1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢ
 ᠳᠠᠭᠠᠳᠬᠠᠵᠤ ᠢᠯᠠᠪᠠ

1 ᠡᠭᠦᠨ ᠦ ᠳᠠᠷᠠᠭ᠎ᠠ ᠮᠣᠶᠠᠪᠴᠤᠳ ᠪᠣᠯᠣᠨ ᠠᠮᠣᠨᠴᠤᠳ ᠬᠡᠰᠡᠭ ᠮᠧᠶᠦ᠋ᠨᠴᠦᠳ ᠲᠡᠢ ᠬᠠᠮᠲᠤ ᠪᠠᠷ ᠶᠧᠬᠣᠱᠠᠹᠠᠲ ᠯᠤᠭ᠎ᠠ ᠳᠠᠢᠲᠤᠬᠤ ᠪᠠᠷ ᠢᠷᠡᠪᠡ᠃ 2 ᠬᠡᠰᠡᠭ ᠬᠥᠮᠦᠨ ᠢᠷᠡᠵᠦ᠂ ᠶᠧᠬᠣᠱᠠᠹᠠᠲ ᠲᠤ ᠮᠡᠳᠡᠭᠦᠯᠦᠨ᠄ 《ᠳᠠᠯᠠᠢ ᠶᠢᠨ ᠴᠢᠨᠠᠳᠤ ᠲᠠᠯ᠎ᠠ ᠶᠢᠨ ᠡᠳᠣᠮ ᠠᠴᠠ ᠶᠡᠬᠡ ᠴᠡᠷᠢᠭ ᠲᠠᠨ ᠤᠷᠤᠭᠤ ᠢᠷᠡᠵᠦ ᠪᠠᠢᠨ᠎ᠠ᠃ ᠣᠳᠣ ᠲᠡᠳᠡ ᠬᠠᠽᠠᠽᠣᠨ ᠲᠠᠮᠠᠷ ᠭᠡᠭᠳᠡᠳᠡᠭ ᠧᠨ ᠭᠧᠳᠢ ᠳᠤ ᠪᠠᠢᠨ᠎ᠠ》 ᠭᠡᠪᠡ᠃ 3 ᠶᠧᠬᠣᠱᠠᠹᠠᠲ ᠠᠶᠤᠭᠰᠠᠨ ᠪᠣᠯᠪᠠᠴᠤ ᠶᠣᠬᠣᠸᠠ ᠶᠢ ᠬᠠᠢᠬᠤ ᠪᠠᠷ ᠰᠡᠳᠬᠢᠯ ᠰᠢᠭᠤᠳᠴᠤ᠂ ᠶᠦᠳᠠ ᠳᠠᠶᠠᠭᠠᠷ ᠪᠠᠴᠠᠭ ᠪᠠᠷᠢᠯᠲᠠ ᠶᠢ ᠵᠠᠷᠯᠠᠪᠠ᠃ 4 ᠶᠦᠳᠠᠴᠤᠳ ᠶᠣᠬᠣᠸᠠ ᠠᠴᠠ ᠲᠤᠰᠠᠯᠠᠮᠵᠢ ᠭᠤᠶᠤᠬᠤ ᠪᠠᠷ ᠴᠤᠭᠯᠠᠷᠠᠵᠠᠢ᠃ ᠲᠡᠳᠡ ᠦᠨᠡᠬᠡᠷ ᠶᠣᠬᠣᠸᠠ ᠶᠢ ᠬᠠᠢᠬᠤ ᠭᠡᠵᠦ ᠶᠦᠳᠠ ᠶᠢᠨ ᠬᠣᠲᠠ ᠪᠣᠯᠭᠠᠨ ᠠᠴᠠ ᠢᠷᠡᠭᠰᠡᠨ ᠪᠠᠢᠯ᠎ᠠ᠃

5 ᠲᠡᠭᠡᠭᠡᠳ ᠶᠧᠬᠣᠱᠠᠹᠠᠲ ᠶᠣᠬᠣᠸᠠ ᠶᠢᠨ ᠥᠷᠭᠥᠭᠡᠨ ᠦ ᠰᠢᠨ᠎ᠡ ᠬᠠᠰᠢᠶᠠᠨ ᠳᠤ ᠴᠤᠭᠯᠠᠷᠠᠭᠰᠠᠨ ᠶᠦᠳᠠ ᠪᠣᠯᠣᠨ ᠶᠧᠷᠦ᠋ᠰᠠᠯᠧᠮ ᠤᠨ ᠴᠢᠭᠤᠯᠭᠠᠨ ᠤ ᠳᠤᠮᠳᠠ ᠵᠣᠭᠰᠣᠭᠠᠳ᠄ 6 《ᠪᠢᠳᠡᠨ ᠦ ᠡᠴᠢᠭᠡ ᠡᠪᠦᠭᠡᠳ ᠦᠨ ᠪᠤᠷᠬᠠᠨ ᠶᠣᠬᠣᠸᠠ ᠡ᠂ ᠲᠩᠷᠢ ᠳᠠᠬᠢ ᠪᠤᠷᠬᠠᠨ ᠨᠢ ᠲᠠ ᠪᠢᠰᠢ ᠤᠤ︖ ᠳᠡᠯᠡᠬᠡᠢ ᠶᠢᠨ ᠪᠦᠬᠦ ᠬᠠᠭᠠᠨᠴᠢᠯᠠᠯ ᠢ ᠵᠠᠬᠢᠷᠳᠠᠭ ᠨᠢ ᠲᠠ ᠪᠢᠰᠢ ᠤᠤ︖ ᠲᠠᠨ ᠤ ᠮᠤᠲᠤᠷ ᠲᠤ ᠬᠦᠴᠦ ᠴᠢᠳᠠᠯ ᠪᠤᠢ᠂ ᠲᠠᠨ ᠤ ᠡᠮᠦᠨ᠎ᠡ ᠵᠣᠭᠰᠣᠵᠤ ᠴᠢᠳᠠᠬᠤ ᠬᠡᠨ ᠴᠤ ᠠᠯᠠᠭ᠎ᠠ᠃ 7 ᠪᠢᠳᠡᠨ ᠦ ᠪᠤᠷᠬᠠᠨ᠂ ᠥᠪᠡᠷ ᠦᠨ ᠠᠷᠠᠳ ᠲᠦᠮᠡᠨ ᠢᠰᠷᠧᠯ ᠤᠨ ᠡᠮᠦᠨ᠎ᠡ ᠡᠴᠡ ᠡᠨᠡ ᠨᠤᠲᠤᠭ ᠤᠨ ᠤᠤᠭᠠᠯ ᠬᠥᠮᠦᠰ ᠢ ᠬᠥᠭᠡᠭᠡᠨ ᠵᠠᠢᠯᠠᠭᠤᠯᠵᠤ᠂ ᠭᠠᠵᠠᠷ ᠨᠤᠲᠤᠭ ᠢ ᠨᠢ ᠥᠪᠡᠷ ᠦᠨ ᠢᠶᠠᠨ ᠨᠠᠢᠵᠢ ᠠᠪᠷᠠᠬᠠᠮ ᠤᠨ ᠦᠷ᠎ᠡ ᠤᠳᠤᠮ ᠳᠤ ᠮᠥᠩᠬᠡᠳᠡ ᠥᠭᠭᠥᠭᠰᠡᠨ ᠨᠢ ᠲᠠ ᠪᠢᠰᠢ ᠤᠤ︖ 8 ᠲᠡᠳᠡ ᠡ᠊ᠨᠳᠡ ᠠᠮᠢᠳᠤᠷᠠᠵᠤ᠂ ᠡ᠊ᠨᠳᠡ ᠲᠠᠨ ᠤ ᠨᠡᠷ᠎ᠡ ᠳᠦ ᠵᠣᠷᠢᠭᠤᠯᠤᠨ ᠠᠷᠢᠭᠤᠨ ᠭᠠᠵᠠᠷ ᠪᠠᠷᠢᠵᠤ᠂ 9 〈ᠪᠢᠳᠡᠨ ᠦ ᠳᠡᠭᠡᠷ᠎ᠡ ᠢᠯᠳᠦᠨ ᠦ ᠰᠢᠳᠬᠡᠯ᠂ ᠲᠠᠬᠤᠯ᠂ ᠡᠰᠡᠪᠡᠯ ᠥᠯᠥᠰᠬᠥᠯᠡᠩ ᠦᠨ ᠭᠠᠮᠰᠢᠭ ᠪᠠᠭᠤᠬᠤ ᠳᠤ᠂ ᠪᠢᠳᠡ ᠡᠨᠡ ᠥᠷᠭᠥᠭᠡᠨ ᠦ ᠡᠮᠦᠨ᠎ᠡ᠂ ᠲᠠᠨ ᠤ ᠨᠡᠷ᠎ᠡ ᠪᠠᠢᠭ᠎ᠠ ᠡᠨᠡ ᠥᠷᠭᠥᠭᠡᠨ ᠳᠦ ᠲᠠᠨ ᠤ ᠡᠮᠦᠨ᠎ᠡ ᠵᠣᠭᠰᠣᠭᠠᠳ ᠵᠣᠪᠠᠯᠠᠩ ᠳᠤᠮᠳᠠ ᠪᠠᠨ ᠲᠠᠨ ᠤᠷᠤᠭᠤ ᠬᠠᠰᠬᠢᠷᠪᠠᠯ ᠲᠠ ᠰᠣᠨᠣᠰᠴᠤ᠂ ᠪᠢᠳᠡᠨ ᠢ ᠠᠪᠤᠷᠠᠬᠤ ᠪᠣᠯᠣᠨ᠎ᠠ〉 ᠭᠡᠰᠡᠨ ᠪᠢᠯᠡ᠃ 10 ᠣᠳᠣ ᠠᠮᠣᠨ᠂ ᠮᠣᠶᠠᠪ᠂ ᠰᠧᠷ ᠠᠭᠤᠯᠠᠨ ᠠᠴᠠ ᠢᠷᠡᠭᠰᠡᠨ ᠡᠨᠡ ᠬᠥᠮᠦᠰ ᠢ ᠬᠠᠷᠠᠭᠠᠴᠢ᠃ ᠲᠠ ᠶᠧᠵᠢᠫᠲ ᠡᠴᠡ ᠭᠠᠷᠤᠭᠰᠠᠨ ᠢᠰᠷᠧᠯᠴᠦᠳ ᠲᠦ ᠡᠨᠡ ᠬᠥᠮᠦᠰ ᠦᠨ ᠨᠤᠲᠤᠭ ᠲᠤ ᠣᠷᠣᠬᠤ ᠶᠢ ᠵᠥᠪᠰᠢᠶᠡᠷᠡᠭᠰᠡᠨ ᠦᠭᠡᠢ ᠲᠤᠯᠠ ᠢᠰᠷᠧᠯᠴᠦᠳ ᠲᠡᠳᠡᠨ ᠢ ᠤᠰᠠᠳᠬᠠᠯ ᠦᠭᠡᠢ ᠴᠢᠭᠯᠡᠯ ᠢᠶᠡᠨ ᠥᠭᠡᠷᠡᠴᠢᠯᠡᠭᠰᠡᠨ ᠪᠢᠯᠡ᠃ 11 ᠲᠡᠳᠡᠨ ᠦ ᠥᠭᠴᠦ ᠪᠠᠢᠭ᠎ᠠ ᠬᠠᠷᠢᠭᠤ ᠶᠢ ᠬᠠᠷᠠᠭᠠᠴᠢ᠂ ᠲᠡᠳᠡ ᠲᠠᠨ ᠤ ᠪᠢᠳᠡᠨ ᠳᠦ ᠥᠪ ᠪᠣᠯᠭᠠᠨ ᠥᠭᠭᠥᠭᠰᠡᠨ ᠡᠨᠡ ᠭᠠᠵᠠᠷ ᠠᠴᠠ ᠪᠢᠳᠡᠨ ᠢ ᠬᠥᠭᠡᠭᠡᠬᠦ ᠪᠡᠷ ᠢᠷᠡᠯ᠎ᠡ᠃ 12 ᠪᠢᠳᠡᠨ ᠦ ᠪᠤᠷᠬᠠᠨ᠂ ᠲᠠ ᠲᠡᠳᠡᠨ ᠢ ᠰᠢᠳᠬᠡᠬᠦ ᠦᠭᠡᠢ ᠭᠡᠵᠢ ᠤᠤ︖ ᠪᠢᠳᠡ ᠰᠤᠯᠠ ᠳᠣᠷᠣᠢ ᠪᠣᠯᠬᠣᠷ ᠪᠢᠳᠡᠨ ᠢ ᠴᠣᠬᠢᠬᠤ ᠪᠠᠷ ᠢᠷᠡᠵᠦ ᠪᠤᠢ ᠡᠨᠡ ᠠᠰᠤᠷᠤ ᠶᠡᠬᠡ ᠴᠡᠷᠢᠭ ᠤᠨ ᠡᠮᠦᠨ᠎ᠡ ᠶᠠᠭᠤ ᠬᠢᠬᠦ ᠪᠡᠨ ᠮᠡᠳᠡᠬᠦ ᠦᠭᠡᠢ᠂ ᠲᠠᠨ ᠢ ᠯᠠ ᠬᠠᠷᠠᠵᠤ ᠪᠠᠢᠨ᠎ᠠ》 ᠭᠡᠪᠡ᠃ 13 ᠪᠦᠬᠦ ᠶᠦᠳᠠᠴᠤᠳ ᠡᠬᠡᠨᠡᠷ ᠬᠡᠦᠬᠡᠳ᠂ ᠪᠠᠭᠠᠴᠤᠳ ᠲᠠᠢ ᠪᠠᠨ ᠬᠠᠮᠲᠤ ᠶᠣᠬᠣᠸᠠ ᠶᠢᠨ ᠡᠮᠦᠨ᠎ᠡ ᠵᠣᠭᠰᠣᠵᠤ ᠪᠠᠢᠪᠠ᠃

14 ᠲᠡᠭᠡᠲᠡᠯ᠎ᠡ ᠶᠣᠬᠣᠸᠠ ᠶᠢᠨ ᠰᠦᠨᠡᠰᠦ ᠴᠢᠭᠤᠯᠭᠠᠨ ᠤ ᠳᠤᠮᠳᠠ᠂ ᠯᠧᠸᠢ ᠬᠥᠮᠦᠨ ᠶᠠᠬᠠᠽᠢᠶᠧᠯ ᠤᠨ ᠳᠡᠭᠡᠷ᠎ᠡ ᠪᠠᠭᠤᠯ᠎ᠠ᠃ ᠶᠠᠬᠠᠽᠢᠶᠧᠯ ᠪᠣᠯ ᠠᠰᠠᠹ ᠤᠨ ᠦᠷ᠎ᠡ ᠤᠳᠤᠮ ᠮᠠᠲ᠋ᠠᠨᠢᠶ᠎ᠠ ᠶᠢᠨ ᠭᠤᠴᠢ᠂ ᠶᠧᠶᠧᠯ ᠤᠨ ᠵᠢᠴᠢ᠂ ᠪᠧᠨᠠᠢᠶ᠎ᠠ ᠶᠢᠨ ᠠᠴᠢ᠂ ᠽᠧᠺᠠᠷᠢᠶ᠎ᠠ ᠶᠢᠨ ᠬᠦᠦ ᠪᠢᠯᠡ᠃ 15 ᠲᠡᠷᠡ ᠪᠡᠷ᠄ 《ᠪᠦᠬᠦ ᠶᠦᠳᠠ᠂ ᠶᠧᠷᠦ᠋ᠰᠠᠯᠧᠮ ᠤᠨ ᠰᠠᠭᠤᠭᠠᠯᠢᠴᠢᠳ ᠪᠣᠯᠣᠨ ᠶᠧᠬᠣᠱᠠᠹᠠᠲ ᠬᠠᠭᠠᠨ ᠡ᠂ ᠰᠣᠨᠣᠰᠴᠠᠭ᠎ᠠ᠃ ᠶᠣᠬᠣᠸᠠ ᠲᠠ ᠨᠠᠷ ᠲᠤ ᠡᠢᠨ ᠬᠦ ᠠᠢᠯᠠᠳᠴᠤ ᠪᠠᠢᠨ᠎ᠠ᠄ 〈ᠡᠨᠡ ᠶᠡᠬᠡ ᠴᠡᠷᠢᠭ ᠡᠴᠡ ᠪᠣᠯᠵᠤ ᠪᠦᠦ ᠠᠶᠤ᠂ ᠪᠦᠦ ᠰᠢᠨᠲᠠᠷᠠ᠃ ᠡᠨᠡ ᠲᠤᠯᠤᠯᠳᠤᠭᠠᠨ ᠲᠠ ᠨᠠᠷ ᠤᠨ ᠬᠢ ᠪᠢᠰᠢ᠂ ᠬᠠᠷᠢᠨ ᠪᠤᠷᠬᠠᠨ ᠤ ᠬᠢ ᠶᠤᠮ᠃ 16 ᠲᠠ ᠨᠠᠷ ᠮᠠᠷᠭᠠᠰᠢ ᠲᠡᠳᠡᠨ ᠤᠷᠤᠭᠤ ᠪᠠᠭᠤᠵᠤ ᠶᠠᠪᠤᠭᠲᠤᠨ᠃ ᠲᠡᠳᠡ ᠯᠠᠪᠲᠠᠢ ᠽᠢᠽ ᠤᠨ ᠥᠭᠰᠥᠭᠦᠷ ᠵᠠᠮ ᠢᠶᠠᠷ ᠭᠠᠷᠴᠤ ᠢᠷᠡᠬᠦ ᠪᠣᠯᠣᠨ᠎ᠠ᠂ ᠲᠠ ᠨᠠᠷ ᠲᠡᠳᠡᠨ ᠲᠡᠢ ᠶᠧᠷᠦ᠋ᠶᠧᠯ ᠤᠨ ᠴᠥᠯ ᠦᠨ ᠡᠮᠦᠨ᠎ᠡ ᠬᠥᠨᠳᠡᠢ ᠶᠢᠨ ᠮᠤᠬᠤᠷ ᠲᠤ ᠲᠠᠭᠠᠷᠠᠯᠳᠤᠬᠤ ᠪᠣᠯᠣᠨ᠎ᠠ᠃ 17 ᠲᠠ ᠨᠠᠷ ᠡᠨᠡ ᠲᠤᠯᠤᠯᠳᠤᠭᠠᠨ ᠳᠤ ᠳᠠᠢᠲᠤᠬᠤ ᠬᠡᠷᠡᠭ ᠦᠭᠡᠢ᠃ ᠬᠠᠷᠢᠨ ᠵᠢᠭᠰᠠᠭᠠᠯ ᠪᠡᠯᠡᠳᠴᠦ ᠵᠣᠭᠰᠣᠭᠠᠳ᠂ ᠶᠣᠬᠣᠸᠠ ᠶᠢᠨ ᠠᠪᠤᠷᠠᠯ ᠢ 21 ᠦᠵᠡᠭᠲᠦᠨ᠃ ᠥ᠂ ᠶᠦᠳᠠ ᠪᠣᠯᠣᠨ ᠶᠧᠷᠦ᠋ᠰᠠᠯᠧᠮ ᠡ᠂ ᠶᠣᠬᠣᠸᠠ ᠲᠠ ᠨᠠᠷ ᠲᠠᠢ ᠬᠠᠮᠲᠤ ᠪᠠᠢᠨ᠎ᠠ᠃ ᠪᠦᠦ ᠠᠶᠤ᠂ ᠪᠦᠦ ᠰᠢᠨᠲᠠᠷᠠ᠃ ᠮᠠᠷᠭᠠᠰᠢ ᠲᠡᠳᠡᠨ ᠤᠷᠤᠭᠤ ᠭᠠᠷᠴᠤ ᠶᠠᠪᠤ᠂ ᠶᠣᠬᠣᠸᠠ ᠲᠠ ᠨᠠᠷ ᠲᠠᠢ ᠬᠠᠮᠲᠤ ᠪᠠᠢᠨ᠎ᠠ〉》 ᠭᠡᠪᠡ᠃

18 ᠶᠧᠬᠣᠱᠠᠹᠠᠲ ᠨᠢᠭᠤᠷ ᠢᠶᠠᠨ ᠭᠠᠵᠠᠷ ᠲᠤ ᠬᠦᠷᠭᠡᠨ ᠪᠥᠬᠥᠢᠬᠦ ᠳᠦ᠂ ᠪᠦᠬᠦ ᠶᠦᠳᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠶᠣᠬᠣᠸᠠ ᠶᠢᠨ ᠡᠮᠦᠨ᠎ᠡ ᠪᠥᠬᠥᠢᠨ᠂ ᠶᠣᠬᠣᠸᠠ ᠳᠤ ᠮᠥᠷᠭᠥᠵᠡᠢ᠃ 19 ᠯᠧᠸᠢᠴᠦᠳ ᠦᠨ ᠳᠤᠮᠳᠠ ᠠᠴᠠ ᠵᠠᠷᠢᠮ ᠺᠣᠬᠠᠲ᠋ᠴᠤᠳ᠂ ᠺᠣᠷᠠᠴᠤᠳ ᠪᠣᠰᠣᠭᠠᠳ ᠮᠠᠰᠢ ᠴᠢᠩᠭ᠍᠎ᠠ ᠳᠠᠭᠤ ᠪᠠᠷ ᠢᠰᠷᠧᠯ ᠤᠨ ᠪᠤᠷᠬᠠᠨ ᠶᠣᠬᠣᠸᠠ ᠶᠢ ᠮᠠᠭᠲᠠᠵᠠᠭᠠᠵᠠᠢ᠃

20 ᠲᠡᠳᠡ ᠥᠷᠯᠥᠭᠡ ᠡᠷᠲᠡᠯᠡᠨ ᠪᠣᠰᠣᠭᠠᠳ᠂ ᠲᠧᠺᠣᠶ᠎ᠠ ᠶᠢᠨ ᠴᠥᠯ ᠤᠷᠤᠭᠤ ᠬᠥᠳᠡᠯᠪᠡ᠃ ᠲᠡᠳᠡ ᠬᠥᠳᠡᠯᠬᠦ ᠳᠦ᠂ ᠶᠧᠬᠣᠱᠠᠹᠠᠲ ᠪᠣᠰᠴᠤ᠄ 《ᠶᠦᠳᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠡ᠂ ᠮᠢᠨᠦᠬᠢ ᠶᠢ ᠰᠣᠨᠣᠰᠴᠠᠭ᠎ᠠ᠃ ᠲᠠ ᠨᠠᠷ ᠶᠣᠬᠣᠸᠠ ᠪᠤᠷᠬᠠᠨ ᠳᠠᠭᠠᠨ ᠪᠠᠲᠤ ᠢᠲᠡᠭᠡ᠂ ᠲᠡᠭᠡᠪᠡᠯ ᠲᠠ ᠨᠠᠷ ᠪᠠᠲᠤᠵᠢᠨ᠎ᠠ᠃ ᠲᠡᠭᠦᠨ ᠦ ᠡᠰᠢ ᠦᠵᠡᠭᠦᠯᠦᠭᠴᠢᠳ ᠲᠤ ᠪᠠᠲᠤ ᠢᠲᠡᠭᠡ᠂ ᠲᠡᠭᠡᠪᠡᠯ ᠪᠦᠲᠦᠨ᠎ᠡ》 ᠭᠡᠪᠡ᠃ 21 ᠶᠧᠬᠣᠱᠠᠹᠠᠲ ᠠᠷᠠᠳ ᠣᠯᠠᠨ ᠲᠠᠢ ᠵᠥᠪᠯᠡᠯᠳᠦᠭᠰᠡᠨ ᠦ ᠳᠠᠷᠠᠭ᠎ᠠ᠂ ᠶᠣᠬᠣᠸᠠ ᠶᠢ ᠮᠠᠭᠲᠠᠨ ᠳᠠᠭᠤᠯᠠᠵᠤ᠂ ᠲᠡᠭᠦᠨ ᠦ ᠠᠷᠢᠭᠤᠨ ᠠᠯᠳᠠᠷ ᠢ ᠮᠠᠭᠲᠠᠬᠤ ᠬᠥᠮᠦᠰ ᠢ ᠲᠣᠮᠢᠯᠠᠵᠠᠢ᠃ ᠲᠡᠳᠡ ᠴᠡᠷᠢᠭ ᠤᠳ ᠤᠨ ᠡᠮᠦᠨ᠎ᠡ ᠶᠠᠪᠤᠵᠤ᠄ 《ᠶᠣᠬᠣᠸᠠ ᠳᠤ ᠲᠠᠯᠠᠷᠬᠠᠯ ᠡᠷᠭᠦᠶ᠎ᠡ ᠲᠡᠭᠦᠨ ᠦ ᠬᠠᠢᠷ᠎ᠠ ᠮᠥᠩᠬᠡᠳᠡ》 ᠬᠡᠮᠡᠨ ᠳᠠᠭᠤᠯᠠᠵᠤ ᠪᠠᠢᠯ᠎ᠠ᠃
22 ᠲᠡᠳᠡ ᠨᠠᠷ ᠳᠠᠭᠤᠯᠠᠨ ᠮᠠᠭᠲᠠᠵᠤ ᠡᠬᠢᠯᠡᠬᠦ ᠳᠦ᠂ ᠶᠣᠬᠣᠸᠠ ᠠᠮᠣᠨ᠂ ᠮᠣᠶᠠᠪ ᠪᠣᠯᠣᠨ ᠰᠧᠷ ᠠᠭᠤᠯᠠ ᠠᠴᠠ ᠶᠦᠳᠠ ᠶᠢ ᠴᠣᠬᠢᠬᠤ ᠪᠠᠷ ᠢᠷᠡᠵᠦ ᠪᠤᠢ ᠬᠥᠮᠦᠰ ᠲᠦ ᠪᠦᠭᠬᠦᠭᠦᠯ ᠲᠠᠯᠪᠢᠭᠰᠠᠨ ᠳᠤ᠂ ᠲᠡᠳᠡ ᠪᠤᠲᠠ ᠴᠣᠬᠢᠭᠳᠠᠪᠠ᠃ 23 ᠠᠮᠣᠨᠴᠤᠳ ᠪᠣᠯᠣᠨ ᠮᠣᠶᠠᠪᠴᠤᠳ ᠰᠧᠷ ᠠᠭᠤᠯᠠ ᠶᠢᠨ ᠬᠢᠨ ᠤ ᠡᠰᠡᠷᠭᠦ ᠪᠣᠰᠴᠤ᠂ ᠲᠡᠳᠡᠨ ᠢ ᠤᠰᠠᠳᠬᠠᠵᠤ ᠬᠦᠢᠰᠦ ᠲᠡᠮᠲᠡᠷᠢᠪᠡ᠃ ᠲᠡᠳᠡ ᠰᠧᠷ ᠤᠨ ᠬᠢᠨ ᠢ ᠡᠴᠦᠰᠯᠡᠭᠦᠯᠦᠭᠰᠡᠨ ᠦ ᠳᠠᠷᠠᠭ᠎ᠠ ᠨᠢᠭᠡ ᠨᠢᠭᠡᠨ ᠢᠶᠡᠨ ᠳᠠᠭᠠᠷᠢᠵᠤ ᠤᠰᠠᠳᠬᠠᠪᠠ᠃

24 ᠶᠦᠳᠠᠴᠤᠳ ᠴᠥᠯ ᠦᠨ ᠪᠠᠷ᠎ᠠ ᠬᠠᠷᠠᠭᠳᠠᠬᠤ ᠭᠠᠵᠠᠷ ᠲᠤ ᠬᠦᠷᠴᠦ᠂ ᠥᠨᠥᠬᠢ ᠶᠡᠬᠡ ᠴᠡᠷᠢᠭ ᠢ ᠬᠠᠷᠠᠯ᠎ᠠ᠂ ᠭᠠᠵᠠᠷ ᠰᠠᠢ ᠦᠭᠡᠢ ᠤᠨᠳᠤᠢ ᠰᠤᠨᠳᠤᠢ ᠬᠡᠭᠦᠷ ᠪᠣᠯᠵᠤ᠂ ᠲᠡᠳᠡᠨ ᠦ ᠨᠢᠭᠡ ᠨᠢ ᠴᠤ ᠮᠤᠯᠲᠤᠷᠠᠭᠰᠠᠨ ᠦᠭᠡᠢ ᠠᠵᠢ᠃ 25 ᠶᠧᠬᠣᠱᠠᠹᠠᠲ ᠠᠷᠠᠳ ᠣᠯᠠᠨ ᠲᠠᠢ ᠪᠠᠨ ᠬᠠᠮᠲᠤ ᠣᠯᠵᠠ ᠣᠯᠬᠤ ᠪᠠᠷ ᠲᠡᠰᠢ ᠣᠴᠢᠵᠤ ᠦᠵᠡᠬᠦ ᠳᠦ᠂ ᠠᠰᠤᠷᠤ ᠶᠡᠬᠡ ᠡᠳ᠋ ᠬᠥᠷᠥᠩᠭᠡ᠂ ᠬᠤᠪᠴᠠᠰᠤ ᠬᠤᠨᠠᠷ ᠪᠣᠯᠣᠨ ᠦᠨᠡᠲᠦ ᠵᠦᠢᠯᠡᠰ ᠪᠠᠢᠯ᠎ᠠ᠃ ᠣᠯᠵᠠ ᠨᠢ ᠳᠠᠭᠠᠭᠠᠵᠤ ᠶᠠᠳᠠᠮ᠎ᠠ ᠠᠷᠪᠢᠨ ᠪᠣᠯᠬᠣᠷ ᠲᠡᠳᠡ ᠲᠡᠳᠡᠭᠡᠷ ᠢ ᠭᠤᠷᠪᠠᠨ ᠡᠳᠦᠷ ᠦᠨ ᠲᠤᠷᠰᠢ ᠴᠤᠭᠯᠠᠭᠤᠯᠵᠤ ᠠᠪᠴᠢᠷᠠᠭᠰᠠᠨ ᠶᠤᠮ᠃ 26 ᠳᠥᠷᠪᠡᠳᠡᠬᠢ ᠡᠳᠦᠷ ᠨᠢ ᠲᠡᠳᠡ ᠪᠧᠷᠠᠺᠠ 22  ᠶᠢᠨ ᠬᠥᠨᠳᠡᠢ ᠳᠦ ᠴᠤᠭᠯᠠᠷᠠᠵᠤ᠂ ᠲᠡᠨᠳᠡ ᠶᠣᠬᠣᠸᠠ ᠶᠢ ᠮᠠᠭᠲᠠᠭᠰᠠᠨ ᠪᠠᠢᠨ᠎ᠠ᠃ ᠡᠭᠦᠨ ᠦ ᠤᠯᠠᠮ ᠢᠶᠠᠷ ᠲᠡᠷᠡ ᠭᠠᠵᠠᠷ ᠥᠨᠥᠳᠥᠷ ᠬᠦᠷᠲᠡᠯ᠎ᠡ 《ᠪᠧᠷᠠᠺᠠ ᠶᠢᠨ ᠬᠥᠨᠳᠡᠢ》 ᠭᠡᠵᠦ ᠨᠡᠷᠡᠯᠡᠭᠳᠡᠭᠰᠡᠭᠡᠷ ᠪᠠᠢᠨ᠎ᠠ᠃ 27 ᠶᠧᠬᠣᠱᠠᠹᠠᠲ ᠢᠶᠠᠷ ᠤᠳᠤᠷᠢᠳᠤᠭᠤᠯᠤᠭᠰᠠᠨ ᠶᠦᠳᠠ᠂ ᠶᠧᠷᠦ᠋ᠰᠠᠯᠧᠮ ᠤᠨ ᠬᠥᠮᠦᠰ ᠪᠦᠭᠦᠳᠡᠭᠡᠷ ᠢᠶᠡᠨ ᠶᠧᠷᠦ᠋ᠰᠠᠯᠧᠮ ᠳᠤ ᠪᠠᠶᠠᠷ ᠲᠠᠢ ᠪᠠᠷ ᠪᠤᠴᠠᠵᠠᠢ᠃ ᠶᠣᠬᠣᠸᠠ ᠲᠡᠳᠡᠨ ᠢ ᠳᠠᠢᠰᠤᠨ ᠠᠴᠠ ᠨᠢ ᠴᠢᠯᠥᠭᠡᠯᠡᠨ ᠦᠨᠡᠬᠡᠷ ᠪᠠᠶᠠᠷᠯᠠᠭᠤᠯᠤᠭᠰᠠᠨ ᠶᠤᠮ᠃ 28 ᠢᠩᠭᠢᠭᠡᠳ ᠲᠡᠳᠡ ᠬᠤᠭᠤᠷ᠂ ᠶᠠᠲᠤᠭ᠎ᠠ᠂ ᠪᠦᠷᠢᠶᠡᠨ ᠳᠠᠭᠤᠨ ᠤ ᠳᠤᠮᠳᠠ ᠶᠧᠷᠦ᠋ᠰᠠᠯᠧᠮ ᠳᠤ ᠣᠷᠣᠭᠠᠳ ᠶᠣᠬᠣᠸᠠ ᠶᠢᠨ ᠥᠷᠭᠥᠭᠡᠨ ᠳᠦ ᠣᠴᠢᠵᠠᠢ᠃ 29 ᠶᠣᠬᠣᠸᠠ ᠢᠰᠷᠧᠯ ᠤᠨ ᠳᠠᠢᠰᠤᠨ ᠨᠤᠭᠤᠳ ᠲᠠᠢ ᠳᠠᠢᠲᠤᠭᠰᠠᠨ ᠢ ᠰᠣᠨᠣᠰᠣᠭᠰᠠᠨ ᠬᠠᠷᠢ ᠭᠦᠷᠦᠨ ᠨᠦᠭᠦᠳ ᠦᠨ ᠳᠡᠭᠡᠷ᠎ᠡ ᠪᠤᠷᠬᠠᠨ ᠤ ᠥᠭᠭᠥᠭᠰᠡᠨ ᠠᠢᠳᠠᠰ ᠪᠠᠭᠤᠭᠰᠠᠨ ᠲᠤᠯᠠ 30 ᠶᠧᠬᠣᠱᠠᠹᠠᠲ ᠤᠨ ᠬᠠᠭᠠᠨᠴᠢᠯᠠᠯ ᠠᠮᠤᠷ ᠠᠮᠤᠭᠤᠯᠠᠩ ᠪᠠᠢᠪᠠ᠃ ᠲᠡᠭᠦᠨ ᠦ ᠪᠤᠷᠬᠠᠨ ᠲᠡᠭᠦᠨ ᠳᠦ ᠪᠦᠬᠦ ᠲᠠᠯ᠎ᠠ ᠪᠠᠷ ᠠᠮᠠᠷᠠᠯ ᠰᠣᠶᠣᠷᠬᠠᠭᠰᠠᠨ ᠪᠠᠢᠪᠠ᠃
 ᠶᠧᠬᠣᠱᠠᠹᠠᠲ ᠤᠨ ᠦᠢᠯᠡᠰ

31 ᠲᠡᠢᠨ ᠬᠦ ᠶᠧᠬᠣᠱᠠᠹᠠᠲ ᠶᠦᠳᠠ ᠶᠢ ᠵᠠᠬᠢᠷᠪᠠ᠃ ᠲᠡᠷᠡ ᠭᠤᠴᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠷᠢᠨ ᠲᠠᠪᠤᠨ ᠵᠢᠯ ᠬᠠᠭᠠᠨᠴᠢᠯᠠᠵᠠᠢ᠃ ᠲᠡᠭᠦᠨ ᠦ ᠡᠬᠡ ᠪᠣᠯ ᠱᠢᠯᠾᠢ ᠶᠢᠨ ᠥᠬᠢᠨ ᠠᠽᠦ᠋ᠪᠠ ᠶᠤᠮ᠃ 32 ᠶᠧᠬᠣᠱᠠᠹᠠᠲ ᠡᠴᠢᠭᠡ ᠠᠰᠠ ᠶᠢᠨ ᠢᠶᠠᠨ ᠵᠠᠮ ᠢᠶᠠᠷ ᠶᠠᠪᠤᠵᠤ᠂ ᠲᠡᠷᠡ ᠵᠠᠮ ᠠᠴᠠ ᠡᠷᠭᠢᠯ ᠦᠭᠡᠢ᠂ ᠶᠣᠬᠣᠸᠠ ᠶᠢᠨ ᠮᠡᠯᠮᠡᠢ ᠶᠢᠨ ᠡᠮᠦᠨ᠎ᠡ ᠵᠥᠪ ᠢ ᠦᠢᠯᠡᠳᠴᠡᠢ᠃ 33 ᠬᠠᠷᠢᠨ ᠮᠥᠷᠭᠥᠯ ᠦᠨ ᠮᠠᠨᠳᠠᠯ ᠤᠳ ᠠᠷᠢᠯᠤᠭ᠎ᠠ ᠦᠭᠡᠢ ᠪᠥᠭᠡᠳ ᠠᠷᠠᠳ ᠲᠦᠮᠡᠨ ᠪᠠᠰᠠ ᠯᠠ ᠡᠴᠢᠭᠡ ᠡᠪᠦᠭᠡᠳ ᠦᠨ ᠢᠶᠠᠨ ᠪᠤᠷᠬᠠᠨ ᠳᠤ ᠵᠢᠷᠦᠬᠡ ᠪᠡᠨ ᠬᠠᠨᠳᠤᠭᠤᠯᠤᠭ᠎ᠠ ᠦᠭᠡᠢ ᠪᠠᠢᠯ᠎ᠠ᠃

34 ᠶᠧᠬᠣᠱᠠᠹᠠᠲ ᠤᠨ ᠪᠤᠰᠤᠳ ᠶᠠᠪᠤᠳᠠᠯ ᠡᠬᠢᠨ ᠡᠴᠡ ᠪᠡᠨ ᠳᠠᠭᠤᠰᠲᠠᠯ᠎ᠠ᠂ ᠬᠠᠨᠠᠨᠢ ᠶᠢᠨ ᠬᠦᠦ ᠶᠧᠾᠦ᠋ ᠶᠢᠨ ᠨᠠᠮᠲᠠᠷ ᠲᠤ ᠪᠢᠴᠢᠭᠳᠡᠵᠦ ᠢᠰᠷᠧᠯ ᠤᠨ ᠬᠠᠭᠠᠳ ᠤᠨ ᠨᠣᠮ ᠳᠤ ᠣᠷᠣᠭᠰᠠᠨ ᠶᠤᠮ᠃

35 ᠡᠭᠦᠨ ᠦ ᠳᠠᠷᠠᠭ᠎ᠠ ᠶᠦᠳᠠ ᠶᠢᠨ ᠬᠠᠭᠠᠨ ᠶᠧᠬᠣᠱᠠᠹᠠᠲ ᠢᠰᠷᠧᠯ ᠤᠨ ᠬᠠᠭᠠᠨ ᠠᠬᠠᠽᠢᠶ᠎ᠠ ᠲᠠᠢ ᠨᠢᠭᠡᠳᠪᠡ᠃ ᠠᠬᠠᠽᠢᠶ᠎ᠠ ᠬᠣᠷᠣᠨ ᠮᠠᠭᠤ ᠶᠢ ᠦᠢᠯᠡᠳᠳᠡᠭ ᠪᠠᠢᠲᠠᠯ᠎ᠠ 36 ᠶᠧᠬᠣᠱᠠᠹᠠᠲ ᠲᠠᠷᠱᠢᠱ ᠤᠷᠤᠭᠤ ᠶᠠᠪᠤᠬᠤ ᠬᠥᠯᠭᠡ ᠣᠩ᠋ᠭᠣᠴᠠ ᠬᠢᠬᠦ ᠪᠡᠷ ᠲᠡᠭᠦᠨ ᠲᠡᠢ ᠨᠢᠭᠡᠳᠴᠦ᠂ ᠲᠡᠳᠡ ᠡᠽᠢᠶᠣᠨ ᠭᠧᠪᠧᠷ ᠲᠤ ᠣᠩ᠋ᠭᠣᠴᠠ ᠬᠢᠪᠡ᠃ 37 ᠮᠠᠷᠧᠱᠠ ᠶᠢᠨ ᠳ᠋ᠣᠳᠠᠸᠠᠾᠦ᠋ ᠶᠢᠨ ᠬᠦᠦ ᠡᠯᠢᠶᠧᠽᠧᠷ ᠶᠧᠬᠣᠱᠠᠹᠠᠲ ᠲᠤ ᠬᠠᠨᠳᠤᠨ᠄ 《ᠴᠢ ᠠᠬᠠᠽᠢᠶ᠎ᠠ ᠲᠠᠢ ᠨᠢᠭᠡᠳᠦᠭᠰᠡᠨ ᠤᠴᠢᠷ ᠶᠣᠬᠣᠸᠠ ᠲᠠᠨ ᠤ ᠬᠢᠭᠰᠡᠨ ᠢ ᠪᠤᠲᠠᠯᠤᠨ᠎ᠠ》 ᠭᠡᠵᠦ ᠡᠰᠢ ᠦᠵᠡᠭᠦᠯᠦᠭᠰᠡᠨ ᠳᠦ᠂ ᠦᠨᠡᠬᠡᠷ ᠲᠡᠳᠡᠨ ᠦ ᠬᠥᠯᠭᠡ ᠣᠩ᠋ᠭᠣᠴᠠ ᠨᠤᠭᠤᠳ ᠰᠦᠢᠷᠡᠵᠦ᠂ ᠲᠠᠷᠱᠢᠱ ᠤᠷᠤᠭᠤ ᠶᠠᠪᠤᠵᠤ ᠴᠢᠳᠠᠭᠰᠠᠨ ᠦᠭᠡᠢ᠃