ᠱᠠᠰᠲᠢᠷ ᠤᠨ ᠳᠡᠳ᠋ ᠠᠷᠪᠠᠨ ᠭᠤᠷᠪᠠ
ᠶᠦᠳᠠ ᠶᠢᠨ ᠬᠠᠭᠠᠨ ᠠᠪᠢᠶ᠎ᠠ
1 ᠶᠧᠷᠣᠪᠣᠶᠠᠮ ᠬᠠᠭᠠᠨ ᠤ ᠠᠷᠪᠠᠨ ᠨᠠᠢ᠌ᠮᠠᠳᠤᠭᠠᠷ ᠣᠨ ᠳᠤ᠂ ᠠᠪᠢᠶ᠎ᠠ ᠶᠦᠳᠠ ᠶᠢᠨ ᠬᠠᠭᠠᠨ ᠪᠣᠯᠵᠤ 2 ᠶᠧᠷᠦ᠋ᠰᠠᠯᠧᠮ ᠳᠤ ᠭᠤᠷᠪᠠᠨ ᠵᠢᠯ ᠬᠠᠭᠠᠨᠴᠢᠯᠠᠪᠠ᠃ ᠡᠬᠡ ᠨᠢ ᠭᠢᠪᠧᠶ᠎ᠠ ᠬᠥᠮᠦᠨ ᠦᠷᠢᠶᠧᠯ ᠤᠨ ᠥᠬᠢᠨ ᠮᠠᠺᠠ ᠪᠢᠯᠡ᠃ ᠠᠪᠢᠶ᠎ᠠ᠂ ᠶᠧᠷᠣᠪᠣᠶᠠᠮ ᠤᠨ ᠬᠣᠭᠣᠷᠣᠨᠳᠣ ᠳᠠᠢᠨ ᠪᠣᠯᠪᠠ᠃ 3 ᠠᠪᠢᠶ᠎ᠠ ᠳᠥᠴᠢᠨ ᠲᠦᠮᠡᠨ ᠰᠢᠯᠢᠳᠡᠭ ᠳᠠᠢᠴᠢᠨ ᠢᠶᠠᠨ ᠠᠪᠴᠤ ᠪᠠᠢᠯᠳᠤᠭᠠᠨ ᠳᠤ ᠶᠠᠪᠤᠭᠰᠠᠨ ᠪᠣᠯ᠂ ᠶᠧᠷᠣᠪᠣᠶᠠᠮ ᠨᠠᠶᠠᠨ ᠲᠦᠮᠡᠨ ᠳᠠᠢᠴᠢᠨ ᠢᠶᠠᠷ ᠪᠠᠢᠯᠳᠤᠭᠠᠨ ᠤ ᠵᠢᠭᠰᠠᠭᠠᠯ ᠪᠡᠯᠡᠳᠴᠡᠢ᠃ 4 ᠠᠪᠢᠶ᠎ᠠ ᠡᠹᠷᠠᠢᠮ ᠤᠨ ᠠᠭᠤᠯᠠᠰ ᠤᠨ ᠨᠢᠭᠡ ᠪᠣᠯᠬᠤ ᠽᠧᠮᠠᠷᠠᠢᠮ ᠠᠭᠤᠯᠠᠨ ᠳᠡᠭᠡᠷ᠎ᠡ ᠵᠣᠭᠰᠣᠭᠠᠳ᠄ 《ᠶᠧᠷᠣᠪᠣᠶᠠᠮ ᠪᠣᠯᠣᠨ ᠪᠦᠬᠦ ᠢᠰᠷᠧᠯ ᠡ᠂ ᠮᠢᠨᠦᠬᠢ ᠶᠢ ᠰᠣᠨᠣᠰᠣᠭᠲᠤᠨ᠃ 5 ᠢᠰᠷᠧᠯ ᠤᠨ ᠪᠤᠷᠬᠠᠨ ᠶᠣᠬᠣᠸᠠ ᠢᠰᠷᠧᠯ ᠢ ᠵᠠᠬᠢᠷᠬᠤ ᠡᠷᠬᠡ ᠶᠢ ᠳᠠᠪᠤᠰᠤᠨ ᠭᠡᠷ᠎ᠡ 19 ᠪᠠᠷ ᠳ᠋ᠠᠸᠢᠳ᠋ ᠪᠣᠯᠣᠨ ᠲᠡᠭᠦᠨ ᠦ ᠬᠥᠪᠡᠭᠦᠳ ᠲᠦ ᠮᠥᠩᠬᠡᠳᠡ ᠰᠣᠶᠣᠷᠬᠠᠭᠰᠠᠨ ᠢ ᠲᠠ ᠨᠠᠷ ᠮᠡᠳᠡᠬᠦ ᠦᠭᠡᠢ ᠭᠡᠵᠢ ᠤᠤ︖ 6 ᠭᠡᠲᠡᠯ᠎ᠡ ᠳ᠋ᠠᠸᠢᠳ᠋ ᠤᠨ ᠬᠦᠦ ᠰᠣᠯᠣᠮᠣᠨ ᠤ ᠵᠠᠷᠤᠴᠠ ᠪᠠᠢᠭᠰᠠᠨ ᠨᠧᠪᠠᠲ ᠤᠨ ᠬᠥᠪᠡᠭᠦᠨ ᠶᠧᠷᠣᠪᠣᠶᠠᠮ ᠡᠵᠡᠨ ᠦ ᠪᠠᠨ ᠡᠰᠡᠷᠭᠦ ᠪᠣᠰᠴᠤ ᠲᠡᠷᠰᠯᠡᠪᠡ᠃ 7 ᠲᠡᠭᠦᠨ ᠤᠷᠤᠭᠤ ᠣᠯᠢᠭ ᠦᠭᠡᠢ᠂ ᠦᠯᠦ ᠪᠦᠲᠦᠬᠦ ᠡᠲᠡᠭᠡᠳ ᠴᠤᠭᠯᠠᠷᠠᠵᠠᠭᠠᠵᠤ᠂ ᠰᠣᠯᠣᠮᠣᠨ ᠤ ᠬᠦᠦ ᠷᠧᠬᠣᠪᠣᠶᠠᠮ ᠢ ᠵᠠᠯᠠᠭᠤ᠂ ᠲᠤᠷᠰᠢᠯᠭ᠎ᠠ ᠦᠭᠡᠢ᠂ ᠥᠪᠡᠷᠰᠡᠳ ᠦᠨ ᠬᠢᠨᠢ ᠡᠮᠦᠨ᠎ᠡ ᠵᠣᠭᠰᠣᠵᠤ ᠴᠢᠳᠠᠬᠤ ᠪᠠᠷ ᠦᠭᠡᠢ ᠪᠠᠢᠬᠤ ᠳᠤ᠂ ᠲᠡᠭᠦᠨ ᠦ ᠡᠰᠡᠷᠭᠦ ᠬᠦᠴᠦ ᠪᠡᠨ ᠨᠡᠢᠯᠡᠭᠦᠯᠦᠭᠰᠡᠨ ᠶᠤᠮ᠃
8 ᠣᠳᠣ ᠲᠠ ᠨᠠᠷ ᠴᠤ ᠦᠢ ᠣᠯᠠᠭᠤᠯᠠ ᠪᠠᠨ ᠪᠥᠭᠡᠳ ᠶᠧᠷᠣᠪᠣᠶᠠᠮ ᠤᠨ ᠪᠤᠷᠬᠠᠳ ᠪᠣᠯᠭᠠᠨ ᠪᠦᠲᠦᠭᠡᠵᠦ ᠥᠭᠭᠥᠭᠰᠡᠨ ᠠᠯᠲᠠᠨ ᠲᠤᠭᠤᠯ ᠤᠳ ᠲᠠ ᠨᠠᠷ ᠲᠤ ᠪᠠᠢᠨ᠎ᠠ᠃ ᠲᠠ ᠨᠠᠷ ᠳ᠋ᠠᠸᠢᠳ᠋ ᠤᠨ ᠦᠷ᠎ᠡ ᠤᠳᠤᠮ ᠤᠨ ᠭᠠᠷ ᠲᠤ ᠪᠠᠢᠳᠠᠭ ᠶᠣᠬᠣᠸᠠ ᠶᠢᠨ ᠬᠠᠭᠠᠨᠴᠢᠯᠠᠯ ᠢ ᠡᠰᠡᠷᠭᠦᠴᠡᠬᠦ ᠭᠡᠵᠦ ᠪᠠᠢᠨ᠎ᠠ᠃ 9 ᠲᠠ ᠨᠠᠷ ᠶᠣᠬᠣᠸᠠ ᠶᠢᠨ ᠲᠠᠬᠢᠯᠴᠢ ᠪᠣᠯᠬᠤ ᠠᠷᠣᠨ ᠤ ᠦᠷ᠎ᠡ ᠤᠳᠤᠮ ᠪᠣᠯᠣᠨ ᠯᠧᠸᠢᠴᠦᠳ ᠢ ᠵᠠᠢᠯᠠᠭᠤᠯᠵᠤ᠂ ᠭᠠᠵᠠᠷ ᠤᠨ ᠦᠨᠳᠦᠰᠦᠲᠡᠨ ᠨᠦᠭᠦᠳ ᠲᠡᠢ ᠠᠳᠠᠯᠢ ᠳᠤᠷ᠎ᠠ ᠪᠠᠷ ᠢᠶᠠᠨ ᠲᠠᠬᠢᠯᠴᠢᠳ ᠲᠣᠮᠢᠯᠠᠭᠰᠠᠨ ᠪᠤᠰᠤ ᠤᠤ︖ ᠠᠷᠢᠭᠤᠨ ᠠᠯᠪᠠ ᠶᠢ ᠬᠢᠬᠦ ᠭᠡᠰᠡᠨ ᠬᠡᠨ ᠪᠣᠯᠪᠠᠴᠤ ᠨᠢᠭᠡ ᠪᠢᠷᠠᠭᠤᠨ ᠪᠤᠬ᠎ᠠ᠂ ᠳᠣᠯᠣᠭᠠᠨ ᠬᠤᠴᠠ ᠲᠠᠢ ᠢᠷᠡᠪᠡᠯ ᠪᠤᠷᠬᠠᠨ ᠪᠤᠰᠤ ᠵᠦᠢᠯᠡᠰ ᠦᠨ ᠲᠠᠬᠢᠯᠴᠢ ᠪᠣᠯᠳᠠᠭ᠃ 10 ᠬᠠᠷᠢᠨ ᠪᠢᠳᠡᠨ ᠦ ᠬᠤᠪᠢ ᠳᠤ᠂ ᠶᠣᠬᠣᠸᠠ ᠯᠠ ᠪᠢᠳᠡᠨ ᠦ ᠪᠤᠷᠬᠠᠨ᠂ ᠪᠢᠳᠡ ᠲᠡᠭᠦᠨ ᠢ ᠣᠷᠬᠢᠭ᠎ᠠ ᠦᠭᠡᠢ᠃ ᠠᠷᠣᠨ ᠤ ᠦᠷ᠎ᠡ ᠤᠳᠤᠮ ᠯᠠ ᠶᠣᠬᠣᠸᠠ ᠳᠤ ᠲᠠᠬᠢᠯᠴᠢ ᠪᠠᠷ ᠦᠢᠯᠡᠴᠢᠯᠡᠵᠦ᠂ ᠯᠧᠸᠢᠴᠦᠳ ᠯᠠ ᠲᠡᠳᠡᠨ ᠳᠦ ᠲᠤᠰᠠᠯᠠᠳᠠᠭ ᠶᠤᠮ᠃ 11 ᠲᠡᠳᠡ ᠥᠷᠯᠥᠭᠡ ᠣᠷᠣᠢ ᠪᠦᠷᠢ ᠶᠣᠬᠣᠸᠠ ᠳᠤ ᠰᠢᠲᠠᠭᠠᠯᠭᠠᠲᠤ ᠲᠠᠬᠢᠯ᠂ ᠮᠥᠨ ᠠᠩᠬᠢᠯᠤᠭᠤᠨ ᠦᠨᠦᠷᠲᠦ ᠤᠲᠤᠯᠭ᠎ᠠ ᠡᠷᠭᠦᠳᠡᠭ ᠪᠥᠭᠡᠳ ᠴᠡᠪᠡᠷ ᠰᠢᠷᠡᠭᠡᠨ ᠳᠡᠭᠡᠷ᠎ᠡ ᠲᠠᠪᠢᠭ ᠪᠣᠣᠪᠣ ᠪᠡᠯᠡᠳᠴᠦ᠂ ᠦᠳᠡᠰᠢ ᠪᠦᠷᠢ ᠠᠯᠲᠠᠨ ᠳ᠋ᠧᠩ ᠤᠨ ᠲᠠᠯᠪᠢᠭᠤᠷ ᠤᠨ ᠳ᠋ᠧᠩ ᠢ ᠠᠰᠠᠭᠠᠳᠠᠭ᠃ ᠡᠢᠨ ᠬᠦ ᠪᠢᠳᠡ ᠶᠣᠬᠣᠸᠠ ᠪᠤᠷᠬᠠᠨ ᠤ ᠪᠠᠨ ᠲᠤᠰᠢᠶᠠᠯ ᠢ ᠰᠠᠬᠢᠳᠠᠭ᠂ ᠬᠠᠷᠢᠨ ᠲᠠ ᠨᠠᠷ ᠲᠡᠭᠦᠨ ᠢ ᠣᠷᠬᠢᠭᠰᠠᠨ ᠪᠢᠯᠡ᠃ 12 ᠬᠠᠷ᠎ᠠ᠂ ᠪᠤᠷᠬᠠᠨ ᠪᠢᠳᠡᠨ ᠲᠡᠢ ᠬᠠᠮᠲᠤ ᠪᠠᠢᠨ᠎ᠠ᠃ ᠲᠡᠷᠡ ᠯᠠ ᠪᠢᠳᠡᠨ ᠦ ᠲᠡᠷᠢᠭᠦᠨ ᠪᠢᠯᠡ᠃ ᠲᠡᠭᠦᠨ ᠦ ᠲᠠᠬᠢᠯᠴᠢᠳ ᠴᠤ ᠲᠠ ᠨᠠᠷ ᠤᠨ ᠡᠰᠡᠷᠭᠦ ᠲᠦᠭᠰᠢᠭᠦᠷᠢ ᠶᠢᠨ ᠳᠣᠬᠢᠶᠠᠨ ᠪᠦᠷᠢᠶ᠎ᠡ ᠦᠯᠢᠶᠡᠬᠦ ᠭᠡᠵᠦ ᠪᠠᠢᠨ᠎ᠠ᠃ ᠢᠰᠷᠧᠯᠴᠦᠳ ᠡ᠂ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠲᠠᠢ ᠪᠦᠦ ᠳᠠᠢᠲᠤ᠃ ᠲᠠ ᠨᠠᠷ ᠯᠠᠪ ᠳᠡᠢᠯᠬᠦ ᠦᠭᠡᠢ》 ᠭᠡᠪᠡ᠃
13 ᠬᠠᠷᠢᠨ ᠶᠧᠷᠣᠪᠣᠶᠠᠮ ᠶᠦᠳᠠ ᠶᠢᠨ ᠠᠷᠤ ᠲᠠᠯ᠎ᠠ ᠤᠷᠤᠭᠤ ᠴᠡᠷᠢᠭ ᠢᠶᠠᠨ ᠶᠠᠪᠤᠭᠤᠯᠤᠭᠰᠠᠨ ᠪᠠᠢᠵᠠᠢ᠃ ᠡᠢᠮᠦ ᠡᠴᠡ ᠲᠡᠳᠡ ᠶᠦᠳᠠ ᠶᠢᠨ ᠤᠷᠳᠤ ᠲᠠᠯ᠎ᠠ ᠳᠤ᠂ ᠪᠦᠭᠬᠦᠭᠦᠯᠦᠭᠰᠡᠨ ᠴᠡᠷᠢᠭ ᠨᠢ ᠠᠷᠤ ᠲᠠᠯ᠎ᠠ ᠳᠤᠨᠢ ᠪᠠᠢᠪᠠ᠃ 14 ᠶᠦᠳᠠᠴᠤᠳ ᠡᠷᠭᠢᠨ ᠲᠣᠭᠣᠷᠢᠨ ᠢᠶᠠᠨ ᠬᠠᠷᠠᠬᠤ ᠳᠤ᠂ ᠲᠡᠳᠡ ᠠᠷᠤ ᠤᠷᠳᠤ ᠬᠣᠶᠠᠷ ᠲᠠᠯ᠎ᠠ ᠠᠴᠠ ᠨᠢ ᠵᠡᠷᠭᠡ ᠪᠡᠷ ᠳᠣᠪᠲᠣᠯᠵᠤ ᠪᠠᠢᠯ᠎ᠠ︕ ᠡᠢᠮᠦ ᠡᠴᠡ ᠶᠦᠳᠠᠴᠤᠳ ᠶᠣᠬᠣᠸᠠ ᠤᠷᠤᠭᠤ ᠬᠠᠰᠬᠢᠷᠪᠠ᠃ ᠲᠠᠬᠢᠯᠴᠢᠳ ᠪᠦᠷᠢᠶ᠎ᠡ ᠪᠡᠨ ᠬᠦᠩᠭᠢᠨᠡᠭᠦᠯᠵᠦ 15 ᠶᠦᠳᠠ ᠶᠢᠨ ᠴᠡᠷᠢᠭ ᠤᠳ ᠤᠤᠬᠠᠢ ᠬᠠᠲᠠᠭᠠᠪᠠ᠃ ᠲᠡᠳᠡ ᠳᠠᠢᠨ ᠤ ᠤᠤᠬᠠᠢ ᠬᠠᠲᠠᠭᠠᠬᠤ ᠳᠤ᠂ ᠪᠤᠷᠬᠠᠨ ᠶᠧᠷᠣᠪᠣᠶᠠᠮ ᠪᠣᠯᠣᠨ ᠪᠦᠬᠦ ᠢᠰᠷᠧᠯ ᠢ ᠠᠪᠢᠶ᠎ᠠ ᠪᠣᠯᠣᠨ ᠶᠦᠳᠠᠴᠤᠳ ᠤᠨ ᠡᠮᠦᠨ᠎ᠡ ᠪᠤᠲᠠ ᠴᠣᠬᠢᠵᠠᠢ᠃ 16 ᠢᠰᠷᠧᠯᠴᠦᠳ ᠶᠦᠳᠠ ᠶᠢᠨ ᠡᠮᠦᠨ᠎ᠡ ᠡᠴᠡ ᠵᠢᠭᠤᠲᠠᠬᠤ ᠳᠤ᠂ ᠪᠤᠷᠬᠠᠨ ᠲᠡᠳᠡᠨ ᠢ ᠶᠦᠳᠠᠴᠤᠳ ᠤᠨ ᠭᠠᠷ ᠲᠤ ᠲᠤᠰᠢᠶᠠᠭᠰᠠᠨ ᠪᠥᠭᠡᠳ 17 ᠠᠪᠢᠶ᠎ᠠ ᠪᠣᠯᠣᠨ ᠲᠡᠭᠦᠨ ᠦ ᠠᠷᠠᠳ ᠣᠯᠠᠨ ᠲᠡᠳᠡᠨ ᠢ ᠶᠡᠬᠡᠪᠡᠷ ᠬᠣᠬᠢᠷᠠᠭᠤᠯᠪᠠ᠃ ᠢᠰᠷᠧᠯ ᠡᠴᠡ ᠲᠠᠪᠢᠨ ᠲᠦᠮᠡᠨ ᠬᠥᠮᠦᠨ ᠬᠣᠬᠢᠷᠠᠭᠰᠠᠨ ᠪᠠᠢᠪᠠ᠃ 18 ᠲᠡᠷᠡ ᠦᠶ᠎ᠡ ᠳᠦ ᠢᠰᠷᠧᠯᠴᠦᠳ ᠢᠯᠠᠭᠳᠠᠭᠰᠠᠨ ᠪᠥᠭᠡᠳ ᠶᠦᠳᠠᠴᠤᠳ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠳᠤ ᠲᠦᠰᠢᠭᠯᠡᠭᠰᠡᠨ ᠦ ᠠᠴᠢ ᠪᠠᠷ ᠢᠯᠠᠭᠰᠠᠨ ᠶᠤᠮ᠃ 19 ᠠᠪᠢᠶ᠎ᠠ ᠶᠧᠷᠣᠪᠣᠶᠠᠮ ᠢ ᠨᠡᠬᠡᠵᠦ᠂ ᠪᠧᠲ᠋ᠧᠯ᠂ ᠶᠧᠱᠠᠨᠠ᠂ ᠡᠹᠷᠣᠨ ᠵᠡᠷᠭᠡ ᠬᠣᠲᠠ ᠨᠤᠭᠤᠳ ᠢ ᠨᠢ ᠡᠷᠭᠢᠨ ᠲᠣᠭᠣᠷᠢᠨ ᠤ ᠬᠢᠨᠢ ᠲᠣᠰᠬᠣᠳ ᠲᠠᠢ ᠬᠠᠮᠲᠤ ᠪᠤᠯᠢᠶᠠᠨ ᠠᠪᠤᠪᠠ᠃ 20 ᠠᠪᠢᠶ᠎ᠠ ᠶᠢᠨ ᠡᠳᠦᠷ ᠤᠳ ᠲᠤ ᠶᠧᠷᠣᠪᠣᠶᠠᠮ ᠤᠨ ᠬᠦᠴᠦ ᠰᠡᠷᠭᠦᠭᠰᠡᠨ ᠦᠭᠡᠢ ᠪᠠᠢᠯ᠎ᠠ᠃ ᠶᠣᠬᠣᠸᠠ ᠲᠡᠭᠦᠨ ᠢ ᠴᠣᠬᠢᠭᠰᠠᠨ ᠳᠤ᠂ ᠲᠡᠷᠡ ᠦᠬᠦᠪᠡ᠃ 21 ᠬᠠᠷᠢᠨ ᠠᠪᠢᠶ᠎ᠠ ᠤᠯᠠᠮ ᠬᠦᠴᠦᠷᠬᠡᠭ ᠪᠣᠯᠪᠠ᠃ ᠲᠡᠷᠡ ᠠᠷᠪᠠᠨ ᠳᠥᠷᠪᠡᠨ ᠡᠬᠡᠨᠡᠷ ᠠᠪᠴᠤ᠂ ᠬᠣᠷᠢᠨ ᠬᠣᠶᠠᠷ ᠬᠦᠦ᠂ ᠠᠷᠪᠠᠨ ᠵᠢᠷᠭᠤᠭᠠᠨ ᠥᠬᠢᠨ ᠲᠥᠷᠥᠭᠦᠯᠪᠡ᠃ 22 ᠠᠪᠢᠶ᠎ᠠ ᠶᠢᠨ ᠪᠤᠰᠤᠳ ᠶᠠᠪᠤᠳᠠᠯ᠂ ᠲᠡᠭᠦᠨ ᠦ ᠦᠢᠯᠡᠰ ᠪᠣᠯᠣᠨ ᠲᠡᠭᠦᠨ ᠦ ᠦᠭᠡᠰ ᠡᠰᠢ ᠦᠵᠡᠭᠦᠯᠦᠭᠴᠢ ᠢᠳᠣ᠋ ᠶᠢᠨ ᠲᠡᠦᠬᠡᠨ ᠨᠣᠮ ᠳᠤ ᠪᠢᠴᠢᠭᠳᠡᠭᠰᠡᠨ ᠶᠤᠮ᠃