ᠱᠠᠰᠲᠢᠷ ᠤᠨ ᠳᠡᠳ᠋ ᠶᠢᠰᠦ
ᠱᠧᠪᠠ ᠶᠢᠨ ᠬᠠᠲᠤᠨ ᠬᠠᠭᠠᠨ ᠤ ᠠᠢᠯᠴᠢᠯᠠᠯᠲᠠ
1 ᠱᠧᠪᠠ ᠶᠢᠨ ᠬᠠᠲᠤᠨ ᠬᠠᠭᠠᠨ ᠰᠣᠯᠣᠮᠣᠨ ᠤ ᠠᠯᠳᠠᠷ ᠢ ᠰᠣᠨᠣᠰᠣᠭᠠᠳ ᠲᠡᠭᠦᠨ ᠢ ᠪᠡᠷᠬᠡ ᠠᠰᠠᠭᠤᠯᠲᠠ ᠨᠤᠭᠤᠳ ᠢᠶᠠᠷ ᠭᠠᠷᠲᠠᠭᠠᠬᠤ ᠪᠠᠷ ᠶᠧᠷᠦ᠋ᠰᠠᠯᠧᠮ ᠳᠤ ᠢᠷᠡᠭᠰᠡᠨ ᠪᠠᠢᠨ᠎ᠠ᠃ ᠲᠡᠷᠡ ᠦᠯᠡᠮᠵᠢ ᠣᠯᠠᠨ ᠳᠠᠭᠠᠭᠰᠠᠳ ᠲᠠᠢ ᠪᠠᠨ ᠬᠠᠮᠲᠤ ᠠᠩᠬᠢᠯᠤᠭᠤᠨ ᠲᠣᠰᠣ᠂ ᠶᠡᠬᠡ ᠬᠡᠮᠵᠢᠶᠡᠨ ᠦ ᠠᠯᠲᠠ᠂ ᠡᠷᠳᠡᠨᠢᠰ ᠤᠨ ᠴᠢᠯᠠᠭᠤ ᠶᠢ ᠲᠡᠮᠡᠭᠡᠨ ᠳᠦ ᠠᠴᠢᠵᠤ ᠢᠷᠡᠭᠡᠳ ᠰᠣᠯᠣᠮᠣᠨ ᠲᠠᠢ ᠠᠭᠤᠯᠵᠠᠨ᠂ ᠪᠣᠳᠣᠵᠤ ᠪᠠᠢᠭᠰᠠᠨ ᠪᠦᠬᠦᠨ ᠦ ᠪᠠᠨ ᠲᠤᠬᠠᠢ ᠶᠠᠷᠢᠯᠴᠠᠵᠠᠢ᠃ 2 ᠰᠣᠯᠣᠮᠣᠨ ᠲᠡᠭᠦᠨ ᠦ ᠪᠦᠬᠦᠢᠯᠡ ᠠᠰᠠᠭᠤᠯᠲᠠ ᠳᠤ ᠬᠠᠷᠢᠭᠤᠯᠵᠤ ᠪᠠᠢᠯ᠎ᠠ᠃ ᠲᠡᠷᠡ ᠲᠡᠭᠦᠨ ᠳᠦ ᠬᠠᠷᠢᠭᠤᠯᠬᠤ ᠳᠠᠭᠠᠨ ᠶᠡᠷᠦ ᠲᠦᠭᠳᠡᠷᠡᠭᠰᠡᠨ ᠦᠭᠡᠢ᠃ 3 ᠱᠧᠪᠠ ᠶᠢᠨ ᠬᠠᠲᠤᠨ ᠬᠠᠭᠠᠨ ᠰᠣᠯᠣᠮᠣᠨ ᠤ ᠮᠡᠳᠡᠯᠭᠡ ᠤᠬᠠᠭᠠᠨ ᠢ ᠣᠢᠯᠠᠭᠠᠵᠤ᠂ ᠲᠡᠭᠦᠨ ᠦ ᠪᠠᠢᠭᠤᠯᠤᠭᠰᠠᠨ ᠣᠷᠳᠣᠨ᠂ 4 ᠰᠢᠷᠡᠭᠡᠨ ᠳᠦ ᠲᠠᠯᠪᠢᠭᠰᠠᠨ ᠵᠣᠭᠣᠭ᠂ ᠲᠦᠰᠢᠮᠡᠳ ᠦᠨ ᠬᠢᠨᠢ ᠰᠠᠭᠤᠳᠠᠯ ᠪᠠᠢᠳᠠᠯ᠂ ᠵᠠᠷᠤᠴᠠ ᠨᠠᠷ ᠤᠨ ᠬᠢᠨᠢ ᠦᠢᠯᠡᠴᠢᠯᠡᠭᠡ ᠪᠣᠯᠣᠨ ᠡᠮᠦᠰᠬᠡᠯ᠂ ᠰᠥᠩ ᠪᠠᠷᠢᠭᠴᠢᠳ ᠬᠢᠭᠡᠳ ᠶᠣᠬᠣᠸᠠ ᠶᠢᠨ ᠥᠷᠭᠥᠭᠡᠨ ᠳᠠᠬᠢ ᠰᠢᠲᠠᠭᠠᠯᠭᠠᠲᠤ ᠲᠠᠬᠢᠯ ᠢ ᠬᠠᠷᠠᠭᠠᠳ ᠮᠡᠯ ᠭᠠᠢᠬᠠᠵᠠᠢ᠃
5 ᠲᠡᠷᠡ ᠪᠡᠷ ᠬᠠᠭᠠᠨ ᠳᠤ᠄ 《ᠨᠤᠲᠤᠭ ᠲᠠᠭᠠᠨ ᠪᠠᠢᠬᠤ ᠳᠤ ᠲᠠᠨ ᠤ ᠦᠢᠯᠡᠰ ᠪᠠ ᠮᠡᠷᠭᠡᠨ ᠤᠬᠠᠭᠠᠨ ᠤ ᠲᠤᠬᠠᠢ ᠰᠣᠨᠣᠰᠣᠭᠰᠠᠨ ᠦᠭᠡ ᠮᠠᠨᠢ ᠦᠨᠡᠨ ᠪᠠᠢᠵᠠᠢ᠃ 6 ᠪᠢ ᠲᠡᠷᠡ ᠦᠭᠡ ᠶᠢ ᠢᠲᠡᠭᠡᠬᠦ ᠦᠭᠡᠢ ᠪᠠᠢᠭᠰᠠᠨ᠂ ᠬᠠᠷᠢᠨ ᠡ᠊ᠨᠳᠡ ᠢᠷᠡᠭᠡᠳ ᠨᠢᠳᠦ ᠪᠡᠷ ᠢᠶᠠᠨ ᠦᠵᠡᠬᠦ ᠳᠦ ᠮᠢᠨᠦ ᠰᠣᠨᠣᠰᠣᠭᠰᠠᠨ ᠨᠢ ᠡᠨᠡ ᠪᠦᠭᠦᠳᠡ ᠶᠢᠨ ᠬᠠᠭᠠᠰ ᠲᠤᠨᠢ ᠴᠤ ᠬᠦᠷᠬᠦ ᠦᠭᠡᠢ ᠠᠵᠢ︕ ᠲᠠᠨ ᠤ ᠶᠡᠬᠡ ᠮᠡᠷᠭᠡᠨ ᠤᠬᠠᠭᠠᠨ ᠮᠢᠨᠦ ᠳᠤᠭᠤᠯᠤᠭᠰᠠᠨ ᠠᠴᠠ ᠴᠤ ᠢᠯᠡᠭᠦᠦ ᠪᠠᠢᠨ᠎ᠠ᠃ 7 ᠲᠠᠨ ᠤ ᠡᠮᠦᠨ᠎ᠡ ᠵᠣᠭᠰᠣᠵᠤ᠂ ᠲᠠᠨ ᠤ ᠮᠡᠷᠭᠡᠨ ᠤᠬᠠᠭᠠᠨ ᠢ ᠦᠷᠭᠦᠯᠵᠢ ᠰᠣᠨᠣᠰᠴᠤ ᠪᠠᠢᠳᠠᠭ ᠲᠦᠰᠢᠮᠡᠳ ᠴᠢᠨᠢ ᠶᠠᠮᠠᠷ ᠠᠵᠠ ᠲᠠᠢ ᠪᠤᠢ︕ ᠲᠠᠨ ᠤ ᠲᠦᠰᠢᠮᠡᠳ ᠶᠠᠮᠠᠷ ᠠᠵᠠ ᠲᠠᠢ ᠪᠤᠢ︕ 8 ᠲᠠᠨ ᠤ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ︕ ᠲᠠᠨ ᠤ ᠪᠤᠷᠬᠠᠨ ᠶᠣᠬᠣᠸᠠ ᠲᠠᠨ ᠢ ᠲᠠᠭᠠᠯᠠᠨ ᠬᠠᠭᠠᠨ ᠪᠣᠯᠭᠠᠵᠤ᠂ ᠥᠪᠡᠷ ᠦᠨ ᠢᠶᠠᠨ ᠲᠥᠯᠥᠭᠡ ᠰᠡᠨᠲᠢ ᠳᠡᠭᠡᠨ ᠰᠠᠭᠤᠯᠭᠠᠭᠰᠠᠨ ᠪᠠᠢᠨ᠎ᠠ᠃ ᠲᠡᠷᠡ ᠢᠰᠷᠧᠯ ᠢ ᠬᠠᠢᠷᠠᠯᠠᠳᠠᠭ ᠲᠤᠯᠠ ᠲᠡᠭᠦᠨ ᠢ ᠮᠥᠩᠬᠡᠳᠡ ᠪᠠᠢᠯᠭᠠᠬᠤ ᠪᠠᠷ ᠲᠠᠨ ᠢ ᠲᠡᠳᠡᠨ ᠦ ᠳᠡᠭᠡᠷ᠎ᠡ ᠥᠭᠴᠦ ᠬᠠᠭᠠᠨ ᠪᠣᠯᠭᠠᠨ᠂ ᠵᠥᠪ ᠰᠢᠳᠤᠷᠭᠤ ᠶᠢ ᠦᠢᠯᠡᠳᠦᠭᠦᠯᠬᠦ ᠭᠡᠰᠡᠨ ᠪᠠᠢᠵᠠᠢ》 ᠭᠡᠵᠦ ᠬᠡᠯᠡᠪᠡ᠃ 9 ᠲᠡᠷᠡ ᠪᠡᠷ ᠬᠠᠭᠠᠨ ᠳᠤ ᠵᠠᠭᠤ ᠬᠣᠷᠢᠨ ᠲᠠᠯᠠᠨᠲ 14 ᠠᠯᠲᠠ᠂ ᠮᠠᠰᠢ ᠶᠡᠬᠡ ᠬᠡᠮᠵᠢᠶᠡᠨ ᠦ ᠠᠩᠬᠢᠯᠤᠭᠤᠨ ᠲᠣᠰᠣ ᠪᠣᠯᠣᠨ ᠡᠷᠳᠡᠨᠢ ᠶᠢᠨ ᠴᠢᠯᠠᠭᠤ ᠪᠡᠯᠡᠭᠯᠡᠪᠡ᠃ ᠰᠣᠯᠣᠮᠣᠨ ᠬᠠᠭᠠᠨ ᠱᠧᠪᠠ ᠶᠢᠨ ᠬᠠᠲᠤᠨ ᠬᠠᠭᠠᠨ ᠤ ᠪᠡᠯᠡᠭᠯᠡᠭᠰᠡᠨ ᠰᠢᠭ ᠠᠩᠬᠢᠯᠤᠭᠤᠨ ᠲᠣᠰᠣ ᠶᠢ ᠣᠯᠵᠤ ᠪᠠᠢᠭ᠎ᠠ ᠦᠭᠡᠢ᠃
10 ᠾᠢᠷᠠᠮ ᠤᠨ ᠵᠠᠷᠤᠴᠠ ᠨᠠᠷ ᠪᠣᠯᠣᠨ ᠰᠣᠯᠣᠮᠣᠨ ᠤ ᠵᠠᠷᠤᠴᠠ ᠨᠠᠷ ᠴᠤ ᠣᠹᠢᠷ ᠠᠴᠠ ᠠᠯᠲᠠ ᠲᠡᠭᠡᠭᠡᠵᠦ ᠠᠪᠴᠢᠷᠠᠪᠠ᠃ ᠲᠡᠳᠡ ᠽᠠᠨᠳᠠᠨ ᠮᠣᠳᠣ ᠪᠣᠯᠣᠨ ᠡᠷᠳᠡᠨᠢ ᠤᠨ ᠴᠢᠯᠠᠭᠤ ᠴᠤ ᠠᠪᠴᠢᠷᠠᠭᠰᠠᠨ ᠪᠠᠢᠪᠠ᠃ 11 ᠬᠠᠭᠠᠨ ᠽᠠᠨᠳᠠᠨ ᠮᠣᠳᠣ ᠪᠠᠷ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠱᠠᠲᠤ ᠶᠢ ᠬᠢᠯᠭᠡᠵᠦ᠂ ᠬᠥᠭᠵᠢᠮᠴᠢᠳ ᠲᠤ ᠶᠠᠲᠤᠭ᠎ᠠ ᠪᠠ ᠬᠤᠭᠤᠷ ᠬᠢᠯᠭᠡᠪᠡ᠃ ᠲᠡᠢᠮᠦ ᠵᠦᠢᠯᠡᠰ ᠶᠦᠳᠠ ᠨᠤᠲᠤᠭ ᠲᠤ ᠤᠷᠢᠳᠤ ᠨᠢ ᠦᠵᠡᠭᠳᠡᠭᠡ ᠦᠭᠡᠢ᠃
12 ᠰᠣᠯᠣᠮᠣᠨ ᠬᠠᠭᠠᠨ ᠱᠧᠪᠠ ᠶᠢᠨ ᠬᠠᠲᠤᠨ ᠬᠠᠭᠠᠨ ᠳᠤ ᠠᠪᠴᠢᠷᠠᠭᠰᠠᠨ ᠠᠴᠠ ᠨᠢ ᠢᠯᠡᠭᠦᠦ ᠶᠢ ᠥᠭᠭᠥᠭᠰᠡᠨ ᠪᠥᠭᠡᠳ ᠲᠡᠭᠦᠨ ᠦ ᠬᠦᠰᠡᠭᠰᠡᠨ ᠭᠤᠶᠤᠭᠰᠠᠨ ᠪᠦᠬᠦᠨ ᠢ ᠥᠭᠴᠡᠢ᠃ ᠢᠩᠭᠢᠭᠡᠳ ᠬᠠᠲᠤᠨ ᠬᠠᠭᠠᠨ ᠲᠦᠰᠢᠮᠡᠳ ᠲᠡᠢ ᠪᠡᠨ ᠬᠠᠮᠲᠤ ᠪᠠᠷ ᠨᠤᠲᠤᠭ ᠤᠷᠤᠭᠤ ᠪᠠᠨ ᠪᠤᠴᠠᠭᠰᠠᠨ ᠪᠠᠢᠨ᠎ᠠ᠃
ᠰᠣᠯᠣᠮᠣᠨ ᠤ ᠡᠳ᠋ ᠪᠠᠶᠠᠯᠢᠭ
13 ᠰᠣᠯᠣᠮᠣᠨ ᠤ ᠵᠢᠯ ᠪᠦᠷᠢ ᠬᠦᠯᠢᠶᠡᠨ ᠠᠪᠳᠠᠭ ᠠᠯᠲᠠᠨ ᠤ ᠬᠡᠮᠵᠢᠶ᠎ᠡ ᠨᠢ ᠵᠢᠷᠭᠤᠭᠠᠨ ᠵᠠᠭᠤ ᠵᠢᠷᠠᠨ ᠵᠢᠷᠭᠤᠭᠠᠨ ᠲᠠᠯᠠᠨᠲ 15 ᠪᠠᠢᠪᠠ᠃ 14 ᠡᠭᠦᠨ ᠡᠴᠡ ᠭᠠᠳᠠᠨ᠎ᠠ᠂ ᠲᠡᠭᠦᠨ ᠦ ᠣᠷᠣᠯᠭ᠎ᠠ ᠶᠢᠨ ᠳᠣᠲᠣᠷ᠎ᠠ ᠬᠤᠳᠠᠯᠳᠤᠭᠠᠴᠢᠳ᠂ ᠠᠷᠠᠯᠵᠢᠶᠠᠴᠢᠳ᠂ ᠠᠷᠠᠪ ᠤᠨ ᠪᠦᠬᠦ ᠬᠠᠭᠠᠳ᠂ ᠣᠷᠣᠨ ᠨᠤᠲᠤᠭ ᠤᠨ ᠵᠠᠬᠢᠷᠤᠭᠴᠢᠳ ᠠᠴᠠ ᠠᠪᠳᠠᠭ ᠠᠯᠲᠠ ᠴᠤ ᠪᠤᠢ᠃ 15 ᠰᠣᠯᠣᠮᠣᠨ ᠬᠠᠭᠠᠨ ᠠᠯᠲᠠ ᠳᠠᠪᠲᠠᠵᠤ ᠬᠣᠶᠠᠷ ᠵᠠᠭᠤᠨ ᠲᠣᠮᠣ ᠪᠠᠮᠪᠠᠢ ᠬᠢᠭᠰᠡᠨ ᠪᠥᠭᠡᠳ ᠪᠠᠮᠪᠠᠢ ᠪᠦᠷᠢ ᠳᠤ ᠵᠢᠷᠭᠤᠭᠠᠨ ᠵᠠᠭᠤᠨ ᠱᠧᠺᠧᠯ 16 ᠠᠯᠲᠠ ᠣᠷᠣᠭᠰᠠᠨ ᠪᠠᠢᠯ᠎ᠠ᠃ 16 ᠲᠡᠷᠡ ᠪᠠᠰᠠ ᠠᠯᠲᠠ ᠳᠠᠪᠲᠠᠵᠤ ᠭᠤᠷᠪᠠᠨ ᠵᠠᠭᠤᠨ ᠵᠢᠵᠢᠭ ᠪᠠᠮᠪᠠᠢ ᠬᠢᠭᠰᠡᠨ ᠪᠥᠭᠡᠳ ᠪᠠᠮᠪᠠᠢ ᠪᠦᠷᠢ ᠳᠤ ᠭᠤᠷᠪᠠᠨ ᠵᠠᠭᠤᠨ ᠱᠧᠺᠧᠯ 17 ᠠᠯᠲᠠ ᠣᠷᠣᠭᠰᠠᠨ ᠪᠠᠢᠪᠠ᠃ ᠬᠠᠭᠠᠨ ᠡᠳᠡᠭᠡᠷ ᠪᠠᠮᠪᠠᠢ ᠶᠢ 《ᠯᠧᠪᠠᠨᠣᠨ ᠤ ᠣᠢ》 ᠬᠡᠮᠡᠬᠦ ᠣᠷᠳᠣᠨ ᠳᠠᠭᠠᠨ ᠬᠠᠳᠠᠭᠠᠯᠠᠪᠠ᠃ 17 ᠬᠠᠭᠠᠨ ᠪᠠᠰᠠ ᠵᠠᠭᠠᠨ ᠤ ᠶᠠᠰᠤ ᠪᠠᠷ ᠲᠣᠮᠣ ᠰᠡᠨᠲᠢ ᠬᠢᠵᠦ᠂ ᠰᠢᠵᠢᠷ ᠠᠯᠲᠠ ᠪᠠᠷ ᠪᠦᠷᠢᠪᠡ᠃ 18 ᠰᠡᠨᠲᠢ ᠨᠢ ᠵᠢᠷᠭᠤᠭᠠᠨ ᠭᠢᠰᠬᠢᠭᠦᠷ ᠲᠡᠢ ᠪᠥᠭᠡᠳ ᠠᠯᠲᠠᠨ ᠬᠥᠯ ᠦᠨ ᠲᠠᠯᠪᠢᠭᠤᠷ ᠲᠠᠢ᠂ ᠬᠣᠶᠠᠷ ᠲᠠᠯ᠎ᠠ ᠳᠠᠭᠠᠨ ᠭᠠᠷ ᠤᠨ ᠲᠦᠰᠢᠯᠭᠡ ᠲᠠᠢ᠂ ᠲᠦᠰᠢᠯᠭᠡ ᠪᠦᠷᠢ ᠶᠢᠨ ᠬᠠᠵᠠᠭᠤ ᠳᠤ ᠵᠣᠭᠰᠣᠭ᠎ᠠ ᠠᠷᠰᠯᠠᠨ ᠪᠠᠢᠪᠠ᠃ 19 ᠵᠢᠷᠭᠤᠭᠠᠨ ᠭᠢᠰᠬᠢᠭᠦᠷ ᠪᠦᠷᠢ ᠶᠢᠨ ᠡᠨᠡᠲᠡᠭᠡ ᠲᠡᠷᠲᠡᠭᠡ ᠲᠠᠯ᠎ᠠ ᠳᠤ ᠵᠣᠭᠰᠣᠭ᠎ᠠ ᠠᠷᠰᠯᠠᠨ ᠲᠠᠢ ᠪᠥᠭᠡᠳ ᠨᠡᠢᠲᠡ ᠠᠷᠪᠠᠨ ᠬᠣᠶᠠᠷ ᠠᠷᠰᠯᠠᠨ ᠪᠠᠢᠪᠠ᠃ ᠥᠭᠡᠷ᠎ᠡ ᠶᠠᠮᠠᠷ ᠴᠤ ᠬᠠᠭᠠᠨᠲᠤ ᠤᠯᠤᠰ ᠢᠩᠭᠢᠵᠦ ᠦᠢᠯᠡᠳᠴᠦ ᠴᠢᠳᠠᠭ᠎ᠠ ᠦᠭᠡᠢ ᠪᠢᠯᠡ᠃ 20 ᠰᠣᠯᠣᠮᠣᠨ ᠬᠠᠭᠠᠨ ᠤ ᠬᠤᠨᠳᠠᠭ᠎ᠠ ᠨᠤᠭᠤᠳ ᠨᠢ ᠪᠦᠭᠦᠳᠡ ᠠᠯᠲᠠ ᠪᠠᠢᠪᠠ᠃ 《ᠯᠧᠪᠠᠨᠣᠨ ᠤ ᠣᠢ》 ᠣᠷᠳᠣᠨ ᠤ ᠬᠡᠷᠡᠭᠰᠡᠯ ᠤᠳ ᠪᠦᠭᠦᠳᠡᠭᠡᠷ ᠢᠶᠡᠨ ᠠᠳᠠᠯᠢᠬᠠᠨ ᠴᠡᠪᠡᠷ ᠠᠯᠲᠠ ᠪᠥᠭᠡᠳ ᠮᠥᠩᠭᠥ ᠪᠡᠷ ᠬᠢᠭᠰᠡᠨ ᠵᠦᠢᠯ ᠠᠯᠠᠭ᠎ᠠ ᠪᠠᠢᠪᠠ᠃ ᠰᠣᠯᠣᠮᠣᠨ ᠤ ᠡᠳᠦᠷ ᠲᠦ ᠮᠥᠩᠭᠥ ᠦᠨ᠎ᠡ ᠴᠡᠨ᠎ᠡ ᠲᠠᠢ ᠭᠡᠵᠦ ᠲᠣᠭᠠᠴᠠᠭᠳᠠᠳᠠᠭ ᠦᠭᠡᠢ ᠪᠠᠢᠯ᠎ᠠ᠃ 21 ᠬᠠᠭᠠᠨ ᠳᠤ ᠾᠢᠷᠠᠮ ᠤᠨ ᠵᠠᠷᠤᠴᠠ ᠨᠠᠷ ᠤᠨ ᠵᠢᠯᠣᠭᠣᠳᠳᠠᠭ ᠠᠷᠠᠯᠵᠢᠶᠠᠨ ᠤ ᠬᠥᠯᠭᠡ ᠣᠩ᠋ᠭᠣᠴᠠ ᠨᠤᠭᠤᠳ ᠴᠤ ᠪᠠᠢᠯ᠎ᠠ᠃ ᠠᠷᠠᠯᠵᠢᠶᠠᠨ ᠤ ᠣᠩ᠋ᠭᠣᠴᠠ ᠨᠤᠭᠤᠳ ᠭᠤᠷᠪᠠᠨ ᠵᠢᠯ ᠳᠤ ᠨᠢᠭᠡ ᠤᠳᠠᠭ᠎ᠠ ᠠᠯᠲᠠ᠂ ᠮᠥᠩᠭᠥ᠂ ᠵᠠᠭᠠᠨ ᠤ ᠶᠠᠰᠤ᠂ ᠰᠠᠮᠵᠠ᠂ ᠲᠣᠭᠣᠰ ᠵᠡᠷᠭᠡ ᠶᠢ ᠠᠪᠴᠢᠷᠠᠳᠠᠭ ᠪᠠᠢᠵᠠᠢ᠃
22 ᠰᠣᠯᠣᠮᠣᠨ ᠬᠠᠭᠠᠨ ᠡᠳ᠋ ᠪᠠᠶᠠᠯᠢᠭ᠂ ᠴᠡᠴᠡᠨ ᠮᠡᠷᠭᠡᠨ ᠤᠬᠠᠭᠠᠨ ᠢᠶᠠᠷ ᠢᠶᠠᠨ ᠭᠠᠵᠠᠷ ᠤᠨ ᠬᠠᠮᠤᠭ ᠬᠠᠭᠠᠨ ᠠᠴᠠ ᠢᠯᠡᠭᠦᠦ ᠪᠠᠢᠭᠰᠠᠨ ᠪᠣᠯᠬᠣᠷ 23 ᠳᠡᠯᠡᠬᠡᠢ ᠶᠢᠨ ᠬᠠᠮᠤᠭ ᠬᠠᠭᠠᠨ ᠰᠣᠯᠣᠮᠣᠨ ᠤ ᠴᠢᠷᠠᠢ ᠶᠢ ᠬᠠᠷᠠᠵᠤ᠂ ᠲᠡᠭᠦᠨ ᠦ ᠵᠢᠷᠦᠬᠡᠨ ᠳᠦ ᠪᠤᠷᠬᠠᠨ ᠤ ᠬᠢᠭᠰᠡᠨ ᠮᠡᠷᠭᠡᠨ ᠤᠬᠠᠭᠠᠨ ᠢ ᠰᠣᠨᠣᠰᠬᠤ ᠶᠢ ᠬᠦᠰᠡᠮᠵᠢᠯᠡᠵᠦ᠂ 24 ᠬᠥᠮᠦᠨ ᠪᠦᠷᠢ ᠠᠯᠲᠠ ᠮᠥᠩᠭᠥᠨ ᠡᠳ᠋ ᠵᠦᠢᠯᠡᠰ᠂ ᠬᠤᠪᠴᠠᠰᠤ ᠬᠤᠨᠠᠷ᠂ ᠵᠡᠪᠰᠡᠭ᠂ ᠠᠩᠬᠢᠯᠤᠭᠤᠨ ᠲᠣᠰᠣ᠂ ᠮᠣᠷᠢᠳ᠂ ᠯᠠᠭᠤᠰᠠ ᠵᠡᠷᠭᠡ ᠶᠢ ᠪᠡᠯᠡᠭ ᠪᠣᠯᠭᠠᠨ ᠵᠢᠯ ᠵᠢᠯ ᠠᠪᠴᠢᠷᠠᠳᠠᠭ ᠪᠠᠢᠪᠠ᠃ 25 ᠰᠣᠯᠣᠮᠣᠨ ᠳᠥᠷᠪᠡᠨ ᠮᠢᠩ᠋ᠭᠠᠨ ᠪᠠᠢᠯᠳᠤᠭᠠᠨ ᠤ ᠲᠡᠷᠭᠡ ᠮᠣᠷᠢ ᠶᠢᠨ ᠬᠠᠰᠢᠶ᠎ᠠ ᠲᠠᠢ᠂ ᠲᠦᠮᠡ ᠬᠣᠶᠠᠷ ᠮᠢᠩ᠋ᠭᠠᠨ ᠠᠳᠤᠭᠤ ᠲᠠᠢ ᠪᠥᠭᠡᠳ ᠲᠡᠳᠡᠭᠡᠷ ᠢ ᠲᠡᠷᠭᠡᠲᠦ ᠴᠡᠷᠢᠭ ᠤᠨ ᠲᠥᠪ ᠪᠣᠯᠬᠤ ᠬᠣᠲᠠ ᠨᠤᠭᠤᠳ ᠪᠤᠶᠤ ᠬᠠᠭᠠᠨ ᠤ ᠰᠠᠭᠤᠳᠠᠭ ᠶᠧᠷᠦ᠋ᠰᠠᠯᠧᠮ ᠳᠤ ᠪᠠᠢᠯᠭᠠᠳᠠᠭ ᠪᠠᠢᠪᠠ᠃ 26 ᠰᠣᠯᠣᠮᠣᠨ ᠡᠶᠦ᠋ᠹᠷᠠᠲ᠋ᠧᠰ ᠮᠥᠷᠡᠨ ᠡᠴᠡ ᠹᠢᠯᠢᠰᠲ᠋ᠴᠦᠳ ᠦᠨ ᠨᠤᠲᠤᠭ ᠬᠦᠷᠲᠡᠯ᠎ᠡ᠂ ᠮᠥᠨ ᠶᠧᠵᠢᠫᠲ ᠤᠨ ᠬᠢᠯᠢ ᠬᠦᠷᠲᠡᠯᠡᠬᠢ ᠭᠠᠵᠠᠷ ᠤᠨ ᠬᠠᠮᠤᠭ ᠬᠠᠭᠠᠨ ᠢ ᠵᠠᠬᠢᠷᠳᠠᠭ ᠪᠠᠢᠪᠠ᠃ 27 ᠰᠣᠯᠣᠮᠣᠨ ᠬᠠᠭᠠᠨ ᠤ ᠤᠯᠠᠮ ᠢᠶᠠᠷ ᠶᠧᠷᠦ᠋ᠰᠠᠯᠧᠮ ᠳᠤ ᠮᠥᠩᠭᠥ ᠨᠢ ᠴᠢᠯᠠᠭᠤ ᠰᠢᠭ᠋ ᠡᠩ ᠦᠨ ᠵᠦᠢᠯ ᠪᠣᠯᠵᠤ᠂ ᠬᠤᠱᠢ ᠮᠣᠳᠣ ᠨᠢ ᠲᠠᠯ᠎ᠠ ᠭᠠᠵᠠᠷ ᠤᠨ ᠢᠨᠵᠢᠷ ᠤᠨ ᠮᠣᠳᠣ ᠰᠢᠭ᠋ ᠡᠯᠪᠡᠭ ᠪᠣᠯᠣᠭᠰᠠᠨ ᠪᠠᠢᠯ᠎ᠠ᠃ 28 ᠰᠣᠯᠣᠮᠣᠨ ᠮᠣᠷᠢᠳ ᠢ ᠶᠧᠵᠢᠫᠲ ᠪᠣᠯᠣᠨ ᠪᠤᠰᠤᠳ ᠪᠦᠬᠦ ᠣᠷᠣᠨ ᠠᠴᠠ ᠬᠤᠳᠠᠯᠳᠤᠨ ᠠᠪᠳᠠᠭ ᠪᠠᠢᠪᠠ᠃
ᠰᠣᠯᠣᠮᠣᠨ ᠥᠭᠡᠳᠡ ᠪᠣᠯᠪᠠ
29 ᠰᠣᠯᠣᠮᠣᠨ ᠤ ᠪᠤᠰᠤᠳ ᠶᠠᠪᠤᠳᠠᠯ ᠡᠬᠢᠨ ᠡᠴᠡ ᠪᠡᠨ ᠳᠠᠭᠤᠰᠲᠠᠯ᠎ᠠ ᠡᠰᠢ ᠦᠵᠡᠭᠦᠯᠦᠭᠴᠢ ᠨᠠᠲ᠋ᠠᠨ ᠤ ᠪᠢᠴᠢᠭ᠂ ᠱᠢᠯᠣ᠋ ᠬᠥᠮᠦᠨ ᠠᠾᠢᠶᠠ ᠶᠢᠨ ᠡᠰᠢ ᠦᠵᠡᠭᠦᠯᠦᠯᠭᠡ ᠪᠣᠯᠣᠨ ᠦᠵᠡᠮᠦᠷᠢᠴᠢ ᠢᠳᠣ᠋ ᠶᠢᠨ ᠢᠯᠡᠷᠬᠡᠶᠢᠯᠡᠯᠭᠡ᠂ ᠲᠤᠬᠠᠢᠯᠠᠪᠠᠯ ᠨᠧᠪᠠᠲ ᠤᠨ ᠬᠦᠦ ᠶᠧᠷᠣᠪᠣᠶᠠᠮ ᠤᠨ ᠲᠤᠬᠠᠢ ᠪᠢᠴᠢᠭᠰᠡᠨ ᠨᠣᠮ ᠳᠤ ᠪᠢᠴᠢᠭᠳᠡᠭᠰᠡᠨ ᠪᠢᠰᠢ ᠤᠤ︖ 30 ᠰᠣᠯᠣᠮᠣᠨ ᠶᠧᠷᠦ᠋ᠰᠠᠯᠧᠮ ᠳᠤ ᠪᠦᠬᠦ ᠢᠰᠷᠧᠯ ᠢ ᠳᠥᠴᠢᠨ ᠵᠢᠯ ᠵᠠᠬᠢᠷᠤᠭᠰᠠᠨ ᠪᠠᠢᠪᠠ᠃ 31 ᠰᠣᠯᠣᠮᠣᠨ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠡᠴᠢᠭᠡ ᠳ᠋ᠠᠸᠢᠳ᠋ ᠤᠨ ᠢᠶᠠᠨ ᠬᠣᠲᠠ ᠳᠤ ᠣᠷᠣᠰᠢᠭᠤᠯᠤᠭᠳᠠᠵᠠᠢ᠃ ᠬᠦᠦ ᠷᠧᠬᠣᠪᠣᠶᠠᠮ ᠨᠢ ᠲᠡᠭᠦᠨ ᠢ ᠵᠠᠯᠭᠠᠮᠵᠢᠯᠠᠨ ᠬᠠᠭᠠᠨ ᠪᠣᠯᠣᠭᠰᠠᠨ ᠪᠠᠢᠨ᠎ᠠ᠃