1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠵᠢᠷᠭᠤᠭ᠎ᠠ

1 ᠲᠡᠷᠡ ᠦᠶ᠎ᠡ ᠳᠦ ᠰᠣᠯᠣᠮᠣᠨ᠄ 《ᠶᠣᠬᠣᠸᠠ ᠥᠪᠡᠷ ᠢ ᠪᠠᠨ ᠬᠠᠷᠠᠩ᠋ᠭᠤᠢ ᠡᠭᠦᠯᠡᠨ ᠳᠣᠲᠣᠷ᠎ᠠ ᠣᠷᠣᠰᠢᠨ᠎ᠠ ᠭᠡᠵᠦ ᠠᠢᠯᠠᠳᠤᠭᠰᠠᠨ ᠪᠢᠯᠡ᠃ 2 ᠲᠠᠨ ᠳᠤ ᠵᠣᠷᠢᠭᠤᠯᠤᠨ ᠰᠦᠷᠯᠢᠭ ᠥᠷᠭᠥᠭᠡ᠂ ᠲᠤᠬᠠᠢᠯᠠᠪᠠᠯ ᠲᠠᠨ ᠤ ᠮᠥᠩᠬᠡᠳᠡ ᠣᠷᠣᠰᠢᠬᠤ ᠭᠠᠵᠠᠷ ᠢ ᠪᠢ ᠪᠠᠷᠢᠯ᠎ᠠ》 ᠭᠡᠵᠦ ᠬᠡᠯᠡᠪᠡ᠃

3 ᠬᠠᠭᠠᠨ ᠡᠷᠭᠢᠨ ᠬᠠᠷᠠᠵᠤ᠂ ᠲᠡᠨᠳᠡ ᠵᠣᠭᠰᠣᠵᠤ ᠪᠤᠢ ᠢᠰᠷᠧᠯ ᠤᠨ ᠨᠡᠢᠲᠡ ᠴᠢᠭᠤᠯᠭᠠᠨ ᠢ ᠢᠷᠥᠭᠡᠭᠰᠡᠨ ᠨᠢ᠄ 4 《ᠢᠰᠷᠧᠯ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠲᠡᠷᠡ ᠪᠡᠷ ᠮᠢᠨᠦ ᠡᠴᠢᠭᠡ ᠳ᠋ᠠᠸᠢᠳ᠋ ᠲᠤ ᠠᠮᠠ ᠪᠠᠷ ᠢᠶᠠᠨ ᠠᠢᠯᠠᠳᠤᠭᠰᠠᠨ ᠦᠭᠡ ᠪᠡᠨ ᠮᠤᠲᠤᠷ ᠢᠶᠠᠷ ᠢᠶᠠᠨ ᠪᠡᠶᠡᠯᠡᠭᠦᠯᠵᠦ ᠥᠭᠭᠥᠯ᠎ᠡ᠃ ᠲᠡᠷᠡ ᠠᠢᠯᠠᠳᠬᠤ ᠳᠠᠭᠠᠨ᠄ 5 〈ᠪᠢ ᠠᠷᠠᠳ ᠲᠦᠮᠡᠨ ᠢᠰᠷᠧᠯ ᠢᠶᠠᠨ ᠶᠧᠵᠢᠫᠲ ᠡᠴᠡ ᠭᠠᠷᠭᠠᠭᠰᠠᠨ ᠡᠳᠦᠷ ᠡᠴᠡ ᠬᠣᠢᠰᠢ᠂ ᠥᠪᠡᠷ ᠦᠨ ᠢᠶᠠᠨ ᠨᠡᠷ᠎ᠡ ᠶᠢ ᠪᠠᠢᠯᠭᠠᠬᠤ ᠪᠠᠷ ᠥᠷᠭᠥᠭᠡ ᠪᠠᠷᠢᠭᠤᠯᠬᠤ ᠶᠢᠨ ᠲᠤᠯᠠᠳᠠ ᠢᠰᠷᠧᠯ ᠤᠨ ᠣᠪᠣᠭ ᠤᠳ ᠠᠴᠠ ᠠᠯᠢ ᠴᠤ ᠬᠣᠲᠠ ᠶᠢ ᠰᠣᠩ᠋ᠭᠣᠭ᠎ᠠ ᠦᠭᠡᠢ᠂ ᠮᠥᠨ ᠬᠡᠨ ᠢ ᠴᠤ ᠮᠢᠨᠦ ᠠᠷᠠᠳ ᠲᠦᠮᠡᠨ ᠢᠰᠷᠧᠯ ᠤᠨ ᠤᠳᠤᠷᠢᠳᠤᠭᠴᠢ ᠪᠠᠷ ᠰᠣᠩ᠋ᠭᠣᠭ᠎ᠠ ᠦᠭᠡᠢ ᠪᠠᠢᠵᠤ᠂ 6 ᠬᠣᠵᠢᠮ ᠨᠢ ᠶᠧᠷᠦ᠋ᠰᠠᠯᠧᠮ ᠢ ᠰᠣᠩ᠋ᠭᠣᠨ᠂ ᠥᠪᠡᠷ ᠦᠨ ᠢᠶᠠᠨ ᠨᠡᠷ᠎ᠡ ᠶᠢ ᠲᠡᠨᠳᠡ ᠪᠠᠢᠯᠭᠠᠵᠤ᠂ ᠳ᠋ᠠᠸᠢᠳ᠋ ᠢ ᠰᠣᠩ᠋ᠭᠣᠨ ᠥᠪᠡᠷ ᠦᠨ ᠢᠶᠠᠨ ᠠᠷᠠᠳ ᠲᠦᠮᠡᠨ ᠢ ᠵᠠᠬᠢᠷᠤᠭᠤᠯᠤᠭᠰᠠᠨ ᠪᠢᠯᠡ〉 ᠭᠡᠪᠡ᠃ 7 ᠮᠢᠨᠦ ᠡᠴᠢᠭᠡ ᠳ᠋ᠠᠸᠢᠳ᠋ ᠢᠰᠷᠧᠯ ᠤᠨ ᠪᠤᠷᠬᠠᠨ ᠶᠣᠬᠣᠸᠠ ᠶᠢᠨ ᠨᠡᠷ᠎ᠡ ᠶᠢᠨ ᠲᠥᠯᠥᠭᠡ ᠥᠷᠭᠥᠭᠡ ᠪᠠᠷᠢᠬᠤ ᠰᠠᠨᠠᠭ᠎ᠠ ᠲᠠᠢ ᠪᠠᠢᠭᠰᠠᠨ ᠪᠣᠯᠪᠠᠴᠤ 8 ᠶᠣᠬᠣᠸᠠ ᠮᠢᠨᠦ ᠡᠴᠢᠭᠡ ᠳ᠋ᠠᠸᠢᠳ᠋ ᠲᠤ ᠠᠢᠯᠠᠳᠤᠨ᠄ 〈ᠴᠢ ᠮᠢᠨᠦ ᠨᠡᠷ᠎ᠡ ᠶᠢᠨ ᠲᠥᠯᠥᠭᠡ ᠥᠷᠭᠥᠭᠡ ᠪᠠᠷᠢᠬᠤ ᠰᠠᠨᠠᠭ᠎ᠠ ᠲᠠᠢ ᠪᠠᠢᠨ᠎ᠠ᠂ ᠲᠡᠷᠡ ᠰᠠᠨᠠᠭ᠎ᠠ ᠴᠢᠨᠢ ᠰᠠᠢᠨ ᠪᠣᠯᠪᠠᠴᠤ 9 ᠲᠡᠷᠡ ᠥᠷᠭᠥᠭᠡ ᠶᠢ ᠪᠣᠰᠬᠠᠬᠤ ᠬᠥᠮᠦᠨ ᠨᠢ ᠴᠢ ᠪᠢᠰᠢ᠂ ᠬᠠᠷᠢᠨ ᠴᠢᠨᠦ ᠪᠡᠶ᠎ᠡ ᠡᠴᠡ ᠭᠠᠷᠬᠤ ᠬᠦᠦ ᠴᠢᠨᠢ ᠪᠢᠯᠡ᠂ ᠲᠡᠷᠡ ᠮᠢᠨᠦ ᠨᠡᠷ᠎ᠡ ᠶᠢᠨ ᠲᠥᠯᠥᠭᠡ ᠥᠷᠭᠥᠭᠡ ᠪᠠᠷᠢᠬᠤ ᠪᠣᠯᠣᠨ᠎ᠠ〉 ᠭᠡᠰᠡᠨ ᠶᠤᠮ᠃ 10 ᠣᠳᠣ ᠶᠣᠬᠣᠸᠠ ᠠᠢᠯᠠᠳᠤᠭᠰᠠᠨ ᠦᠭᠡ ᠪᠡᠨ ᠪᠡᠶᠡᠯᠡᠭᠦᠯᠦᠭᠰᠡᠨ ᠪᠠᠢᠨ᠎ᠠ᠃ ᠪᠢ ᠡᠴᠢᠭᠡ ᠳ᠋ᠠᠸᠢᠳ᠋ ᠢᠶᠠᠨ ᠵᠠᠯᠭᠠᠮᠵᠢᠯᠠᠨ ᠢᠰᠷᠧᠯ ᠤᠨ ᠰᠡᠨᠲᠢ ᠳᠤ ᠰᠠᠭᠤᠵᠤ᠂ ᠢᠰᠷᠧᠯ ᠤᠨ ᠪᠤᠷᠬᠠᠨ ᠶᠣᠬᠣᠸᠠ ᠶᠢᠨ ᠨᠡᠷ᠎ᠡ ᠶᠢᠨ ᠲᠥᠯᠥᠭᠡ ᠥᠷᠭᠥᠭᠡ ᠪᠠᠷᠢᠭᠰᠠᠨ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠣᠯ᠎ᠠ᠃ 11 ᠶᠣᠬᠣᠸᠠ ᠶᠢᠨ ᠠᠷᠠᠳ ᠲᠦᠮᠡᠨ ᠢᠰᠷᠧᠯ ᠲᠠᠢ ᠪᠠᠨ ᠪᠠᠢᠭᠤᠯᠤᠭᠰᠠᠨ ᠭᠡᠷ᠎ᠡ ᠶᠢ ᠠᠭᠤᠯᠤᠭᠰᠠᠨ ᠠᠪᠳᠠᠷ᠎ᠠ ᠶᠢ ᠪᠢ ᠡ᠊ᠨᠳᠡ ᠵᠠᠯᠠᠯ᠎ᠠ》 ᠭᠡᠪᠡ᠃
 ᠰᠣᠯᠣᠮᠣᠨ ᠤ ᠳᠠᠭᠠᠳᠬᠠᠯ

12 ᠰᠣᠯᠣᠮᠣᠨ ᠶᠣᠬᠣᠸᠠ ᠶᠢᠨ ᠲᠠᠬᠢᠯ ᠤᠨ ᠰᠢᠷᠡᠭᠡᠨ ᠦ ᠡᠮᠦᠨ᠎ᠡ ᠢᠰᠷᠧᠯ ᠤᠨ ᠨᠡᠢᠲᠡ ᠴᠢᠭᠤᠯᠭᠠᠨ ᠤᠷᠤᠭᠤ ᠬᠠᠷᠠᠵᠤ ᠵᠣᠭᠰᠣᠭᠠᠳ᠂ ᠭᠠᠷ ᠢᠶᠠᠨ ᠡᠷᠭᠦᠪᠡ᠃ 13 ᠰᠣᠯᠣᠮᠣᠨ ᠲᠠᠪᠤᠨ ᠲᠣᠬᠣᠢ ᠤᠷᠲᠤ᠂ ᠲᠠᠪᠤᠨ ᠲᠣᠬᠣᠢ ᠥᠷᠭᠡᠨ᠂ ᠭᠤᠷᠪᠠᠨ ᠲᠣᠬᠣᠢ ᠥᠨᠳᠥᠷ ᠬᠦᠷᠡᠯ ᠲᠠᠪᠴᠠᠩ ᠬᠢᠵᠦ᠂ ᠬᠦᠷᠢᠶᠡᠨ ᠦ ᠭᠣᠣᠯ ᠳᠤ ᠪᠠᠢᠷᠢᠯᠠᠭᠤᠯᠤᠭᠰᠠᠨ ᠪᠠᠢᠵᠠᠢ᠃ ᠲᠡᠷᠡ ᠲᠠᠪᠴᠠᠩ ᠳᠡᠭᠡᠷ᠎ᠡ ᠭᠠᠷᠴᠤ᠂ ᠢᠰᠷᠧᠯ ᠤᠨ ᠨᠡᠢᠲᠡ ᠴᠢᠭᠤᠯᠭᠠᠨ ᠤ ᠡᠮᠦᠨ᠎ᠡ ᠡᠪᠦᠳᠦᠭ ᠰᠥᠭᠥᠳᠥᠭᠡᠳ ᠲᠩᠷᠢ ᠥᠭᠡᠳᠡ ᠭᠠᠷ ᠢᠶᠠᠨ ᠡᠷᠭᠦᠵᠦ᠂ 14 《ᠢᠰᠷᠧᠯ ᠤᠨ ᠪᠤᠷᠬᠠᠨ ᠶᠣᠬᠣᠸᠠ︕ ᠲᠩᠷᠢ ᠳᠡᠭᠡᠷ᠎ᠡ ᠴᠤ ᠭᠠᠵᠠᠷ ᠳᠡᠭᠡᠷ᠎ᠡ ᠴᠤ ᠥᠭᠡᠷ᠎ᠡ ᠪᠤᠷᠬᠠᠨ ᠭᠡᠵᠦ ᠦᠭᠡᠢ᠃ ᠪᠦᠬᠦ ᠵᠢᠷᠦᠬᠡ ᠪᠡᠷ ᠢᠶᠠᠨ ᠲᠠᠨ ᠤ ᠡᠮᠦᠨ᠎ᠡ ᠶᠠᠪᠤᠳᠠᠭ ᠵᠠᠷᠤᠴᠠ ᠨᠠᠷ ᠲᠠᠭᠠᠨ ᠬᠠᠢᠷ᠎ᠠ ᠶᠢᠨ ᠭᠡᠷ᠎ᠡ ᠪᠡᠨ ᠰᠠᠬᠢᠳᠠᠭ ᠲᠠᠨ ᠰᠢᠭ᠋ ᠨᠢᠭᠡᠨ ᠨᠢ ᠦᠭᠡᠢ᠃ 15 ᠲᠠ ᠥᠪᠡᠷ ᠦᠨ ᠢᠶᠠᠨ ᠵᠠᠷᠤᠴᠠ ᠮᠢᠨᠦ ᠡᠴᠢᠭᠡ ᠳ᠋ᠠᠸᠢᠳ᠋ ᠲᠤ ᠠᠢᠯᠠᠳᠤᠭᠰᠠᠨ ᠢᠶᠠᠨ ᠰᠠᠬᠢᠭᠰᠠᠨ᠃ ᠠᠮᠠ ᠪᠠᠷ ᠢᠶᠠᠨ ᠠᠢᠯᠠᠳᠤᠭᠰᠠᠨ ᠢᠶᠠᠨ ᠥᠨᠥᠳᠥᠷ ᠥᠪᠡᠷ ᠦᠨ ᠢᠶᠠᠨ ᠮᠤᠲᠤᠷ ᠢᠶᠠᠷ ᠪᠡᠶᠡᠯᠡᠭᠦᠯᠦᠭᠰᠡᠨ᠃ 16 ᠲᠡᠢᠮᠦ ᠡᠴᠡ ᠢᠰᠷᠧᠯ ᠤᠨ ᠪᠤᠷᠬᠠᠨ ᠶᠣᠬᠣᠸᠠ ᠮᠢᠨᠢ᠂ ᠲᠠ ᠥᠪᠡᠷ ᠦᠨ ᠢᠶᠠᠨ ᠵᠠᠷᠤᠴᠠ᠂ ᠮᠢᠨᠦ ᠡᠴᠢᠭᠡ ᠳ᠋ᠠᠸᠢᠳ᠋ ᠲᠤ᠄ 〈ᠬᠡᠷᠪᠡ ᠴᠢᠨᠦ ᠦᠷ᠎ᠡ ᠤᠳᠤᠮ ᠮᠢᠨᠦ ᠡᠮᠦᠨ᠎ᠡ ᠶᠠᠪᠤᠭᠰᠠᠨ ᠴᠢᠮ᠎ᠠ ᠲᠠᠢ ᠠᠳᠠᠯᠢ ᠮᠢᠨᠦ ᠬᠠᠤᠯᠢ ᠶᠢ ᠳᠠᠭᠠᠵᠤ ᠮᠢᠨᠦ ᠡᠮᠦᠨ᠎ᠡ ᠶᠠᠪᠤᠬᠤ ᠵᠠᠮ ᠢᠶᠠᠨ ᠠᠩ᠋ᠬᠠᠷᠪᠠᠯ᠂ ᠮᠢᠨᠦ ᠡᠮᠦᠨ᠎ᠡ ᠢᠰᠷᠧᠯ ᠤᠨ ᠰᠡᠨᠲᠢ ᠳᠤ ᠰᠠᠭᠤᠬᠤ ᠬᠥᠮᠦᠨ ᠴᠢᠮ᠎ᠠ ᠠᠴᠠ ᠲᠠᠰᠤᠷᠠᠬᠤ ᠦᠭᠡᠢ〉 ᠭᠡᠵᠦ ᠠᠢᠯᠠᠳᠤᠭᠰᠠᠨ ᠦᠭᠡ ᠪᠡᠨ ᠪᠡᠶᠡᠯᠡᠭᠦᠯᠦᠭᠡᠴᠢ᠂ 17 ᠢᠰᠷᠧᠯ ᠤᠨ ᠪᠤᠷᠬᠠᠨ ᠶᠣᠬᠣᠸᠠ ᠮᠢᠨᠢ ᠡ᠂ ᠥᠪᠡᠷ ᠦᠨ ᠢᠶᠠᠨ ᠵᠠᠷᠤᠴᠠ ᠳ᠋ᠠᠸᠢᠳ᠋ ᠲᠤ ᠠᠢᠯᠠᠳᠤᠭᠰᠠᠨ ᠦᠭᠡ ᠪᠡᠨ ᠣᠳᠣ ᠪᠠᠲᠤᠳᠬᠠᠵᠤ ᠬᠠᠢᠷᠠᠯᠠᠨ᠎ᠠ ᠤᠤ︖

18 ᠭᠡᠬᠦ ᠳᠡᠭᠡᠨ ᠪᠤᠷᠬᠠᠨ ᠨᠡᠭᠡᠷᠡᠨ ᠭᠠᠵᠠᠷ ᠳᠡᠭᠡᠷ᠎ᠡ ᠬᠥᠮᠦᠨ ᠲᠡᠢ ᠬᠠᠮᠲᠤ ᠣᠷᠣᠰᠢᠨ᠎ᠠ ᠭᠡᠵᠢ ᠤᠤ︖ ᠬᠠᠷᠠᠭᠠᠴᠢ᠂ ᠲᠩᠷᠢ ᠴᠤ᠂ ᠲᠩᠷᠢ ᠨᠦᠭᠦᠳ ᠦᠨ ᠲᠩᠷᠢ ᠴᠤ ᠲᠠᠨ ᠢ ᠪᠠᠭᠲᠠᠭᠠᠵᠤ ᠴᠢᠳᠠᠬᠤ ᠦᠭᠡᠢ ᠠᠲᠠᠯ᠎ᠠ ᠮᠢᠨᠦ ᠪᠠᠢᠭᠤᠯᠤᠭᠰᠠᠨ ᠡᠨᠡ ᠥᠷᠭᠥᠭᠡ ᠬᠡᠷᠬᠢᠨ ᠴᠢᠳᠠᠬᠤ ᠪᠢᠯᠡ︖ 19 ᠭᠡᠪᠡᠴᠦ ᠮᠢᠨᠦ ᠪᠤᠷᠬᠠᠨ ᠶᠣᠬᠣᠸᠠ ᠡ᠂ ᠵᠠᠷᠤᠴᠠ ᠶᠢᠨ ᠢᠶᠠᠨ ᠳᠠᠭᠠᠳᠬᠠᠯ ᠪᠠ ᠭᠤᠶᠤᠯᠲᠠ ᠶᠢ ᠪᠣᠯᠭᠣᠭᠠᠨ᠎ᠠ ᠤᠤ︖ ᠲᠠᠨ ᠤ ᠡᠮᠦᠨ᠎ᠡ ᠬᠠᠰᠬᠢᠷᠴᠤ ᠪᠤᠢ ᠵᠠᠷᠤᠴᠠ ᠶᠢᠨ ᠢᠶᠠᠨ ᠳᠠᠭᠠᠳᠬᠠᠯ ᠢ ᠰᠣᠨᠣᠰᠣᠭᠠᠴᠢ᠃ 20 ᠲᠠᠨ ᠤ ᠮᠡᠯᠮᠡᠢ ᠡᠨᠡ ᠥᠷᠭᠥᠭᠡ ᠤᠷᠤᠭᠤ᠂ 〈ᠪᠢ ᠨᠡᠷ᠎ᠡ ᠪᠡᠨ ᠲᠡᠨᠳᠡ ᠪᠠᠢᠯᠭᠠᠨ᠎ᠠ〉 ᠭᠡᠵᠦ ᠲᠠᠨ ᠤ ᠠᠢᠯᠠᠳᠤᠭᠰᠠᠨ ᠡᠨᠡ ᠭᠠᠵᠠᠷ ᠤᠷᠤᠭᠤ ᠬᠠᠨᠳᠤᠨ ᠲᠤᠰᠴᠤ᠂ ᠵᠠᠷᠤᠴᠠ ᠶᠢᠨ ᠢᠶᠠᠨ ᠡᠨᠡ ᠭᠠᠵᠠᠷ ᠤᠷᠤᠭᠤ ᠬᠠᠨᠳᠤᠨ ᠡᠷᠭᠦᠬᠦ ᠳᠠᠭᠠᠳᠬᠠᠯ ᠢ ᠲᠠ ᠰᠣᠨᠣᠰᠬᠤ ᠴᠤ ᠪᠣᠯᠣᠭᠠᠰᠠᠢ᠃ 21 ᠲᠠᠨ ᠤ ᠵᠠᠷᠤᠴᠠ ᠪᠣᠯᠣᠨ ᠲᠠᠨ ᠤ ᠠᠷᠠᠳ ᠲᠦᠮᠡᠨ ᠢᠰᠷᠧᠯ ᠡᠨᠡ ᠭᠠᠵᠠᠷ ᠤᠷᠤᠭᠤ ᠬᠠᠨᠳᠤᠨ ᠳᠠᠭᠠᠳᠬᠠᠬᠤ ᠳᠤ᠂ ᠲᠠ ᠲᠡᠷᠡ ᠭᠤᠶᠤᠯᠲᠠ ᠶᠢ ᠰᠣᠨᠣᠰᠬᠤ ᠪᠣᠯᠣᠨ᠎ᠠ᠃ ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠰᠣᠨᠣᠰᠬᠤ ᠳᠠᠭᠠᠨ ᠰᠣᠨᠣᠰᠣᠭᠰᠠᠨ ᠶᠣᠰᠣᠭᠠᠷ ᠢᠶᠠᠨ ᠥᠷᠥᠰᠢᠶᠡᠨ ᠰᠣᠶᠣᠷᠬᠠᠭᠠᠴᠢ᠃ 22 ᠬᠡᠷᠪᠡ ᠬᠥᠮᠦᠨ ᠬᠥᠷᠰᠢ ᠳᠡᠭᠡᠨ ᠨᠢᠭᠦᠯ ᠦᠢᠯᠡᠳᠦᠭᠰᠡᠨ ᠬᠡᠷᠡᠭ ᠢᠶᠡᠷ ᠲᠠᠩ᠋ᠭᠠᠷᠢᠭ ᠬᠢᠬᠦ ᠶᠣᠰᠣᠲᠠᠢ ᠪᠣᠯᠵᠤ ᠡᠨᠡ ᠥᠷᠭᠥᠭᠡᠨ ᠳᠦ ᠢᠷᠡᠭᠡᠳ ᠲᠠᠨ ᠤ ᠰᠢᠷᠡᠭᠡᠨ ᠦ ᠡᠮᠦᠨ᠎ᠡ ᠲᠠᠩ᠋ᠭᠠᠷᠢᠭᠯᠠᠪᠠᠯ᠂ 23 ᠲᠠ ᠲᠩᠷᠢ ᠡᠴᠡ ᠰᠣᠨᠣᠰᠣᠭᠠᠳ ᠬᠥᠳᠡᠯᠦᠭᠡᠴᠢ᠂ ᠵᠠᠷᠤᠴᠠ ᠨᠠᠷ ᠢᠶᠠᠨ ᠰᠢᠭᠦᠭᠡᠴᠢ᠂ ᠪᠤᠷᠤᠭᠤᠲᠠᠨ ᠳᠤ ᠦᠢᠯᠡᠳᠦᠭᠰᠡᠨ ᠶᠣᠰᠣᠭᠠᠷ ᠨᠢ ᠬᠠᠷᠢᠭᠤ ᠶᠢ ᠨᠢ ᠥᠭᠴᠦ᠂ ᠲᠣᠯᠣᠭᠠᠢ ᠳᠡᠭᠡᠷ᠎ᠡ ᠨᠢ ᠪᠤᠴᠠᠭᠠᠭᠠᠴᠢ᠂ ᠵᠥᠪᠲᠦ ᠬᠥᠮᠦᠨ ᠢ ᠵᠥᠪᠲᠥᠭᠡᠨ ᠵᠥᠪ ᠦᠨ ᠬᠢᠨᠢ ᠶᠣᠰᠣᠭᠠᠷ ᠬᠠᠷᠢᠭᠤᠯᠤᠭᠠᠴᠢ᠃

24 ᠬᠡᠷᠪᠡ ᠲᠠᠨ ᠤ ᠠᠷᠠᠳ ᠲᠦᠮᠡᠨ ᠢᠰᠷᠧᠯ ᠲᠠᠨ ᠳᠤ ᠨᠢᠭᠦᠯ ᠦᠢᠯᠡᠳᠦᠭᠰᠡᠨ ᠡᠴᠡ ᠪᠡᠨ ᠪᠣᠯᠵᠤ᠂ ᠳᠠᠢᠰᠤᠨ ᠳᠠᠭᠠᠨ ᠴᠣᠬᠢᠭᠳᠠᠭᠰᠠᠨ ᠦᠶ᠎ᠡ ᠳᠡᠭᠡᠨ ᠡᠷᠭᠢᠭᠡᠳ ᠡᠨᠡ ᠥᠷᠭᠥᠭᠡᠨ ᠳᠦ ᠲᠠᠨ ᠤ ᠨᠡᠷ᠎ᠡ ᠶᠢ ᠮᠠᠭᠲᠠᠵᠤ᠂ ᠲᠠᠨ ᠤ ᠡᠮᠦᠨ᠎ᠡ ᠳᠠᠭᠠᠳᠬᠠᠨ ᠭᠤᠶᠤᠪᠠᠯ᠂ 25 ᠲᠠ ᠲᠩᠷᠢ ᠡᠴᠡ ᠰᠣᠨᠣᠰᠴᠤ ᠠᠷᠠᠳ ᠲᠦᠮᠡᠨ ᠢᠰᠷᠧᠯ ᠤᠨ ᠢᠶᠠᠨ ᠨᠢᠭᠦᠯ ᠢ ᠠᠭᠤᠴᠢᠯᠠᠵᠤ᠂ ᠲᠡᠳᠡᠨ ᠳᠦ ᠪᠣᠯᠣᠨ ᠡᠴᠢᠭᠡ ᠡᠪᠦᠭᠡᠳ ᠲᠤᠨᠢ ᠰᠣᠶᠣᠷᠬᠠᠭᠰᠠᠨ ᠨᠤᠲᠤᠭ ᠤᠷᠤᠭᠤ ᠪᠠᠨ ᠲᠡᠳᠡᠨ ᠢ ᠪᠤᠴᠠᠭᠠᠭᠠᠴᠢ᠃

26 ᠬᠡᠷᠪᠡ ᠲᠡᠳᠡ ᠲᠠᠨ ᠳᠤ ᠨᠢᠭᠦᠯ ᠦᠢᠯᠡᠳᠦᠭᠰᠡᠨ ᠡᠴᠡ ᠪᠣᠯᠵᠤ ᠲᠩᠷᠢ ᠬᠠᠭᠠᠭᠳᠠᠵᠤ᠂ ᠬᠤᠷ᠎ᠠ ᠪᠣᠷᠣᠭ᠎ᠠ ᠦᠭᠡᠢ ᠪᠣᠯᠬᠤ ᠳᠤ᠂ ᠲᠡᠳᠡ ᠡᠨᠡ ᠭᠠᠵᠠᠷ ᠤᠷᠤᠭᠤ ᠬᠠᠨᠳᠤᠨ ᠳᠠᠭᠠᠳᠬᠠᠵᠤ᠂ ᠲᠠᠨ ᠤ ᠨᠡᠷ᠎ᠡ ᠶᠢ ᠮᠠᠭᠲᠠᠪᠠᠯ᠂ ᠲᠠ ᠲᠡᠳᠡᠨ ᠢ ᠰᠢᠳᠬᠡᠬᠦ ᠳᠦ ᠲᠡᠳᠡ ᠨᠢᠭᠦᠯ ᠡᠴᠡ ᠪᠡᠨ ᠡᠷᠭᠢᠪᠡᠯ᠂ 27 ᠲᠠ ᠲᠩᠷᠢ ᠡᠴᠡ ᠰᠣᠨᠣᠰᠣᠭᠠᠳ ᠥᠪᠡᠷ ᠦᠨ ᠢᠶᠠᠨ ᠵᠠᠷᠤᠴᠠ ᠨᠠᠷ ᠪᠣᠯᠣᠨ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠨᠢᠭᠦᠯ ᠢ ᠠᠭᠤᠴᠢᠯᠠᠭᠠᠴᠢ᠃ ᠲᠠ ᠲᠡᠳᠡᠨ ᠳᠦ ᠠᠮᠢᠳᠤᠷᠠᠯ ᠤᠨ ᠵᠥᠪ ᠵᠠᠮ ᠢ ᠵᠢᠭᠠᠵᠤ᠂ ᠠᠷᠠᠳ ᠲᠦᠮᠡᠨ ᠳᠡᠭᠡᠨ ᠥᠪ ᠪᠣᠯᠭᠠᠨ ᠰᠣᠶᠣᠷᠬᠠᠭᠰᠠᠨ ᠭᠠᠵᠠᠷ ᠲᠠᠭᠠᠨ ᠬᠤᠷ᠎ᠠ ᠪᠣᠷᠣᠭ᠎ᠠ ᠣᠷᠣᠭᠤᠯᠤᠨ᠎ᠠ ᠤᠤ︖

28 ᠬᠡᠷᠪᠡ ᠡᠨᠡ ᠭᠠᠵᠠᠷ ᠳᠡᠭᠡᠷ᠎ᠡ ᠥᠯᠥᠰᠬᠥᠯᠡᠩ ᠪᠤᠶᠤ ᠲᠠᠬᠤᠯ᠂ ᠲᠠᠷᠢᠶᠠᠨ ᠤ ᠬᠣᠷᠣᠬᠠᠢ ᠪᠤᠶᠤ ᠬᠥᠭᠡᠴᠦ᠂ ᠴᠠᠷᠴᠠᠬᠠᠢ ᠪᠤᠶᠤ ᠲᠥᠭᠡᠯᠡᠭᠦᠷ ᠦᠨ ᠭᠠᠮᠰᠢᠭ ᠲᠣᠬᠢᠶᠠᠯᠳᠤᠬᠤ ᠦᠶ᠎ᠡ ᠳᠦ᠂ ᠡᠰᠡᠪᠡᠯ ᠳᠠᠢᠰᠤᠨ ᠨᠤᠭᠤᠳ ᠨᠢ ᠡᠨᠡ ᠨᠤᠲᠤᠭ ᠲᠤ ᠣᠷᠣᠵᠤ ᠬᠣᠲᠠ ᠶᠢ ᠨᠢ ᠪᠦᠰᠡᠯᠡᠬᠦ ᠪᠤᠶᠤ ᠶᠠᠮᠠᠷ ᠨᠢᠭᠡ ᠡᠪᠡᠳᠴᠢᠨ᠂ ᠭᠠᠮᠰᠢᠭ ᠲᠣᠬᠢᠶᠠᠯᠳᠤᠬᠤ ᠦᠶ᠎ᠡ ᠳᠦ᠂ 29 ᠲᠠᠨ ᠤ ᠠᠷᠠᠳ ᠲᠦᠮᠡᠨ ᠢᠰᠷᠧᠯ ᠤᠨ ᠬᠥᠮᠦᠨ ᠪᠦᠷᠢ ᠭᠠᠮᠰᠢᠭ ᠵᠣᠪᠠᠯᠠᠩ ᠢ ᠤᠬᠠᠭᠠᠷᠠᠵᠤ᠂ ᠪᠦᠬᠦ ᠬᠥᠮᠦᠨ ᠪᠤᠶᠤ ᠠᠯᠢ ᠨᠢᠭᠡ ᠬᠥᠮᠦᠨ ᠶᠠᠮᠠᠷ ᠨᠢᠭᠡ ᠳᠠᠭᠠᠳᠬᠠᠯ ᠪᠤᠶᠤ ᠭᠤᠶᠤᠯᠲᠠ ᠡᠷᠭᠦᠪᠡᠯ᠂ 30 ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠰᠣᠨᠣᠰᠣᠭᠠᠳ ᠠᠭᠤᠴᠢᠯᠠᠭᠠᠴᠢ᠂ ᠲᠠ ᠬᠥᠮᠦᠨ ᠪᠦᠷᠢ ᠶᠢᠨ ᠰᠡᠳᠬᠢᠯ ᠢ ᠮᠡᠳᠡᠳᠡᠭ ᠲᠤᠯᠠ ᠬᠥᠮᠦᠨ ᠪᠦᠷᠢ ᠳᠤ ᠦᠢᠯᠡᠳᠦᠭᠰᠡᠨ ᠶᠣᠰᠣᠭᠠᠷ ᠨᠢ ᠬᠠᠷᠢᠭᠤᠯᠤᠭᠠᠴᠢ (ᠭᠠᠭᠴᠠ ᠲᠠ ᠯᠠ ᠬᠥᠮᠦᠨ ᠦ ᠰᠡᠳᠬᠢᠯ ᠢ ᠮᠡᠳᠡᠳᠡᠭ ᠶᠤᠮ)᠃ 31 ᠲᠡᠭᠡᠪᠡᠯ ᠲᠡᠳᠡ ᠲᠠᠨ ᠤ ᠡᠴᠢᠭᠡ ᠡᠪᠦᠭᠡᠳ ᠲᠦ ᠮᠠᠨᠢ ᠰᠣᠶᠣᠷᠬᠠᠭᠰᠠᠨ ᠡᠨᠡ ᠭᠠᠵᠠᠷ ᠲᠤ ᠠᠮᠢᠳᠤᠷᠠᠬᠤ ᠪᠦᠬᠦ ᠬᠤᠭᠤᠴᠠᠭᠠᠨ ᠳᠠᠭᠠᠨ ᠲᠠᠨ ᠠᠴᠠ ᠡᠮᠢᠶᠡᠵᠦ ᠲᠠᠨ ᠤ ᠵᠠᠮ ᠢᠶᠠᠷ ᠶᠠᠪᠤᠬᠤ ᠪᠣᠯᠣᠨ᠎ᠠ᠃

32 ᠬᠡᠷᠪᠡ ᠲᠠᠨ ᠤ ᠢᠰᠷᠧᠯ ᠠᠷᠠᠳ ᠲᠦᠮᠡᠨ ᠪᠤᠰᠤ ᠬᠠᠷᠢ ᠬᠥᠮᠦᠨ ᠴᠤ ᠲᠠᠨ ᠤ ᠠᠭᠤᠤ ᠨᠡᠷ᠎ᠡ᠂ ᠲᠠᠨ ᠤ ᠬᠦᠴᠦᠲᠦ ᠭᠠᠷ᠂ ᠲᠠᠨ ᠤ ᠰᠤᠩ᠋ᠭᠠᠭᠰᠠᠨ ᠮᠤᠲᠤᠷ ᠤᠨ ᠤᠯᠠᠮ ᠢᠶᠠᠷ ᠬᠣᠯᠠ ᠭᠠᠵᠠᠷ ᠠᠴᠠ ᠢᠷᠡᠵᠦ᠂ ᠡᠨᠡ ᠥᠷᠭᠥᠭᠡ ᠤᠷᠤᠭᠤ ᠬᠠᠨᠳᠤᠨ ᠳᠠᠭᠠᠳᠬᠠᠪᠠᠯ᠂ 33 ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠰᠣᠨᠣᠰᠣᠭᠠᠳ ᠲᠡᠷᠡ ᠬᠠᠷᠢ ᠬᠥᠮᠦᠨ ᠦ ᠲᠠᠨ ᠠᠴᠠ ᠭᠤᠶᠤᠬᠤ ᠪᠦᠬᠦᠨ ᠢ ᠪᠡᠶᠡᠯᠡᠭᠦᠯᠵᠦ ᠥᠭᠭᠥᠨ᠎ᠡ ᠤᠤ︖ ᠲᠡᠢᠨ ᠬᠦ ᠭᠠᠵᠠᠷ ᠳᠡᠭᠡᠷᠡᠬᠢ ᠬᠠᠮᠤᠭ ᠦᠨᠳᠦᠰᠦᠲᠡᠨ ᠲᠠᠨ ᠤ ᠨᠡᠷ᠎ᠡ ᠶᠢ ᠮᠡᠳᠡᠵᠦ᠂ ᠲᠠᠨ ᠤ ᠠᠷᠠᠳ ᠲᠦᠮᠡᠨ ᠢᠰᠷᠧᠯ ᠲᠠᠢ ᠠᠳᠠᠯᠢ ᠲᠠᠨ ᠠᠴᠠ ᠡᠮᠢᠶᠡᠨ᠂ ᠮᠢᠨᠦ ᠪᠠᠷᠢᠭᠰᠠᠨ ᠡᠨᠡ ᠥᠷᠭᠥᠭᠡ ᠪᠣᠯ ᠲᠠᠨ ᠤ ᠨᠡᠷ᠎ᠡ ᠪᠡᠷ ᠳᠠᠭᠤᠳᠠᠭᠳᠠᠳᠠᠭ ᠭᠡᠳᠡᠭ ᠢ ᠮᠡᠳᠡᠬᠦ ᠪᠣᠯᠲᠤᠭᠠᠢ᠃

34 ᠬᠡᠷᠪᠡ ᠲᠠᠨ ᠤ ᠠᠷᠠᠳ ᠲᠦᠮᠡᠨ ᠳᠠᠢᠰᠤᠨ ᠨᠤᠭᠤᠳ ᠲᠠᠢ ᠪᠠᠨ ᠲᠤᠯᠤᠯᠳᠤᠬᠤ ᠪᠠᠷ ᠭᠠᠷᠴᠤ᠂ ᠲᠠᠨ ᠤ ᠶᠠᠪᠤᠭᠤᠯᠤᠭᠰᠠᠨ ᠶᠠᠮᠠᠷ ᠨᠢᠭᠡ ᠭᠠᠵᠠᠷ ᠲᠤ᠂ ᠲᠠᠨ ᠤ ᠰᠢᠯᠢᠵᠦ ᠠᠪᠤᠭᠰᠠᠨ ᠡᠨᠡ ᠬᠣᠲᠠ ᠬᠢᠭᠡᠳ ᠲᠠᠨ ᠤ ᠨᠡᠷ᠎ᠡ ᠶᠢᠨ ᠲᠥᠯᠥᠭᠡ ᠮᠢᠨᠦ ᠪᠠᠷᠢᠭᠰᠠᠨ ᠡᠨᠡ ᠥᠷᠭᠥᠭᠡ ᠤᠷᠤᠭᠤ ᠬᠠᠨᠳᠤᠨ ᠲᠡᠨᠳᠡ ᠡᠴᠡ ᠲᠠᠨ ᠳᠤ ᠳᠠᠭᠠᠳᠬᠠᠪᠠᠯ᠂ 35 ᠲᠠ ᠲᠩᠷᠢ ᠡᠴᠡ ᠲᠡᠳᠡᠨ ᠦ ᠳᠠᠭᠠᠳᠬᠠᠯ ᠪᠣᠯᠣᠨ ᠭᠤᠶᠤᠯᠲᠠ ᠶᠢ ᠰᠣᠨᠣᠰᠣᠭᠠᠳ ᠲᠡᠳᠡᠨ ᠳᠦ ᠭᠣᠣᠯᠴᠢ ᠬᠠᠷᠢᠭᠤ ᠥᠭᠭᠥᠭᠡᠴᠢ᠃

36 ᠨᠢᠭᠦᠯ ᠦᠢᠯᠡᠳᠬᠦ ᠦᠭᠡᠢ ᠬᠥᠮᠦᠨ ᠭᠡᠵᠦ ᠦᠭᠡᠢ᠃ ᠲᠡᠳᠡ ᠲᠠᠨ ᠳᠤ ᠨᠢᠭᠦᠯ ᠦᠢᠯᠡᠳᠦᠭᠰᠡᠨ ᠢᠶᠡᠷ ᠲᠠ ᠬᠢᠯᠢᠩᠨᠡᠨ ᠲᠡᠳᠡᠨ ᠢ ᠳᠠᠢᠰᠤᠨ ᠳᠤᠨᠢ ᠲᠤᠰᠢᠶᠠᠵᠤ᠂ ᠳᠠᠢᠰᠤᠨ ᠲᠡᠳᠡᠨ ᠢ ᠣᠯᠵᠠᠯᠠᠨ ᠬᠣᠯᠠ ᠣᠢᠷ᠎ᠠ ᠶᠢᠨ ᠨᠢᠭᠡ ᠨᠤᠲᠤᠭ ᠲᠤ ᠠᠪᠠᠴᠢᠬᠤ ᠦᠶ᠎ᠡ ᠳᠦ᠂ 37 ᠬᠡᠷᠪᠡ ᠲᠡᠳᠡ ᠤᠤᠯᠭᠠᠯᠠᠭᠳᠠᠨ ᠠᠪᠠᠴᠢᠭᠳᠠᠭᠰᠠᠨ ᠨᠤᠲᠤᠭ ᠲᠠᠭᠠᠨ ᠰᠠᠨᠠᠭ᠎ᠠ ᠪᠠᠨ ᠥᠭᠡᠷᠡᠴᠢᠯᠡᠨ᠂ ᠣᠯᠵᠠᠯᠠᠭᠳᠠᠨ ᠣᠴᠢᠭᠰᠠᠨ ᠲᠡᠷᠡ ᠨᠤᠲᠤᠭ ᠲᠤ ᠲᠠᠨ ᠤ ᠲᠠᠭᠠᠯᠠᠯ ᠢ ᠭᠤᠶᠤᠵᠤ 〈ᠪᠢᠳᠡ ᠨᠢᠭᠦᠯ ᠦᠢᠯᠡᠳᠴᠡᠢ᠂ ᠪᠢᠳᠡ ᠪᠤᠷᠤᠭᠤ ᠲᠠᠢ᠂ ᠭᠡᠮ ᠲᠡᠢ〉 ᠭᠡᠳ᠂ 38 ᠮᠥᠨ ᠣᠯᠵᠠᠯᠠᠭᠳᠠᠨ ᠣᠴᠢᠭᠰᠠᠨ᠂ ᠳᠠᠢᠰᠤᠨ ᠨᠤᠭᠤᠳ ᠤᠨ ᠨᠤᠲᠤᠭ ᠲᠤ ᠪᠦᠬᠦ ᠵᠢᠷᠦᠬᠡ ᠪᠦᠬᠦ ᠰᠡᠳᠬᠢᠯ ᠢᠶᠠᠷ ᠢᠶᠠᠨ ᠲᠠᠨ ᠤᠷᠤᠭᠤ ᠡᠷᠭᠢᠵᠦ᠂ ᠲᠠᠨ ᠤ ᠡᠴᠢᠭᠡ ᠡᠪᠦᠭᠡᠳ ᠲᠤᠨᠢ ᠰᠣᠶᠣᠷᠬᠠᠭᠰᠠᠨ ᠨᠤᠲᠤᠭ᠂ ᠲᠠᠨ ᠤ ᠰᠣᠩ᠋ᠭᠣᠭᠰᠠᠨ ᠬᠣᠲᠠ᠂ ᠮᠢᠨᠦ ᠲᠠᠨ ᠤ ᠨᠡᠷ᠎ᠡ ᠳᠦ ᠵᠣᠷᠢᠭᠤᠯᠵᠤ ᠪᠠᠢᠭᠤᠯᠤᠭᠰᠠᠨ ᠡᠨᠡ ᠥᠷᠭᠥᠭᠡ ᠤᠷᠤᠭᠤ ᠬᠠᠨᠳᠤᠨ ᠳᠠᠭᠠᠳᠬᠠᠪᠠᠯ᠂ 39 ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠲᠡᠳᠡᠨ ᠦ ᠳᠠᠭᠠᠳᠬᠠᠯ ᠪᠠ ᠭᠤᠶᠤᠯᠲᠠ ᠶᠢ ᠰᠣᠨᠣᠰᠣᠭᠠᠳ ᠭᠣᠣᠯᠴᠢ ᠬᠠᠷᠢᠭᠤ ᠥᠭᠭᠥᠭᠡᠴᠢ᠃ ᠲᠠᠨ ᠳᠤ ᠨᠢᠭᠦᠯ ᠦᠢᠯᠡᠳᠦᠭᠰᠡᠨ ᠠᠷᠠᠳ ᠲᠦᠮᠡᠨ ᠢᠶᠡᠨ ᠥᠷᠥᠰᠢᠶᠡᠨ᠎ᠡ ᠤᠤ︖ 40 ᠥ᠂ ᠪᠤᠷᠬᠠᠨ ᠮᠢᠨᠢ᠂ ᠡᠨᠡ ᠭᠠᠵᠠᠷ ᠲᠤ ᠡᠷᠭᠦᠬᠦ ᠳᠠᠭᠠᠳᠬᠠᠯ ᠳᠤ ᠲᠠᠨ ᠤ ᠮᠡᠯᠮᠡᠢ ᠲᠤᠩ᠋ᠭᠠᠯᠠᠭ᠂ ᠲᠠᠨ ᠤ ᠴᠢᠬᠢ ᠰᠣᠨᠣᠷ ᠪᠠᠢᠬᠤ ᠪᠣᠯᠲᠤᠭᠠᠢ᠃
41 ᠶᠣᠬᠣᠸᠠ ᠪᠤᠷᠬᠠᠨ ᠮᠢᠨᠢ᠂ ᠲᠠ ᠣᠳᠣ ᠪᠣᠰᠣᠭᠠᠳ ᠬᠦᠴᠦ ᠴᠢᠳᠠᠯ ᠤᠨ ᠠᠪᠳᠠᠷ᠎ᠠ ᠲᠠᠢ ᠪᠠᠨ ᠬᠠᠮᠲᠤ ᠠᠮᠠᠷᠠᠬᠤ ᠭᠠᠵᠠᠷ ᠲᠠᠭᠠᠨ ᠥᠪᠡᠷ ᠢᠶᠡᠨ ᠵᠠᠯᠠᠷᠠᠨ᠎ᠠ ᠤᠤ︖ ᠶᠣᠬᠣᠸᠠ ᠪᠤᠷᠬᠠᠨ ᠮᠢᠨᠢ᠂ ᠲᠠᠬᠢᠯᠴᠢᠳ ᠢᠶᠠᠨ ᠠᠪᠤᠷᠠᠯ ᠢᠶᠠᠷ ᠬᠤᠪᠴᠠᠰᠤᠯᠠᠵᠤ ᠢᠲᠡᠭᠡᠭᠴᠢᠳ ᠢᠶᠠᠨ ᠰᠠᠢᠨ ᠰᠠᠢᠬᠠᠨ ᠢᠶᠠᠷ ᠪᠠᠶᠠᠰᠬᠠᠭᠠᠴᠢ᠃
42 ᠶᠣᠬᠣᠸᠠ ᠪᠤᠷᠬᠠᠨ ᠮᠢᠨᠢ᠂ ᠥᠪᠡᠷ ᠦᠨ ᠲᠣᠰᠣᠯᠠᠭᠰᠠᠨ ᠨᠢᠭᠡᠨ ᠡᠴᠡ ᠨᠢᠭᠤᠷ ᠢᠶᠠᠨ ᠪᠦᠦ ᠪᠤᠷᠤᠭᠤᠯᠠᠭᠠᠴᠢ ᠥᠪᠡᠷ ᠦᠨ ᠢᠶᠠᠨ ᠵᠠᠷᠤᠴᠠ ᠳ᠋ᠠᠸᠢᠳ᠋ ᠲᠤ ᠠᠮᠠᠯᠠᠭᠰᠠᠨ ᠬᠠᠢᠷ᠎ᠠ ᠡᠨᠡᠷᠢᠯ ᠢᠶᠠᠨ ᠰᠠᠨᠠᠭᠠᠴᠢ》 ᠭᠡᠪᠡ᠃