦᠵᠡᠭᠦᠯᠦᠭᠴᠢᠳ ᠢ ᠨᠢ ᠳᠣᠷᠣᠮᠵᠢᠯᠠᠵᠤ ᠪᠠᠢᠪᠠ᠃ ᠡᠢᠮᠦ ᠡᠴᠡ ᠶᠣᠬᠣᠸᠠ ᠶᠢᠨ ᠠᠭᠤᠷ ᠬᠢᠯᠢᠩ ᠠᠷᠠᠳ ᠲᠦᠮᠡᠨ ᠦ ᠪᠠᠨ ᠳᠡᠭᠡᠷ᠎ᠡ ᠳᠦᠷᠡᠯᠵᠡᠭᠰᠡᠨ ᠢᠶᠡᠷ ᠲᠡᠳᠡ ᠵᠠᠢᠯᠠᠬᠤ ᠶᠢᠨ ᠠᠷᠭ᠎ᠠ ᠦᠭᠡᠢ ᠪᠣᠯᠪᠠ᠃
17 ᠪᠤᠷᠬᠠᠨ ᠪᠠᠪᠢᠯᠣᠨᠴᠤᠳ ᠤᠨ ᠬᠠᠭᠠᠨ ᠢ ᠲᠡᠳᠡᠨ ᠤᠷᠤᠭᠤ ᠢᠯᠡᠭᠡᠭᠰᠡᠨ ᠳᠦ᠂ ᠲᠡᠷᠡ ᠢᠷᠡᠵᠦ ᠵᠠᠯᠠᠭᠤᠰ ᠢ ᠨᠢ ᠠᠷᠢᠭᠤᠨ ᠭᠠᠵᠠᠷ ᠲᠤ ᠢᠯᠳᠦ ᠪᠡᠷ ᠠᠯᠠᠵᠤ᠂ ᠵᠠᠯᠠᠭᠤ ᠡᠷᠡᠭᠲᠡᠢ ᠡᠮᠡᠭᠲᠡᠢ ᠶᠢ ᠴᠤ᠂ ᠬᠥᠭᠰᠢᠳ ᠨᠢᠯᠬᠠᠰ ᠢ ᠴᠤ ᠥᠷᠥᠰᠢᠶᠡᠭᠰᠡᠨ ᠦᠭᠡᠢ᠂ ᠪᠤᠷᠬᠠᠨ ᠲᠡᠳᠡ ᠪᠦᠭᠦᠳᠡ ᠶᠢ ᠨᠧᠪᠦ᠋ᠺᠠᠨᠧᠽᠠᠷ ᠲᠤ ᠲᠤᠰᠢᠶᠠᠭᠰᠠᠨ ᠪᠠᠢᠯ᠎ᠠ᠃ 18 ᠮᠥᠨ ᠲᠡᠷᠡ ᠪᠡᠷ ᠪᠤᠷᠬᠠᠨ ᠤ ᠥᠷᠭᠥᠭᠡᠨ ᠦ ᠪᠦᠬᠦ ᠬᠡᠷᠡᠭᠯᠡᠯ ᠢ ᠶᠡᠬᠡ ᠪᠠᠭ᠎ᠠ ᠢᠯᠭᠠᠯ ᠦᠭᠡᠢ ᠪᠠᠷ ᠶᠣᠬᠣᠸᠠ ᠶᠢᠨ ᠥᠷᠭᠥᠭᠡᠨ ᠦ ᠡᠷᠳᠡᠨᠢᠰ ᠬᠢᠭᠡᠳ ᠬᠠᠭᠠᠨ ᠪᠠ ᠲᠦᠰᠢᠮᠡᠳ ᠦᠨ ᠬᠢᠨᠢ ᠡᠷᠳᠡᠨᠢᠰ ᠲᠠᠢ ᠬᠠᠮᠲᠤ ᠪᠠᠪᠢᠯᠣᠨ ᠤᠷᠤᠭᠤ ᠠᠪᠠᠴᠢᠵᠠᠢ᠃ 19 ᠲᠡᠳᠡ ᠪᠤᠷᠬᠠᠨ ᠤ ᠥᠷᠭᠥᠭᠡ ᠶᠢ ᠰᠢᠲᠠᠭᠠᠵᠤ᠂ ᠶᠧᠷᠦ᠋ᠰᠠᠯᠧᠮ ᠤᠨ ᠬᠡᠷᠡᠮ ᠢ ᠨᠤᠷᠠᠭᠠᠨ ᠪᠦᠬᠦ ᠣᠷᠳᠣᠨ ᠢ ᠭᠠᠯᠳᠠᠵᠤ᠂ ᠲᠡᠨᠳᠡᠬᠢ ᠶᠢᠨ ᠦᠨᠡᠲᠡᠢ ᠪᠦᠭᠦᠳᠡ ᠶᠢ ᠤᠰᠠᠳᠬᠠᠭᠰᠠᠨ ᠶᠤᠮ᠃ 20 ᠢᠯᠳᠦᠨ ᠡᠴᠡ ᠠᠮᠢ ᠭᠠᠷᠤᠭᠰᠠᠳ ᠢ ᠨᠢ ᠪᠠᠪᠢᠯᠣᠨ ᠤᠷᠤᠭᠤ ᠴᠥᠯᠡᠭᠰᠡᠨ ᠳᠦ᠂ ᠲᠡᠳᠡ ᠫᠧᠷᠰ ᠤᠨ ᠬᠠᠭᠠᠨᠴᠢᠯᠠᠯ ᠲᠣᠭᠲᠠᠬᠤ ᠬᠦᠷᠲᠡᠯ᠎ᠡ ᠪᠠᠪᠢᠯᠣᠨ ᠤ ᠬᠠᠭᠠᠨ ᠪᠣᠯᠣᠨ ᠲᠡᠭᠦᠨ ᠦ ᠦᠷ᠎ᠡ ᠤᠳᠤᠮ ᠳᠤ ᠵᠠᠷᠤᠴᠠᠯᠠᠭᠳᠠᠵᠠᠢ᠃ 21 ᠡᠢᠨ ᠬᠦ ᠶᠧᠷᠧᠮᠢᠶ᠎ᠠ ᠪᠠᠷ ᠬᠡᠯᠡᠭᠦᠯᠦᠭᠰᠡᠨ ᠶᠣᠬᠣᠸᠠ ᠶᠢᠨ ᠦᠭᠡ ᠪᠡᠶᠡᠯᠡᠭᠳᠡᠵᠦ᠂ ᠭᠠᠵᠠᠷ ᠨᠤᠲᠤᠭ ᠠᠮᠠᠷᠠᠯ ᠢ ᠡᠳ᠋ᠯᠡᠬᠦ ᠪᠣᠯᠪᠠ᠃ ᠭᠠᠵᠠᠷ ᠨᠢ ᠡᠵᠡᠭᠦᠢᠷᠡᠭᠰᠡᠨ ᠪᠠᠢᠳᠠᠯ ᠢᠶᠠᠷ ᠳᠠᠯᠠᠨ ᠵᠢᠯ ᠭᠦᠢᠴᠡᠲᠡᠯ᠎ᠡ ᠠᠮᠠᠷᠠᠵᠠᠢ᠃
22 ᠫᠧᠷᠰ ᠤᠨ ᠬᠠᠭᠠᠨ ᠺᠦᠷᠣᠰ ᠤᠨ ᠨᠢᠭᠡᠳᠦᠭᠡᠷ ᠣᠨ ᠳᠤ᠂ ᠶᠣᠬᠣᠸᠠ ᠶᠧᠷᠧᠮᠢᠶ᠎ᠠ ᠪᠠᠷ ᠬᠡᠯᠡᠭᠦᠯᠦᠭᠰᠡᠨ ᠦᠭᠡ ᠪᠡᠨ ᠪᠡᠶᠡᠯᠡᠭᠦᠯᠬᠦ ᠪᠡᠷ ᠫᠧᠷᠰ ᠤᠨ ᠬᠠᠭᠠᠨ ᠺᠦᠷᠣᠰ ᠤᠨ ᠰᠦᠨᠡᠰᠦ ᠶᠢ ᠬᠥᠳᠡᠯᠭᠡᠭᠰᠡᠨ ᠳᠦ᠂ ᠲᠡᠷᠡ ᠵᠠᠷᠯᠢᠭ ᠪᠠᠭᠤᠯᠭᠠᠭᠰᠠᠨ ᠪᠥᠭᠡᠳ ᠡᠨᠡ ᠵᠠᠷᠯᠢᠭ ᠢᠶᠠᠨ ᠪᠢᠴᠢᠭᠦᠯᠦᠨ ᠬᠠᠭᠠᠨᠴᠢᠯᠠᠯ ᠳᠠᠶᠠᠭᠠᠷ ᠢᠶᠠᠨ ᠲᠤᠩ᠋ᠬᠠᠭᠯᠠᠵᠤ᠄ 23 《ᠫᠧᠷᠰ ᠤᠨ ᠬᠠᠭᠠᠨ ᠺᠦᠷᠣᠰ ᠡᠢᠨ ᠬᠦ ᠠᠢᠯᠠᠳᠴᠤ ᠪᠠᠢᠨ᠎ᠠ᠄ 〈ᠲᠩᠷᠢ ᠶᠢᠨ ᠪᠤᠷᠬᠠᠨ ᠶᠣᠬᠣᠸᠠ ᠨᠠᠳᠠ ᠳᠤ ᠳᠡᠯᠡᠬᠡᠢ ᠶᠢᠨ ᠪᠦᠬᠦ ᠬᠠᠭᠠᠨᠴᠢᠯᠠᠯ ᠢ ᠰᠣᠶᠣᠷᠬᠠᠭᠰᠠᠨ ᠪᠢᠯᠡ᠃ ᠲᠡᠷᠡ ᠪᠤᠷᠬᠠᠨ ᠶᠦᠳᠠ ᠳᠠᠬᠢ ᠶᠧᠷᠦ᠋ᠰᠠᠯᠧᠮ ᠳᠤ ᠥᠪᠡᠷ ᠦᠨ ᠬᠢᠨᠢ ᠥᠷᠭᠥᠭᠡ ᠶᠢ ᠪᠠᠷᠢᠬᠤ ᠶᠢ ᠨᠠᠳᠠ ᠳᠤ ᠵᠠᠬᠢᠭᠰᠠᠨ ᠶᠤᠮ᠃ ᠲᠠ ᠨᠠᠷ ᠤᠨ ᠳᠤᠮᠳᠠ ᠲᠡᠭᠦᠨ ᠦ ᠠᠷᠠᠳ ᠲᠦᠮᠡᠨ ᠭᠡᠭᠳᠡᠳᠡᠭ ᠬᠥᠮᠦᠨ ᠪᠠᠢᠭ᠎ᠠ ᠪᠣᠯ᠂ ᠲᠡᠭᠦᠨ ᠦ ᠪᠤᠷᠬᠠᠨ ᠶᠣᠬᠣᠸᠠ ᠲᠡᠭᠦᠨ ᠲᠡᠢ ᠬᠠᠮᠲᠤ ᠪᠠᠢᠬᠤ ᠪᠣᠯᠲᠤᠭᠠᠢ᠂ ᠲᠡᠷᠡ ᠬᠥᠮᠦᠨ ᠲᠡᠰᠢ ᠶᠠᠪᠤᠵᠤ ᠪᠣᠯᠣᠨ᠎ᠠ〉》 ᠭᠡᠵᠡᠢ᠃