1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠭᠤᠴᠢ
 ᠭᠡᠲᠦᠯᠭᠡᠭᠰᠡᠨ ᠦ ᠪᠠᠶᠠᠷ ᠢ ᠲᠡᠮᠳᠡᠭᠯᠡᠪᠡ

1 ᠾᠧᠽᠧᠺᠢᠶ᠎ᠠ ᠪᠦᠬᠦ ᠢᠰᠷᠧᠯ᠂ ᠶᠦᠳᠠ ᠤᠷᠤᠭᠤ ᠬᠥᠮᠦᠨ ᠢᠯᠡᠭᠡᠵᠦ᠂ ᠮᠥᠨ ᠡᠹᠷᠠᠢᠮ ᠪᠣᠯᠣᠨ ᠮᠠᠨᠠᠰᠧ ᠤᠷᠤᠭᠤ ᠵᠠᠬᠢᠳᠠᠯ ᠪᠢᠴᠢᠵᠦ᠂ ᠢᠰᠷᠧᠯ ᠤᠨ ᠪᠤᠷᠬᠠᠨ ᠶᠣᠬᠣᠸᠠ ᠳᠤ ᠵᠣᠷᠢᠭᠤᠯᠤᠨ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠪᠡᠷ ᠶᠧᠷᠦ᠋ᠰᠠᠯᠧᠮ ᠳᠠᠬᠢ ᠶᠣᠬᠣᠸᠠ ᠶᠢᠨ ᠥᠷᠭᠥᠭᠡ ᠤᠷᠤᠭᠤ ᠢᠷᠡᠬᠦ ᠶᠢ ᠤᠷᠢᠪᠠ᠃ 2 ᠬᠠᠭᠠᠨ᠂ ᠲᠡᠭᠦᠨ ᠦ ᠲᠦᠰᠢᠮᠡᠳ ᠪᠣᠯᠣᠨ ᠶᠧᠷᠦ᠋ᠰᠠᠯᠧᠮ ᠤᠨ ᠨᠡᠢᠲᠡ ᠴᠢᠭᠤᠯᠭᠠᠨ ᠭᠡᠲᠦᠯᠭᠡᠭᠰᠡᠨ ᠦ ᠪᠠᠶᠠᠷ ᠢ ᠬᠣᠶᠠᠳᠤᠭᠠᠷ ᠰᠠᠷ᠎ᠠ ᠳᠤ ᠲᠡᠮᠳᠡᠭᠯᠡᠬᠦ ᠪᠡᠷ ᠰᠢᠢᠳᠦᠭᠰᠡᠨ ᠪᠠᠢᠯ᠎ᠠ᠃ 3 ᠭᠡᠪᠡᠴᠦ ᠥᠪᠡᠷᠰᠡᠳ ᠢ ᠪᠠᠨ ᠠᠷᠢᠭᠤᠰᠬᠠᠭᠰᠠᠨ ᠲᠠᠬᠢᠯᠴᠢᠳ ᠤᠨ ᠲᠣᠭ᠎ᠠ ᠬᠦᠷᠦᠭᠡ ᠦᠭᠡᠢ ᠪᠥᠭᠡᠳ ᠠᠷᠠᠳ ᠲᠦᠮᠡᠨ ᠴᠤ ᠬᠠᠷᠠᠬᠠᠨ ᠶᠧᠷᠦ᠋ᠰᠠᠯᠧᠮ ᠳᠤ ᠴᠤᠭᠯᠠᠷᠠᠭ᠎ᠠ ᠦᠭᠡᠢ ᠪᠠᠢᠭᠰᠠᠨ ᠠᠴᠠ ᠲᠡᠷᠡ ᠪᠠᠶᠠᠷ ᠢ ᠴᠠᠭ ᠲᠠᠭᠠᠨ ᠲᠡᠮᠳᠡᠭᠯᠡᠵᠦ ᠴᠢᠳᠠᠭᠰᠠᠨ ᠦᠭᠡᠢ᠃ 4 ᠲᠡᠷᠡ ᠰᠢᠢᠳᠪᠦᠷᠢ ᠬᠠᠭᠠᠨ ᠪᠣᠯᠣᠨ ᠪᠦᠬᠦ ᠴᠢᠭᠤᠯᠭᠠᠨ ᠳᠤ ᠲᠠᠭᠠᠯᠠᠭᠳᠠᠭᠰᠠᠨ ᠲᠤᠯᠠ 5 ᠲᠡᠳᠡ ᠢᠰᠷᠧᠯ ᠤᠨ ᠪᠤᠷᠬᠠᠨ ᠶᠣᠬᠣᠸᠠ ᠳᠤ ᠵᠣᠷᠢᠭᠤᠯᠤᠨ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠪᠡᠷ ᠶᠧᠷᠦ᠋ᠰᠠᠯᠧᠮ ᠳᠤ ᠢᠷᠡᠬᠦ ᠶᠢ ᠤᠷᠢᠶᠠᠯᠠᠭᠰᠠᠨ ᠮᠡᠳᠡᠭᠡ ᠶᠢ ᠪᠧᠷᠣᠲ ᠱᠧᠪᠠ ᠠᠴᠠ ᠳ᠋ᠠᠨ ᠬᠦᠷᠲᠡᠯᠡᠬᠢ ᠢᠰᠷᠧᠯ ᠳᠠᠶᠠᠭᠠᠷ ᠬᠦᠷᠭᠡᠭᠦᠯᠬᠦ ᠪᠡᠷ ᠰᠢᠢᠳᠪᠡ᠃ ᠲᠡᠳᠡ ᠡᠨᠡ ᠪᠠᠶᠠᠷ ᠢ ᠪᠢᠴᠢᠭᠳᠡᠭᠰᠡᠨ ᠶᠣᠰᠣᠭᠠᠷ ᠲᠡᠮᠳᠡᠭᠯᠡᠭᠡ ᠦᠭᠡᠢ ᠤᠳᠠᠭᠰᠠᠨ ᠪᠠᠢᠵᠠᠢ᠃ 6 ᠤᠯᠠᠭᠠᠴᠢᠳ ᠬᠠᠭᠠᠨ ᠪᠣᠯᠣᠨ ᠲᠦᠰᠢᠮᠡᠳ ᠦᠨ ᠬᠢᠨᠢ ᠭᠠᠷ ᠠᠴᠠ ᠵᠠᠬᠢᠳᠠᠯ ᠢ ᠠᠪᠤᠭᠠᠳ ᠢᠰᠷᠧᠯ᠂ ᠶᠦᠳᠠ ᠳᠠᠶᠠᠭᠠᠷ ᠶᠠᠪᠤᠵᠤ᠂ ᠬᠠᠭᠠᠨ ᠤ ᠵᠠᠬᠢᠭᠰᠠᠨ ᠶᠣᠰᠣᠭᠠᠷ ᠲᠤᠩ᠋ᠬᠠᠭᠯᠠᠵᠤ᠄ 《ᠢᠰᠷᠧᠯᠴᠦᠳ ᠡ᠂ ᠠᠪᠷᠠᠬᠠᠮ᠂ ᠢᠰᠠᠺ᠂ ᠢᠰᠷᠧᠯ ᠤᠨ ᠪᠤᠷᠬᠠᠨ ᠶᠣᠬᠣᠸᠠ ᠤᠷᠤᠭᠤ ᠡᠷᠭᠢᠵᠡᠭᠡ᠃ ᠲᠡᠭᠡᠪᠡᠯ ᠲᠡᠷᠡ ᠠᠰᠢᠷᠢᠶ᠎ᠠ ᠶᠢᠨ ᠬᠠᠭᠠᠳ ᠤᠨ ᠰᠠᠪᠠᠷ ᠠᠴᠠ ᠮᠤᠯᠲᠤᠷᠠᠭᠰᠠᠨ ᠲᠠ ᠨᠠᠷ ᠤᠷᠤᠭᠤ ᠡᠷᠭᠢᠨ᠎ᠡ᠃ 7 ᠲᠠ ᠨᠠᠷ ᠡᠴᠢᠭᠡ ᠡᠪᠦᠭᠡᠳ ᠪᠤᠶᠤ ᠠᠬ᠎ᠠ ᠳᠡᠭᠦᠦᠰ ᠢᠶᠡᠨ ᠪᠦᠦ ᠳᠠᠭᠤᠷᠢᠶᠠ᠃ ᠲᠡᠳᠡ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠳᠤ ᠢᠲᠡᠭᠡᠯ ᠦᠭᠡᠢ ᠪᠠᠢᠭᠰᠠᠨ ᠢᠶᠠᠷ ᠲᠡᠷᠡ ᠲᠡᠳᠡᠨ ᠢ ᠰᠦᠢᠷᠡᠯ ᠳᠦ ᠣᠷᠣᠭᠤᠯᠤᠭᠰᠠᠨ ᠢ ᠲᠠ ᠨᠠᠷ ᠨᠢᠳᠦ ᠪᠡᠷ ᠢᠶᠠᠨ ᠬᠠᠷᠠᠭᠰᠠᠨ ᠪᠢᠯᠡ᠃ 8 ᠣᠳᠣ ᠡᠴᠢᠭᠡ ᠨᠦᠭᠦᠳ ᠰᠢᠭ ᠢᠶᠠᠨ ᠭᠦᠵᠢᠭᠦᠳᠯᠡᠯ ᠦᠭᠡᠢ ᠪᠠᠷ ᠶᠣᠬᠣᠸᠠ ᠳᠤ ᠭᠠᠷ ᠢᠶᠠᠨ ᠥᠭᠴᠦ᠂ ᠲᠡᠭᠦᠨ ᠦ ᠮᠥᠩᠬᠡᠳᠡ ᠠᠷᠢᠭᠤᠰᠬᠠᠭᠰᠠᠨ ᠠᠷᠢᠭᠤᠨ ᠭᠠᠵᠠᠷ ᠲᠤᠨᠢ ᠣᠷᠣᠵᠤ᠂ ᠶᠣᠬᠣᠸᠠ ᠪᠤᠷᠬᠠᠨ ᠳᠠᠭᠠᠨ ᠦᠢᠯᠡᠴᠢᠯᠡ᠃ ᠲᠡᠭᠡᠪᠡᠯ ᠲᠡᠭᠦᠨ ᠦ ᠠᠭᠤᠷ ᠬᠢᠯᠢᠩ ᠲᠠ ᠨᠠᠷ ᠠᠴᠠ ᠵᠠᠢᠯᠠᠨ᠎ᠠ᠃ 9 ᠲᠠ ᠨᠠᠷ ᠶᠣᠬᠣᠸᠠ ᠤᠷᠤᠭᠤ ᠡᠷᠭᠢᠪᠡᠯ ᠠᠬ᠎ᠠ ᠳᠡᠭᠦᠦᠰ ᠪᠣᠯᠣᠨ ᠬᠡᠦᠬᠡᠳ ᠤᠳ ᠴᠢᠨᠢ ᠥᠪᠡᠷᠰᠡᠳ ᠢ ᠨᠢ ᠣᠯᠵᠠᠯᠠᠭᠰᠠᠨ ᠬᠥᠮᠦᠰ ᠦᠨ ᠡᠮᠦᠨ᠎ᠡ ᠥᠷᠥᠰᠢᠶᠡᠭᠳᠡᠵᠦ᠂ ᠡᠨᠡ ᠭᠠᠵᠠᠷ ᠲᠤ ᠪᠤᠴᠠᠵᠤ ᠢᠷᠡᠬᠦ ᠪᠣᠯᠣᠨ᠎ᠠ᠃ ᠲᠠ ᠨᠠᠷ ᠤᠨ ᠪᠤᠷᠬᠠᠨ ᠶᠣᠬᠣᠸᠠ ᠨᠢᠭᠦᠯᠡᠰᠦᠩᠭᠦᠢ ᠪᠥᠭᠡᠳ ᠥᠷᠥᠰᠢᠶᠡᠩᠭᠦᠢ ᠪᠣᠯᠬᠣᠷ ᠲᠠ ᠨᠠᠷ ᠲᠡᠭᠦᠨ ᠤᠷᠤᠭᠤ ᠡᠷᠭᠢᠪᠡᠯ᠂ ᠲᠠ ᠨᠠᠷ ᠠᠴᠠ ᠲᠡᠷᠡ ᠨᠢᠭᠤᠷ ᠢᠶᠠᠨ ᠪᠤᠷᠤᠭᠤᠯᠠᠬᠤ ᠦᠭᠡᠢ》 ᠭᠡᠯ᠎ᠡ᠃ 10 ᠤᠯᠠᠭᠠᠴᠢᠳ ᠡᠹᠷᠠᠢᠮ ᠪᠣᠯᠣᠨ ᠮᠠᠨᠠᠰᠧ ᠶᠢᠨ ᠨᠤᠲᠤᠭ ᠳᠠᠶᠠᠭᠠᠷ᠂ ᠽᠧᠪᠦ᠋ᠯᠣᠨ ᠤ ᠴᠢᠨᠠᠳᠤ ᠬᠦᠷᠲᠡᠯ᠎ᠡ ᠬᠣᠲᠠ ᠠᠴᠠ ᠬᠣᠲᠠ ᠳᠠᠮᠵᠢᠨ ᠶᠠᠪᠤᠵᠤ ᠪᠠᠢᠬᠤ ᠳᠤ᠂ ᠬᠥᠮᠦᠰ ᠲᠡᠳᠡᠨ ᠢ ᠳᠣᠷᠣᠮᠵᠢᠯᠠᠵᠤ ᠳᠣᠭᠣᠭᠢᠯᠠᠵᠤ ᠪᠠᠢᠯ᠎ᠠ᠃ 11 ᠭᠡᠪᠡᠴᠦ ᠠᠱᠧᠷ᠂ ᠮᠠᠨᠠᠰᠧ᠂ ᠽᠧᠪᠦ᠋ᠯᠣᠨ ᠤ ᠵᠠᠷᠢᠮ ᠬᠥᠮᠦᠰ ᠤᠷᠢᠯᠭ᠎ᠠ ᠶᠢ ᠳᠠᠷᠤᠤᠬᠠᠨ ᠬᠦᠯᠢᠶᠡᠨ ᠠᠪᠴᠤ᠂ ᠶᠧᠷᠦ᠋ᠰᠠᠯᠧᠮ ᠳᠤ ᠢᠷᠡᠵᠡᠢ᠃ 12 ᠪᠤᠷᠬᠠᠨ ᠤ ᠮᠤᠲᠤᠷ ᠶᠦᠳᠠ ᠶᠢᠨ ᠳᠡᠭᠡᠷ᠎ᠡ ᠪᠠᠢᠭᠰᠠᠨ ᠢᠶᠠᠷ ᠶᠣᠬᠣᠸᠠ ᠶᠢᠨ ᠦᠭᠡ ᠶᠢ ᠳᠠᠭᠠᠵᠤ᠂ ᠬᠠᠭᠠᠨ ᠪᠣᠯᠣᠨ ᠲᠦᠰᠢᠮᠡᠳ ᠦᠨ ᠲᠤᠰᠢᠶᠠᠯ ᠢ ᠭᠦᠢᠴᠡᠳᠬᠡᠬᠦ ᠳᠦᠨᠢ ᠨᠢᠭᠡ ᠰᠠᠨᠠᠭ᠎ᠠ ᠥᠭᠭᠥᠭᠰᠡᠨ ᠪᠠᠢᠨ᠎ᠠ᠃

13 ᠬᠣᠶᠠᠳᠤᠭᠠᠷ ᠰᠠᠷ᠎ᠠ ᠳᠤ ᠢᠰᠭᠡᠭᠡ ᠦᠭᠡᠢ ᠪᠣᠣᠪᠣ ᠶᠢᠨ ᠪᠠᠶᠠᠷ ᠢ ᠲᠡᠮᠳᠡᠭᠯᠡᠬᠦ ᠪᠡᠷ ᠦᠢ ᠣᠯᠠᠨ ᠬᠥᠮᠦᠨ ᠶᠧᠷᠦ᠋ᠰᠠᠯᠧᠮ ᠳᠤ ᠴᠤᠭᠯᠠᠷᠠᠭᠰᠠᠨ ᠢᠶᠠᠷ ᠠᠰᠤᠷᠤ ᠲᠣᠮᠣ ᠴᠤᠭᠯᠠᠭᠠᠨ ᠪᠣᠯᠵᠠᠢ᠃ 14 ᠲᠡᠳᠡ ᠪᠣᠰᠣᠭᠠᠳ ᠶᠧᠷᠦ᠋ᠰᠠᠯᠧᠮ ᠳᠤ ᠪᠠᠢᠭᠰᠠᠨ ᠲᠠᠬᠢᠯ ᠤᠨ ᠰᠢᠷᠡᠭᠡ ᠨᠦᠭᠦᠳ ᠪᠣᠯᠣᠨ ᠤᠲᠤᠯᠭᠠᠲᠤ ᠲᠠᠬᠢᠯ ᠤᠨ ᠰᠢᠷᠡᠭᠡ ᠨᠦᠭᠦᠳ ᠢ ᠵᠠᠢᠯᠠᠭᠤᠯᠵᠤ ᠺᠢᠳ᠋ᠷᠣᠨ ᠬᠥᠨᠳᠡᠢ ᠤᠷᠤᠭᠤ ᠬᠠᠶᠠᠭᠰᠠᠨ ᠪᠥᠭᠡᠳ 15 ᠬᠣᠶᠠᠳᠤᠭᠠᠷ ᠰᠠᠷ᠎ᠠ ᠶᠢᠨ ᠠᠷᠪᠠᠨ ᠳᠥᠷᠪᠡᠨ ᠳᠦ ᠭᠡᠲᠦᠯᠭᠡᠭᠰᠡᠨ ᠦ ᠪᠠᠶᠠᠷ ᠤᠨ ᠬᠤᠷᠠᠭ᠎ᠠ ᠶᠢ ᠨᠢᠲᠤᠯᠪᠠ᠃ ᠲᠠᠬᠢᠯᠴᠢᠳ ᠪᠣᠯᠣᠨ ᠯᠧᠸᠢᠴᠦᠳ ᠢᠴᠢᠵᠦ᠂ ᠥᠪᠡᠷᠰᠡᠳ ᠢ ᠪᠠᠨ ᠠᠷᠢᠭᠤᠰᠬᠠᠭᠠᠳ ᠶᠣᠬᠣᠸᠠ ᠶᠢᠨ ᠥᠷᠭᠥᠭᠡᠨ ᠳᠦ ᠰᠢᠲᠠᠭᠠᠯᠭᠠᠲᠤ ᠲᠠᠬᠢᠯ ᠤᠳ ᠠᠪᠴᠢᠷᠠᠵᠤ᠂ 16 ᠪᠤᠷᠬᠠᠨ ᠤ ᠬᠥᠮᠦᠨ ᠮᠣᠰᠧ ᠶᠢᠨ ᠬᠠᠤᠯᠢ ᠶᠢᠨ ᠳᠠᠭᠠᠤ ᠵᠣᠭᠰᠣᠬᠤ ᠶᠣᠰᠣᠲᠠᠢ ᠪᠠᠢᠷᠢᠨ ᠳᠠᠭᠠᠨ ᠵᠣᠭᠰᠣᠵᠠᠭᠠᠪᠠ᠃ ᠲᠠᠬᠢᠯᠴᠢᠳ ᠯᠧᠸᠢᠴᠦᠳ ᠦᠨ ᠭᠠᠷ ᠠᠴᠠ ᠴᠢᠰᠤ ᠶᠢ ᠬᠦᠯᠢᠶᠡᠨ ᠠᠪᠤᠭᠠᠳ ᠰᠠᠴᠤᠵᠤ ᠪᠠᠢᠯ᠎ᠠ᠃ 17 ᠴᠢᠭᠤᠯᠭᠠᠨ ᠤ ᠳᠤᠮᠳᠠ ᠥᠪᠡᠷᠰᠡᠳ ᠢ ᠪᠠᠨ ᠠᠷᠢᠭᠤᠰᠬᠠᠭ᠎ᠠ ᠦᠭᠡᠢ ᠬᠥᠮᠦᠨ ᠣᠯᠠᠨ ᠪᠠᠢᠯ᠎ᠠ᠃ ᠲᠡᠢᠮᠦ ᠡᠴᠡ ᠪᠤᠵᠠᠷᠲᠤᠭᠰᠠᠨ ᠤ ᠤᠯᠠᠮ ᠢᠶᠠᠷ ᠶᠣᠬᠣᠸᠠ ᠳᠤ ᠬᠤᠷᠠᠭ᠎ᠠ ᠪᠠᠨ ᠵᠣᠷᠢᠭᠤᠯᠵᠤ ᠴᠢᠳᠠᠬᠤ ᠦᠭᠡᠢ ᠪᠣᠯᠣᠭᠰᠠᠨ ᠬᠥᠮᠦᠨ ᠪᠣᠯᠭᠠᠨ ᠤ ᠡᠮᠦᠨ᠎ᠡ ᠡᠴᠡ ᠯᠧᠸᠢᠴᠦᠳ ᠭᠡᠲᠦᠯᠭᠡᠭᠰᠡᠨ ᠦ ᠪᠠᠶᠠᠷ ᠤᠨ ᠬᠤᠷᠠᠭ᠎ᠠ ᠶᠢ ᠨᠢᠲᠤᠯᠵᠤ ᠥᠭᠬᠦ ᠶᠣᠰᠣᠲᠠᠢ ᠪᠠᠢᠯ᠎ᠠ᠃ 18 ᠦᠢ ᠣᠯᠠᠨ ᠤ ᠳᠤᠮᠳᠠ ᠠᠴᠠ ᠡᠹᠷᠠᠢᠮ᠂ ᠮᠠᠨᠠᠰᠧ᠂ ᠢᠰᠠᠺᠠᠷ ᠪᠣᠯᠣᠨ ᠽᠧᠪᠦ᠋ᠯᠣᠨ ᠠᠴᠠ ᠢᠷᠡᠭᠰᠡᠨ ᠬᠥᠮᠦᠰ ᠦᠨ ᠣᠯᠠᠩᠬᠢ ᠨᠢ ᠥᠪᠡᠷᠰᠡᠳ ᠢ ᠪᠠᠨ ᠠᠷᠢᠭᠤᠰᠬᠠᠭ᠎ᠠ ᠦᠭᠡᠢ ᠪᠠᠷ ᠭᠡᠲᠦᠯᠭᠡᠭᠰᠡᠨ ᠦ ᠪᠠᠶᠠᠷ ᠤᠨ ᠵᠣᠭᠣᠭ ᠢ ᠢᠳᠡᠭᠰᠡᠨ ᠢᠶᠡᠷ ᠢᠶᠠᠨ ᠪᠢᠴᠢᠭᠳᠡᠭᠰᠡᠨ ᠵᠢᠷᠤᠮ ᠢ ᠵᠥᠷᠢᠴᠡᠵᠡᠢ᠃ ᠾᠧᠽᠧᠺᠢᠶ᠎ᠠ ᠲᠡᠳᠡᠨ ᠦ ᠲᠥᠯᠥᠭᠡ ᠳᠠᠭᠠᠳᠬᠠᠨ᠄ 《ᠰᠠᠢᠨ ᠶᠣᠬᠣᠸᠠ᠂ ᠲᠡᠳᠡ ᠪᠦᠭᠦᠳᠡ ᠶᠢ ᠠᠭᠤᠴᠢᠯᠠᠭᠠᠴᠢ᠂ 19 ᠬᠡᠳᠦᠢᠪᠡᠷ ᠲᠡᠳᠡ ᠠᠷᠢᠭᠤᠨ ᠭᠠᠵᠠᠷ ᠤᠨ ᠵᠢᠷᠤᠮ ᠤᠨ ᠳᠠᠭᠠᠤ ᠥᠪᠡᠷᠰᠡᠳ ᠢ ᠪᠠᠨ ᠠᠷᠢᠭᠤᠰᠬᠠᠭ᠎ᠠ ᠦᠭᠡᠢ ᠪᠣᠯᠪᠠᠴᠤ ᠪᠤᠷᠬᠠᠨ ᠢ᠂ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠬᠠᠢᠬᠤ ᠪᠠᠷ ᠰᠡᠳᠬᠢᠯ ᠰᠢᠭᠤᠳᠤᠭᠰᠠᠨ ᠲᠤᠯᠠ ᠲᠡᠳᠡᠨ ᠢ ᠠᠭᠤᠴᠢᠯᠠᠭᠠᠴᠢ》 ᠭᠡᠬᠦ ᠳᠦ᠂ 20 ᠶᠣᠬᠣᠸᠠ ᠾᠧᠽᠧᠺᠢᠶ᠎ᠠ ᠶᠢᠨ ᠬᠢ ᠶᠢ ᠰᠣᠨᠣᠰᠣᠭᠠᠳ ᠠᠷᠠᠳ ᠲᠦᠮᠡᠨ ᠢ ᠡᠳᠡᠭᠡᠭᠡᠪᠡ᠃ 21 ᠶᠧᠷᠦ᠋ᠰᠠᠯᠧᠮ ᠳᠤ ᠴᠤᠭᠯᠠᠷᠠᠭᠰᠠᠨ ᠢᠰᠷᠧᠯᠴᠦᠳ ᠢᠰᠭᠡᠭᠡ ᠦᠭᠡᠢ ᠪᠣᠣᠪᠣ ᠶᠢᠨ ᠪᠠᠶᠠᠷ ᠢ ᠳᠣᠯᠣᠭᠠᠨ ᠬᠣᠨᠣᠭ ᠤᠨ ᠲᠤᠷᠰᠢ ᠮᠠᠰᠢ ᠪᠠᠶᠠᠷ ᠬᠥᠷ ᠲᠡᠢ ᠪᠠᠷ ᠲᠡᠮᠳᠡᠭᠯᠡᠪᠡ᠃ ᠯᠧᠸᠢᠴᠦᠳ ᠪᠣᠯᠣᠨ ᠲᠠᠬᠢᠯᠴᠢᠳ ᠶᠣᠬᠣᠸᠠ ᠶᠢ ᠴᠢᠩᠭ᠍᠎ᠠ ᠳᠠᠭᠤ ᠲᠠᠢ ᠬᠥᠭᠵᠢᠮ ᠢᠶᠠᠷ ᠮᠠᠭᠲᠠᠵᠤ᠂ ᠶᠣᠬᠣᠸᠠ ᠳᠤ ᠡᠳᠦᠷ ᠪᠣᠯᠭᠠᠨ ᠳᠠᠭᠤᠤ ᠡᠷᠭᠦᠵᠦ ᠪᠠᠢᠯ᠎ᠠ᠃ 22 ᠶᠣᠬᠣᠸᠠ ᠳᠤ ᠬᠠᠨᠳᠤᠭᠰᠠᠨ ᠮᠥᠷᠭᠥᠯ ᠢ ᠰᠠᠢᠨ ᠣᠢᠯᠠᠭᠠᠳᠠᠭ ᠯᠧᠸᠢᠴᠦᠳ ᠪᠦᠭᠦᠳᠡ ᠳᠦ ᠾᠧᠽᠧᠺᠢᠶ᠎ᠠ ᠤᠷᠮ᠎ᠠ ᠶᠢᠨ ᠦᠭᠡ ᠬᠡᠯᠡᠵᠡᠢ᠃ ᠢᠩᠭᠢᠵᠦ ᠲᠡᠳᠡ ᠳᠣᠯᠣᠭᠠᠨ ᠬᠣᠨᠣᠭ ᠤᠨ ᠲᠤᠷᠰᠢ ᠲᠣᠪᠯᠠᠭᠰᠠᠨ ᠬᠣᠭᠣᠯᠠ ᠶᠢ ᠢᠳᠡᠵᠦ᠂ ᠡᠪ ᠦᠨ ᠲᠠᠬᠢᠯ ᠢ ᠡᠷᠭᠦᠨ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠳᠤ ᠲᠠᠯᠠᠷᠬᠠᠵᠤ ᠪᠠᠢᠯ᠎ᠠ᠃

23 ᠬᠠᠷᠢᠨ ᠨᠡᠢᠲᠡ ᠴᠢᠭᠤᠯᠭᠠᠨ ᠡᠨᠡ ᠪᠠᠶᠠᠷ ᠢ ᠳᠠᠬᠢᠨ ᠳᠣᠯᠣᠭᠠᠨ ᠬᠣᠨᠣᠭ ᠲᠡᠮᠳᠡᠭᠯᠡᠬᠦ ᠪᠡᠷ ᠰᠢᠢᠳᠴᠦ᠂ ᠲᠡᠳᠡ ᠪᠠᠶᠠᠷ ᠬᠥᠷ ᠲᠡᠢ ᠪᠠᠷ ᠳᠠᠬᠢᠨ ᠳᠣᠯᠣᠭᠠᠨ ᠬᠣᠨᠣᠭ ᠲᠡᠮᠳᠡᠭᠯᠡᠵᠡᠭᠡᠪᠡ᠃ 24 ᠶᠦᠳᠠ ᠶᠢᠨ ᠬᠠᠭᠠᠨ ᠾᠧᠽᠧᠺᠢᠶ᠎ᠠ ᠴᠢᠭᠤᠯᠭᠠᠨ ᠳᠤ ᠮᠢᠩ᠋ᠭᠠᠨ ᠪᠤᠬ᠎ᠠ᠂ ᠳᠣᠯᠣᠭᠠᠨ ᠮᠢᠩ᠋ᠭᠠᠨ ᠬᠣᠨᠢ ᠬᠠᠨᠳᠢᠪᠯᠠᠵᠤ᠂ ᠨᠣᠶᠠᠳ ᠴᠤ ᠮᠢᠩ᠋ᠭᠠᠨ ᠪᠤᠬ᠎ᠠ᠂ ᠲᠦᠮᠡᠨ ᠬᠣᠨᠢ ᠬᠠᠨᠳᠢᠪᠯᠠᠭᠰᠠᠨ ᠪᠠᠢᠨ᠎ᠠ᠃ ᠲᠡᠷᠡ ᠦᠶ᠎ᠡ ᠳᠦ ᠥᠪᠡᠷᠰᠡᠳ ᠢ ᠪᠠᠨ ᠠᠷᠢᠭᠤᠰᠬᠠᠭᠰᠠᠨ ᠲᠠᠬᠢᠯᠴᠢᠳ ᠣᠯᠠᠨ ᠪᠠᠢᠪᠠ᠃ 25 ᠶᠦᠳᠠ ᠶᠢᠨ ᠪᠦᠬᠦ ᠴᠢᠭᠤᠯᠭᠠᠨ ᠲᠠᠬᠢᠯᠴᠢᠳ᠂ ᠯᠧᠸᠢᠴᠦᠳ ᠪᠣᠯᠣᠨ ᠢᠰᠷᠧᠯ ᠡᠴᠡ ᠢᠷᠡᠭᠰᠡᠨ ᠪᠦᠬᠦ ᠴᠢᠭᠤᠯᠭᠠᠨ ᠤ ᠬᠠᠮᠲᠤ᠂ ᠮᠥᠨ ᠢᠰᠷᠧᠯ ᠡᠴᠡ ᠢᠷᠡᠭᠰᠡᠨ ᠬᠠᠷᠢᠴᠤᠳ ᠪᠣᠯᠣᠨ ᠶᠦᠳᠠ ᠳᠤ ᠰᠠᠭᠤᠭᠴᠢ ᠬᠠᠷᠢᠴᠤᠳ ᠲᠠᠢ ᠬᠠᠮᠲᠤ ᠪᠠᠶᠠᠷᠯᠠᠵᠠᠭᠠᠪᠠ᠃ 26 ᠶᠧᠷᠦ᠋ᠰᠠᠯᠧᠮ ᠳᠤ ᠠᠰᠤᠷᠤ ᠶᠡᠬᠡ ᠪᠠᠶᠠᠷ ᠬᠥᠷ ᠪᠣᠯᠵᠤ ᠪᠠᠢᠯ᠎ᠠ᠃ ᠢᠰᠷᠧᠯ ᠤᠨ ᠬᠠᠭᠠᠨ ᠳ᠋ᠠᠸᠢᠳ᠋ ᠤᠨ ᠬᠦᠦ ᠰᠣᠯᠣᠮᠣᠨ ᠤ ᠡᠳᠦᠷ ᠤᠳ ᠠᠴᠠ ᠬᠣᠢᠰᠢ ᠶᠧᠷᠦ᠋ᠰᠠᠯᠧᠮ ᠳᠤ ᠡᠢᠮᠦ ᠪᠠᠶᠠᠷ ᠨᠠᠢᠷ ᠪᠣᠯᠵᠤ ᠪᠠᠢᠭ᠎ᠠ ᠦᠭᠡᠢ ᠪᠢᠯᠡ᠃ 27 ᠲᠠᠬᠢᠯᠴᠢᠳ ᠪᠣᠯᠣᠨ ᠯᠧᠸᠢᠴᠦᠳ ᠪᠣᠰᠴᠤ᠂ ᠠᠷᠠᠳ ᠲᠦᠮᠡᠨ ᠢ ᠢᠷᠥᠭᠡᠪᠡ᠃ ᠲᠡᠳᠡᠨ ᠦ ᠳᠠᠭᠤ ᠪᠤᠷᠬᠠᠨ ᠳᠤ ᠰᠣᠨᠣᠰᠳᠠᠵᠤ᠂ ᠲᠡᠳᠡᠨ ᠦ ᠳᠠᠭᠠᠳᠬᠠᠯ ᠲᠩᠷᠢ ᠳᠠᠬᠢ ᠠᠷᠢᠭᠤᠨ ᠭᠠᠵᠠᠷ ᠲᠤᠨᠢ ᠬᠦᠷᠦᠭᠰᠡᠨ ᠠᠵᠢ᠃