1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠠᠷᠪᠠᠨ ᠳᠥᠷᠪᠡ
 ᠶᠦᠳᠠ ᠶᠢᠨ ᠬᠠᠭᠠᠨ ᠠᠰᠠ

1 ᠠᠪᠢᠶᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠥᠮᠦᠰ ᠲᠡᠭᠦᠨ ᠢ ᠳ᠋ᠠᠸᠢᠳ᠋ ᠤᠨ ᠬᠣᠲᠠ ᠳᠤ ᠣᠷᠣᠰᠢᠭᠤᠯᠵᠠᠢ᠃ ᠬᠦᠦ ᠠᠰᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃ ᠲᠡᠭᠦᠨ ᠦ ᠡᠳᠦᠷ ᠤᠳ ᠲᠤ ᠭᠠᠵᠠᠷ ᠨᠤᠲᠤᠭ ᠠᠷᠪᠠᠨ ᠵᠢᠯ ᠠᠮᠤᠷ ᠠᠮᠤᠭᠤᠯᠠᠩ ᠪᠠᠢᠯ᠎ᠠ᠃ 2 ᠠᠰᠠ ᠪᠤᠷᠬᠠᠨ ᠶᠣᠬᠣᠸᠠ ᠶᠢᠨ ᠢᠶᠠᠨ ᠮᠡᠯᠮᠡᠢ ᠳᠦ ᠰᠠᠢᠨ ᠪᠠ ᠵᠥᠪ ᠢ ᠦᠢᠯᠡᠳᠪᠡ᠃ 3 ᠲᠡᠷᠡ ᠬᠠᠷᠢ ᠶᠢᠨ ᠪᠤᠷᠬᠠᠳ ᠤᠨ ᠲᠠᠬᠢᠯ ᠤᠨ ᠰᠢᠷᠡᠭᠡ ᠨᠦᠭᠦᠳ᠂ ᠮᠥᠷᠭᠥᠯ ᠦᠨ ᠮᠠᠨᠳᠠᠯ ᠤᠳ ᠢ ᠵᠠᠢᠯᠠᠭᠤᠯᠤᠨ᠂ ᠴᠢᠯᠠᠭᠤᠨ ᠪᠠᠭᠠᠨ᠎ᠠ ᠨᠤᠭᠤᠳ ᠢ ᠨᠤᠷᠠᠭᠠᠵᠤ᠂ ᠠᠱᠧᠷᠠ ᠶᠢᠨ ᠱᠣᠩ ᠤᠳ ᠢ ᠴᠠᠪᠴᠢᠭᠰᠠᠨ ᠪᠥᠭᠡᠳ 4 ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠬᠠᠢᠵᠤ᠂ ᠬᠠᠤᠯᠢ ᠪᠠ ᠲᠤᠰᠢᠶᠠᠯ ᠤᠳ ᠢ ᠨᠢ ᠭᠦᠢᠴᠡᠳᠬᠡᠬᠦ ᠶᠢ ᠶᠦᠳᠠᠴᠤᠳ ᠲᠤ ᠲᠤᠰᠢᠶᠠᠪᠠ᠃ 5 ᠲᠡᠷᠡ ᠪᠠᠰᠠ ᠶᠦᠳᠠ ᠶᠢᠨ ᠪᠦᠬᠦ ᠬᠣᠲᠠ ᠠᠴᠠ ᠮᠥᠷᠭᠥᠯ ᠦᠨ ᠮᠠᠨᠳᠠᠯ ᠤᠳ ᠪᠣᠯᠣᠨ ᠤᠲᠤᠯᠭᠠᠲᠤ ᠲᠠᠬᠢᠯ ᠤᠨ ᠰᠢᠷᠡᠭᠡ ᠨᠦᠭᠦᠳ ᠢ ᠵᠠᠢᠯᠠᠭᠤᠯᠪᠠ᠃ ᠲᠡᠭᠦᠨ ᠦ ᠳᠣᠣᠷ᠎ᠠ ᠬᠠᠭᠠᠨᠴᠢᠯᠠᠯ ᠠᠮᠤᠷ ᠠᠮᠤᠭᠤᠯᠠᠩ ᠪᠠᠢᠪᠠ᠃ 6 ᠶᠣᠬᠣᠸᠠ ᠲᠡᠭᠦᠨ ᠳᠦ ᠠᠮᠠᠷᠠᠯ ᠢ ᠥᠭᠭᠥᠭᠰᠡᠨ ᠤᠴᠢᠷ ᠠᠴᠠ ᠲᠡᠷᠡ ᠵᠢᠯ ᠤᠳ ᠢᠶᠠᠷ ᠲᠡᠭᠦᠨ ᠳᠦ ᠳᠠᠢᠨ ᠳᠠᠵᠢᠨ ᠲᠣᠬᠢᠶᠠᠯᠳᠤᠭ᠎ᠠ ᠦᠭᠡᠢ ᠶᠤᠮ᠃ ᠭᠠᠵᠠᠷ ᠨᠤᠲᠤᠭ ᠠᠮᠤᠷ ᠠᠮᠤᠭᠤᠯᠠᠩ ᠪᠠᠢᠬᠤ ᠳᠤ᠂ ᠲᠡᠷᠡ ᠶᠦᠳᠠ ᠳᠤ ᠪᠡᠬᠢᠯᠡᠯᠲᠡᠲᠦ ᠬᠣᠲᠠ ᠨᠤᠭᠤᠳ ᠢ ᠪᠣᠰᠬᠠᠭᠰᠠᠨ ᠪᠠᠢᠨ᠎ᠠ᠃ 7 ᠠᠰᠠ ᠶᠦᠳᠠ ᠳᠤ᠄ 《ᠡᠳᠡᠭᠡᠷ ᠬᠣᠲᠠ ᠶᠢ ᠪᠣᠰᠬᠠᠵᠤ᠂ ᠡᠷᠭᠢᠨ ᠲᠣᠭᠣᠷᠢᠨ ᠳᠤᠨᠢ ᠬᠠᠨ᠎ᠠ ᠬᠡᠷᠡᠮ᠂ ᠴᠠᠮᠬᠠᠭ᠂ ᠬᠠᠭᠠᠯᠭ᠎ᠠ᠂ ᠲᠦᠭᠵᠢᠶ᠎ᠡ ᠬᠢᠶ᠎ᠡ᠃ ᠪᠢᠳᠡ ᠪᠤᠷᠬᠠᠨ ᠶᠣᠬᠣᠸᠠ ᠪᠠᠨ ᠬᠠᠢᠭᠰᠠᠨ ᠲᠤᠯᠠ ᠡᠨᠡ ᠭᠠᠵᠠᠷ ᠪᠢᠳᠡᠨ ᠦ ᠬᠢ ᠬᠡᠪ ᠢᠶᠡᠷ ᠢᠶᠠᠨ ᠪᠠᠢᠨ᠎ᠠ᠃ ᠪᠢᠳᠡ ᠲᠡᠭᠦᠨ ᠢ ᠬᠠᠢᠭᠰᠠᠨ ᠳᠤ᠂ ᠲᠡᠷᠡ ᠪᠢᠳᠡᠨ ᠦ ᠡᠷᠭᠢᠨ ᠲᠣᠭᠣᠷᠢᠨ ᠳᠤ ᠠᠮᠠᠷᠠᠯ ᠢ ᠥᠭᠭᠥᠭᠰᠡᠨ》 ᠭᠡᠪᠡ᠃ ᠲᠡᠳᠡ ᠢᠩᠭᠢᠵᠦ ᠪᠠᠢᠭᠤᠯᠤᠭᠠᠳ ᠠᠮᠵᠢᠯᠲᠠ ᠣᠯᠣᠭᠰᠠᠨ ᠪᠠᠢᠯ᠎ᠠ᠃ 8 ᠠᠰᠠ ᠳᠤ ᠵᠢᠳᠠ᠂ ᠪᠠᠮᠪᠠᠢ ᠪᠠᠷᠢᠳᠠᠭ ᠭᠤᠴᠢᠨ ᠲᠦᠮᠡᠨ ᠶᠦᠳᠠ ᠴᠡᠷᠢᠭ᠂ ᠮᠥᠨ ᠪᠠᠮᠪᠠᠢ ᠪᠠᠷᠢᠵᠤ᠂ ᠨᠤᠮᠤ ᠰᠤᠮᠤ ᠬᠠᠷᠪᠤᠳᠠᠭ ᠬᠣᠷᠢᠨ ᠨᠠᠢ᠌ᠮᠠᠨ ᠲᠦᠮᠡᠨ ᠪᠢᠨᠶᠠᠮᠢᠨ ᠴᠡᠷᠢᠭ ᠪᠠᠢᠪᠠ᠃ ᠲᠡᠳᠡ ᠪᠦᠭᠦᠳᠡᠭᠡᠷ ᠬᠦᠴᠦᠲᠦ ᠳᠠᠢᠴᠢᠨ ᠶᠤᠮ᠃

9 ᠺᠦᠱ ᠬᠥᠮᠦᠨ ᠽᠧᠷᠠ ᠲᠡᠳᠡᠨ ᠢ ᠴᠣᠬᠢᠬᠤ ᠪᠠᠷ ᠵᠠᠭᠤᠨ ᠲᠦᠮᠡᠨ ᠴᠡᠷᠢᠭ ᠪᠣᠯᠣᠨ ᠭᠤᠷᠪᠠᠨ ᠵᠠᠭᠤᠨ ᠲᠡᠷᠭᠡ ᠲᠠᠢ ᠭᠠᠷᠴᠤ᠂ ᠮᠠᠷᠧᠱᠠ ᠳᠤ ᠬᠦᠷᠴᠦ ᠢᠷᠡᠬᠦ ᠳᠦ᠂ 10 ᠠᠰᠠ ᠲᠡᠭᠦᠨ ᠦ ᠥᠭᠡᠳᠡ ᠡᠴᠡ ᠤᠭᠲᠤᠨ ᠭᠠᠷᠴᠤ᠂ ᠮᠠᠷᠧᠱᠠ ᠳᠠᠬᠢ ᠽᠧᠹᠠᠲ᠋ᠠ ᠶᠢᠨ ᠬᠥᠨᠳᠡᠢ ᠳᠦ ᠪᠠᠢᠯᠳᠤᠭᠠᠨ ᠤ ᠵᠢᠭᠰᠠᠭᠠᠯ ᠪᠡᠯᠡᠳᠪᠡ᠃ 11 ᠠᠰᠠ ᠪᠤᠷᠬᠠᠨ ᠶᠣᠬᠣᠸᠠ ᠤᠷᠤᠭᠤ ᠪᠠᠨ ᠬᠠᠰᠬᠢᠷᠤᠨ᠄ 《ᠬᠦᠴᠦᠷᠬᠡᠭ ᠦᠨ ᠡᠮᠦᠨ᠎ᠡ ᠪᠠᠢᠭ᠎ᠠ ᠬᠦᠴᠦ ᠦᠭᠡᠢ ᠨᠢᠭᠡᠨ ᠳᠦ ᠲᠤᠰᠠᠯᠠᠳᠠᠭ ᠨᠢ ᠲᠠᠨ ᠠᠴᠠ ᠥᠭᠡᠷ᠎ᠡ ᠪᠠᠢᠬᠤ ᠦᠭᠡᠢ᠃ ᠪᠢᠳᠡᠨ ᠳᠦ ᠲᠤᠰᠠᠯᠠᠭᠠᠴᠢ᠂ ᠪᠤᠷᠬᠠᠨ ᠶᠣᠬᠣᠸᠠ ᠮᠢᠨᠢ ᠡ᠂ ᠪᠢᠳᠡ ᠲᠠᠨ ᠳᠤ ᠨᠠᠢᠳᠠᠵᠤ᠂ ᠲᠠᠨ ᠤ ᠨᠡᠷ᠎ᠡ ᠪᠡᠷ ᠡᠨᠡ ᠦᠢ ᠣᠯᠠᠨ ᠲᠠᠢ ᠳᠠᠢᠲᠤᠬᠤ ᠪᠠᠷ ᠢᠷᠡᠯ᠎ᠡ᠃ ᠶᠣᠬᠣᠸᠠ ᠡ᠂ ᠲᠠ ᠪᠣᠯ ᠪᠢᠳᠡᠨ ᠦ ᠪᠤᠷᠬᠠᠨ᠃ ᠬᠥᠮᠦᠨ ᠲᠠᠨ ᠢ ᠳᠡᠢᠯᠳᠡᠭ ᠦᠭᠡᠢ》 ᠭᠡᠵᠡᠢ᠃ 12 ᠶᠣᠬᠣᠸᠠ ᠠᠰᠠ ᠪᠣᠯᠣᠨ ᠶᠦᠳᠠᠴᠤᠳ ᠤᠨ ᠡᠮᠦᠨ᠎ᠡ ᠺᠦᠱᠴᠦᠳ ᠢ ᠴᠣᠬᠢᠭᠰᠠᠨ ᠳᠤ᠂ ᠲᠡᠳᠡ ᠵᠢᠭᠤᠲᠠᠪᠠ᠃ 13 ᠠᠰᠠ ᠪᠣᠯᠣᠨ ᠲᠡᠭᠦᠨ ᠦ ᠴᠡᠷᠢᠭ ᠲᠡᠳᠡᠨ ᠢ ᠭᠧᠷᠠᠷ ᠬᠦᠷᠲᠡᠯ᠎ᠡ ᠬᠥᠭᠡᠭᠡᠪᠡ᠃ ᠺᠦᠱᠴᠦᠳ ᠶᠣᠬᠣᠸᠠ ᠪᠣᠯᠣᠨ ᠲᠡᠭᠦᠨ ᠦ ᠴᠡᠷᠢᠭ ᠤᠨ ᠡᠮᠦᠨ᠎ᠡ ᠤᠨᠠᠵᠤ᠂ ᠳᠠᠬᠢᠨ ᠰᠡᠷᠭᠦᠵᠦ ᠴᠢᠳᠠᠭᠰᠠᠨ ᠦᠭᠡᠢ᠃ ᠶᠦᠳᠠᠴᠤᠳ ᠠᠰᠤᠷᠤ ᠶᠡᠬᠡ ᠣᠯᠵᠠ ᠣᠯᠪᠠ᠃ 14 ᠶᠣᠬᠣᠸᠠ ᠠᠴᠠ ᠪᠣᠯᠣᠭᠰᠠᠨ ᠠᠢᠳᠠᠰ ᠲᠡᠳᠡᠨ ᠦ ᠳᠡᠭᠡᠷ᠎ᠡ ᠪᠠᠭᠤᠭᠰᠠᠨ ᠪᠠᠢᠨ᠎ᠠ᠃ ᠶᠦᠳᠠᠴᠤᠳ ᠭᠧᠷᠠᠷ ᠤᠨ ᠡᠷᠭᠢᠨ ᠲᠣᠭᠣᠷᠢᠨ ᠤ ᠲᠣᠰᠬᠣᠳ ᠢ ᠰᠦᠢᠷᠡᠭᠦᠯᠵᠦ᠂ ᠪᠦᠭᠦᠳᠡ ᠶᠢ ᠲᠣᠨᠣᠪᠠ᠃ ᠲᠡᠨᠳᠡ ᠠᠰᠤᠷᠤ ᠶᠡᠬᠡ ᠡᠳ᠋ ᠪᠠᠶᠠᠯᠢᠭ ᠪᠠᠢᠵᠠᠢ᠃ 15 ᠲᠡᠳᠡ ᠮᠥᠨ ᠮᠠᠯᠴᠢᠳ ᠤᠨ ᠮᠠᠢᠬᠠᠨ ᠢ ᠳᠠᠭᠠᠷᠢᠵᠤ᠂ ᠠᠰᠤᠷᠤ ᠣᠯᠠᠨ ᠬᠣᠨᠢ᠂ ᠲᠡᠮᠡᠭᠡ ᠪᠤᠯᠢᠶᠠᠵᠤ᠂ ᠶᠧᠷᠦ᠋ᠰᠠᠯᠧᠮ ᠳᠤ ᠪᠤᠴᠠᠵᠤ ᠢᠷᠡᠭᠰᠡᠨ ᠪᠠᠢᠯ᠎ᠠ᠃