ᠱᠠᠰᠲᠢᠷ ᠤᠨ ᠳᠡᠳ᠋ ᠳᠥᠷᠪᠡ
ᠥᠷᠭᠥᠭᠡᠨ ᠳᠣᠲᠣᠷᠠᠬᠢ ᠵᠦᠢᠯᠡᠰ
1 ᠲᠡᠷᠡ ᠪᠡᠷ ᠬᠦᠷᠡᠯ ᠲᠠᠬᠢᠯ ᠤᠨ ᠰᠢᠷᠡᠭᠡ ᠬᠢᠪᠡ᠃ ᠤᠷᠲᠤ ᠨᠢ ᠬᠣᠷᠢᠨ ᠲᠣᠬᠣᠢ᠂ ᠥᠷᠭᠡᠨ ᠨᠢ ᠬᠣᠷᠢᠨ ᠲᠣᠬᠣᠢ᠂ ᠥᠨᠳᠥᠷ ᠨᠢ ᠠᠷᠪᠠᠨ ᠲᠣᠬᠣᠢ ᠪᠠᠢᠯ᠎ᠠ᠃ 2 ᠲᠡᠷᠡ ᠪᠡᠷ ᠲᠣᠭᠣᠷᠢᠭ ᠬᠡᠯᠪᠡᠷᠢ ᠲᠠᠢ ᠴᠢᠳᠬᠤᠮᠠᠯ ᠲᠠᠩᠭᠢᠰ ᠬᠢᠪᠡ᠃ ᠨᠢᠭᠡ ᠬᠥᠪᠡᠭᠡᠨ ᠡᠴᠡ ᠨᠢ ᠨᠥᠭᠥᠭᠡ ᠬᠥᠪᠡᠭᠡ ᠬᠦᠷᠲᠡᠯ᠎ᠡ ᠠᠷᠪᠠᠨ ᠲᠣᠬᠣᠢ᠂ ᠥᠨᠳᠥᠷ ᠨᠢ ᠲᠠᠪᠤᠨ ᠲᠣᠬᠣᠢ᠂ ᠲᠣᠭᠣᠷᠢᠭ ᠤᠨ ᠬᠦᠷᠢᠶ᠎ᠡ ᠨᠢ ᠭᠤᠴᠢᠨ ᠲᠣᠬᠣᠢ ᠬᠡᠮᠵᠢᠶ᠎ᠡ ᠲᠠᠢ᠃ 3 ᠠᠮᠠᠰᠠᠷ ᠤᠨ ᠬᠢᠨᠢ ᠳᠣᠣᠷ᠎ᠠ ᠲᠠᠩᠭᠢᠰ ᠢ ᠲᠣᠭᠣᠷᠢᠭᠤᠯᠵᠤ ᠬᠣᠶᠠᠷ ᠮᠥᠷ ᠦᠬᠡᠷ ᠬᠢᠪᠡ᠃ ᠲᠡᠷᠡ ᠪᠡᠷ ᠨᠢᠭᠡ ᠲᠣᠬᠣᠢ ᠲᠤᠲᠤᠮ ᠳᠤ ᠠᠷᠪᠠᠨ ᠦᠬᠡᠷ ᠪᠠᠢᠷᠢᠯᠠᠭᠤᠯᠵᠤ᠂ ᠲᠡᠳᠡᠭᠡᠷ ᠢ ᠲᠠᠩᠭᠢᠰ ᠲᠠᠢ ᠨᠢᠭᠡ ᠴᠣᠭᠴᠠ ᠪᠣᠯᠭᠠᠨ ᠴᠢᠳᠬᠤᠭᠰᠠᠨ ᠶᠤᠮ᠃ 4 ᠲᠠᠩᠭᠢᠰ ᠢ ᠠᠷᠪᠠᠨ ᠬᠣᠶᠠᠷ ᠦᠬᠡᠷ ᠳᠡᠭᠡᠷ᠎ᠡ ᠪᠠᠢᠷᠢᠯᠠᠭᠤᠯᠤᠭᠰᠠᠨ ᠪᠠᠢᠪᠠ᠃ ᠲᠡᠳᠡᠭᠡᠷ ᠦᠨ ᠭᠤᠷᠪᠠ ᠨᠢ ᠬᠣᠢᠰᠢ᠂ ᠭᠤᠷᠪᠠ ᠨᠢ ᠪᠠᠷᠠᠭᠤᠨᠰᠢ᠂ ᠭᠤᠷᠪᠠ ᠨᠢ ᠡᠮᠦᠨᠡᠰᠢ᠂ ᠭᠤᠷᠪᠠ ᠨᠢ ᠵᠡᠭᠦᠨᠰᠢ ᠬᠠᠷᠠᠭᠰᠠᠨ ᠪᠠᠢᠵᠠᠢ᠃ ᠲᠠᠩᠭᠢᠰ ᠨᠢ ᠲᠡᠳᠡᠨ ᠦ ᠳᠡᠭᠡᠷ᠎ᠡ ᠪᠠᠢᠷᠢᠯᠠᠵᠤ᠂ ᠦᠬᠡᠷ ᠦᠨ ᠬᠣᠨᠳᠣᠯᠠᠢ ᠨᠢ ᠪᠦᠭᠦᠳᠡ ᠳᠣᠲᠣᠭᠰᠢ ᠪᠠᠨ ᠬᠠᠨᠳᠤᠭᠰᠠᠨ ᠪᠠᠢᠪᠠ᠃ 5 ᠡᠨᠡ ᠴᠢᠳᠬᠤᠮᠠᠯ ᠨᠢ ᠠᠯᠠᠭᠠᠨ ᠤ ᠡᠩ ᠦᠨ ᠴᠢᠨᠡᠭᠡᠨ ᠵᠤᠵᠠᠭᠠᠨ᠂ ᠠᠮᠠᠰᠠᠷ ᠨᠢ ᠠᠶᠠᠭᠠᠨ ᠤ ᠠᠮᠠᠰᠠᠷ ᠪᠤᠶᠤ ᠰᠠᠷᠠᠨ᠎ᠠ ᠴᠡᠴᠡᠭ ᠦᠨ ᠳᠡᠯᠪᠢ ᠠᠳᠠᠯᠢ ᠬᠡᠯᠪᠡᠷᠢ ᠲᠠᠢ ᠪᠥᠭᠡᠳ ᠪᠠᠭᠲᠠᠭᠠᠮᠵᠢ ᠨᠢ ᠭᠤᠷᠪᠠᠨ ᠮᠢᠩ᠋ᠭᠠᠨ ᠪᠠᠲ 12 ᠶᠤᠮ᠃
ᠯᠧᠸᠢ ᠶᠢᠨ ᠦᠷ᠎ᠡ ᠤᠳᠤᠮ
6 ᠪᠠᠰᠠ ᠤᠬᠢᠶᠠᠯ ᠦᠢᠯᠡᠳᠬᠦ ᠠᠷᠪᠠᠨ ᠰᠠᠪᠠ ᠬᠢᠵᠦ᠂ ᠲᠠᠪᠤ ᠶᠢ ᠨᠢ ᠪᠠᠷᠠᠭᠤᠨ ᠲᠠᠯ᠎ᠠ ᠳᠤ᠂ ᠲᠠᠪᠤ ᠶᠢ ᠨᠢ ᠵᠡᠭᠦᠨ ᠲᠠᠯ᠎ᠠ ᠳᠤ ᠪᠠᠢᠷᠢᠯᠠᠭᠤᠯᠵᠤ᠂ ᠰᠢᠲᠠᠭᠠᠯᠭᠠᠲᠤ ᠲᠠᠬᠢᠯ ᠢ ᠤᠬᠢᠶᠠᠬᠤ ᠳᠤ ᠬᠡᠷᠡᠭᠯᠡᠪᠡ᠃ ᠲᠡᠷᠡ ᠬᠦ ᠲᠠᠩᠭᠢᠰ ᠢ ᠨᠢ ᠲᠠᠬᠢᠯᠴᠢᠳ ᠪᠡᠶ᠎ᠡ ᠪᠡᠨ ᠤᠬᠢᠶᠠᠬᠤ ᠳᠤ ᠬᠡᠷᠡᠭᠯᠡᠪᠡ᠃
7 ᠲᠡᠷᠡ ᠪᠡᠷ ᠲᠣᠭᠲᠠᠭᠠᠯ ᠶᠣᠰᠣᠭᠠᠷ ᠠᠷᠪᠠᠨ ᠠᠯᠲᠠᠨ ᠳ᠋ᠧᠩ ᠤᠨ ᠲᠠᠯᠪᠢᠭᠤᠷ ᠬᠢᠵᠦ᠂ ᠲᠡᠳᠡᠭᠡᠷ ᠢ ᠥᠷᠭᠥᠭᠡ ᠳᠣᠲᠣᠷ᠎ᠠ᠂ ᠲᠠᠪᠤ ᠶᠢ ᠨᠢ ᠪᠠᠷᠠᠭᠤᠨ ᠲᠠᠯ᠎ᠠ ᠳᠤ᠂ ᠲᠠᠪᠤ ᠶᠢ ᠨᠢ ᠵᠡᠭᠦᠨ ᠲᠠᠯ᠎ᠠ ᠳᠤ ᠪᠠᠢᠷᠢᠯᠠᠭᠤᠯᠪᠠ᠃ 8 ᠲᠡᠷᠡ ᠪᠡᠷ ᠠᠷᠪᠠᠨ ᠰᠢᠷᠡᠭᠡ ᠬᠢᠵᠦ᠂ ᠥᠷᠭᠥᠭᠡᠨ ᠦ ᠪᠠᠷᠠᠭᠤᠨ ᠲᠠᠯ᠎ᠠ ᠳᠤ ᠲᠠᠪᠤ ᠶᠢ ᠨᠢ᠂ ᠵᠡᠭᠦᠨ ᠲᠠᠯ᠎ᠠ ᠳᠤ ᠲᠠᠪᠤ ᠶᠢ ᠨᠢ ᠪᠠᠢᠷᠢᠯᠠᠭᠤᠯᠵᠤ᠂ ᠮᠥᠨ ᠵᠠᠭᠤᠨ ᠠᠯᠲᠠᠨ ᠠᠶᠠᠭ᠎ᠠ ᠬᠢᠵᠡᠢ᠃ 9 ᠲᠡᠷᠡ ᠲᠠᠬᠢᠯᠴᠢᠳ ᠤᠨ ᠬᠠᠰᠢᠶ᠎ᠠ ᠪᠣᠯᠣᠨ ᠶᠡᠬᠡ ᠬᠠᠰᠢᠶ᠎ᠠ ᠶᠢ᠂ ᠮᠥᠨ ᠲᠡᠷᠡ ᠬᠠᠰᠢᠶᠠᠨ ᠤ ᠬᠠᠭᠠᠯᠭ᠎ᠠ ᠨᠤᠭᠤᠳ ᠢ ᠬᠢᠵᠦ᠂ ᠲᠡᠳᠡᠭᠡᠷ ᠢ ᠬᠦᠷᠡᠯ ᠢᠶᠡᠷ ᠪᠦᠷᠢᠪᠡ᠃ 10 ᠲᠡᠷᠡ ᠪᠡᠷ ᠲᠠᠩᠭᠢᠰ ᠢ ᠥᠷᠭᠥᠭᠡᠨ ᠦ ᠵᠡᠭᠦᠨ ᠡᠮᠦᠨ᠎ᠡ ᠲᠠᠯ᠎ᠠ ᠳᠤ ᠪᠠᠢᠷᠢᠯᠠᠭᠤᠯᠪᠠ᠃
11 ᠾᠦᠷᠠᠮ ᠮᠥᠨ ᠤᠬᠢᠶᠠᠯᠭ᠎ᠠ ᠶᠢᠨ ᠰᠠᠪᠠ᠂ ᠤᠳᠬᠤᠭᠤᠷ᠂ ᠠᠶᠠᠭ᠎ᠠ ᠵᠡᠷᠭᠡ ᠶᠢ ᠬᠢᠪᠡ᠃ ᠲᠡᠢᠨ ᠬᠦ ᠾᠦᠷᠠᠮ ᠰᠣᠯᠣᠮᠣᠨ ᠬᠠᠭᠠᠨ ᠤ ᠲᠥᠯᠥᠭᠡ ᠪᠤᠷᠬᠠᠨ ᠤ ᠥᠷᠭᠥᠭᠡᠨ ᠳᠦ ᠬᠢᠬᠦ ᠪᠦᠬᠦ ᠠᠵᠢᠯ ᠢᠶᠠᠨ ᠳᠠᠭᠤᠰᠬᠠᠵᠠᠢ᠃ 12 ᠲᠤᠬᠠᠢᠯᠠᠪᠠᠯ᠂ ᠬᠣᠣᠰ ᠪᠠᠭᠠᠨ᠎ᠠ᠂ ᠲᠡᠳᠡᠭᠡᠷ ᠦᠨ ᠣᠷᠣᠢ ᠳᠤ ᠰᠠᠭᠤᠯᠭᠠᠭᠰᠠᠨ ᠬᠣᠶᠠᠷ ᠲᠣᠯᠣᠭᠠᠢ᠂ ᠮᠥᠨ ᠣᠷᠣᠢ ᠳᠤᠨᠢ ᠰᠠᠭᠤᠯᠭᠠᠭᠰᠠᠨ ᠲᠣᠯᠣᠭᠠᠢ ᠨᠤᠭᠤᠳ ᠢ ᠴᠢᠮᠡᠭᠯᠡᠬᠦ ᠪᠡᠷ ᠵᠡᠭᠦᠯᠭᠡᠭᠰᠡᠨ ᠬᠣᠶᠠᠷ ᠡᠩᠨᠡᠭᠡ ᠵᠡᠭᠦᠯᠲᠡ᠂ 13 ᠪᠠᠭᠠᠨ᠎ᠠ ᠶᠢᠨ ᠣᠷᠣᠢ ᠶᠢᠨ ᠲᠣᠯᠣᠭᠠᠢ ᠳᠠᠬᠢ ᠵᠡᠭᠦᠯᠲᠡ ᠳᠦ ᠴᠢᠮᠡᠭ ᠪᠣᠯᠭᠠᠨ ᠬᠣᠶᠠᠷ ᠡᠩᠨᠡᠭᠡ ᠪᠡᠷ ᠰᠠᠭᠤᠯᠭᠠᠵᠤ ᠥᠭᠭᠥᠭᠰᠡᠨ ᠳᠥᠷᠪᠡᠨ ᠵᠠᠭᠤᠨ ᠠᠨᠠᠷ᠂ 14 ᠲᠡᠷᠭᠡ᠂ ᠲᠡᠷᠭᠡ ᠨᠦᠭᠦᠳ ᠦᠨ ᠳᠡᠭᠡᠷ᠎ᠡ ᠲᠠᠯᠪᠢᠬᠤ ᠤᠬᠢᠶᠠᠯᠭ᠎ᠠ ᠶᠢᠨ ᠰᠠᠪᠠ᠂ 15 ᠨᠢᠭᠡ ᠲᠠᠩᠭᠢᠰ ᠪᠣᠯᠣᠨ ᠲᠡᠭᠦᠨ ᠦ ᠳᠣᠣᠷᠠᠬᠢ ᠠᠷᠪᠠᠨ ᠬᠣᠶᠠᠷ ᠦᠬᠡᠷ᠂ 16 ᠮᠥᠨ ᠲᠣᠭᠣᠭ᠎ᠠ᠂ ᠤᠳᠬᠤᠭᠤᠷ᠂ ᠰᠡᠷᠡᠭᠡ ᠪᠣᠯᠣᠨ ᠠᠯᠢᠪᠠ ᠬᠡᠷᠡᠭᠰᠡᠯ ᠢ ᠬᠢᠪᠡ᠃ ᠾᠦᠷᠠᠮ ᠠᠪᠢ ᠡᠳᠡᠭᠡᠷ ᠢ ᠰᠣᠯᠣᠮᠣᠨ ᠤ ᠲᠥᠯᠥᠭᠡ ᠶᠣᠬᠣᠸᠠ ᠶᠢᠨ ᠥᠷᠭᠥᠭᠡᠨ ᠳᠦ ᠵᠣᠷᠢᠭᠤᠯᠤᠨ ᠪᠦᠭᠦᠳᠡ ᠶᠢ ᠨᠢ ᠭᠢᠯᠠᠭᠠᠷ ᠬᠦᠷᠡᠯ ᠢᠶᠡᠷ ᠬᠢᠵᠡᠢ᠃ 17 ᠬᠠᠭᠠᠨ ᠰᠦᠺᠣᠲ ᠪᠠ ᠽᠠᠷᠧᠲ᠋ᠠᠨ ᠤ ᠬᠣᠭᠣᠷᠣᠨᠳᠣᠬᠢ ᠶᠣᠷᠳᠠᠨ ᠤ ᠬᠥᠨᠳᠡᠢ ᠶᠢᠨ ᠰᠢᠪᠠᠷ ᠢᠶᠠᠷ ᠬᠡᠪ ᠬᠢᠵᠦ ᠡᠳᠡᠭᠡᠷ ᠢ ᠦᠢᠯᠡᠳᠦᠭᠦᠯᠵᠡᠢ᠃ 18 ᠰᠣᠯᠣᠮᠣᠨ ᠡᠨᠡ ᠪᠦᠬᠦ ᠬᠡᠷᠡᠭᠰᠡᠯ ᠢ ᠢᠩᠭᠢᠵᠦ ᠠᠰᠤᠷᠤ ᠣᠯᠠᠨ ᠬᠢᠭᠰᠡᠨ ᠤᠴᠢᠷ ᠠᠴᠠ ᠬᠦᠷᠡᠯ ᠦᠨ ᠵᠢᠩ ᠢ ᠮᠡᠳᠡᠬᠦ ᠶᠢᠨ ᠠᠷᠭ᠎ᠠ ᠦᠭᠡᠢ ᠪᠠᠢᠪᠠ᠃
19 ᠰᠣᠯᠣᠮᠣᠨ ᠪᠤᠷᠬᠠᠨ ᠤ ᠥᠷᠭᠥᠭᠡᠨ ᠦ ᠠᠯᠢᠪᠠ ᠬᠡᠷᠡᠭᠰᠡᠯ ᠢ ᠴᠤ ᠦᠢᠯᠡᠳᠴᠡᠢ᠃ ᠠᠯᠲᠠᠨ ᠲᠠᠬᠢᠯ ᠤᠨ ᠰᠢᠷᠡᠭᠡ᠂ ᠲᠠᠪᠢᠭ ᠪᠣᠣᠪᠣ᠂ ᠪᠣᠣᠪᠣ ᠲᠠᠯᠪᠢᠳᠠᠭ ᠰᠢᠷᠡᠭᠡ᠂ 20 ᠳᠣᠲᠣᠭᠠᠳᠤ ᠠᠷᠢᠭᠤᠨ ᠲᠠᠩᠬᠢᠮ ᠤᠨ ᠡᠮᠦᠨ᠎ᠡ ᠵᠢᠭᠠᠪᠤᠷᠢ ᠶᠢᠨ ᠳᠠᠭᠠᠤ ᠠᠰᠠᠭᠠᠬᠤ ᠰᠢᠵᠢᠷ ᠠᠯᠲᠠᠨ ᠳ᠋ᠧᠩ ᠤᠨ ᠲᠠᠯᠪᠢᠭᠤᠷ ᠪᠣᠯᠣᠨ ᠲᠡᠭᠦᠨ ᠦ ᠳᠡᠭᠡᠷᠡᠬᠢ ᠳ᠋ᠧᠩ ᠤᠳ᠂ 21 ᠰᠢᠵᠢᠷ ᠠᠯᠲᠠᠨ ᠴᠡᠴᠡᠭ ᠤᠳ᠂ ᠳ᠋ᠧᠩ ᠤᠳ᠂ ᠴᠢᠮᠬᠢᠭᠦᠷ ᠤᠳ᠂ 22 ᠰᠢᠵᠢᠷ ᠠᠯᠲᠠᠨ ᠬᠢᠮᠰᠠ᠂ ᠬᠤᠯᠤ᠂ ᠠᠶᠠᠭ᠎ᠠ ᠪᠣᠯᠣᠨ ᠪᠣᠢᠫᠣᠷ ᠢ ᠬᠢᠵᠡᠢ᠃ ᠥᠷᠭᠥᠭᠡᠨ ᠦ ᠬᠠᠭᠠᠯᠭ᠎ᠠ ᠶᠢᠨ ᠲᠤᠬᠠᠢ ᠳᠤ ᠭᠡᠪᠡᠯ᠂ ᠠᠷᠢᠭᠤᠨ ᠠᠴᠠ ᠠᠷᠢᠭᠤᠨ ᠭᠠᠵᠠᠷ ᠲᠤ ᠣᠷᠣᠬᠤ ᠳᠣᠲᠣᠭᠠᠳᠤ ᠬᠠᠭᠠᠯᠭ᠎ᠠ ᠪᠣᠯᠣᠨ ᠭᠣᠣᠯ ᠲᠠᠩᠬᠢᠮ ᠤᠨ ᠬᠠᠭᠠᠯᠭ᠎ᠠ ᠨᠤᠭᠤᠳ ᠢ ᠠᠯᠲᠠ ᠪᠠᠷ ᠬᠢᠵᠡᠢ᠃