ᠱᠠᠰᠲᠢᠷ ᠤᠨ ᠳᠡᠳ᠋ ᠨᠠᠢ᠌ᠮᠠ
ᠰᠣᠯᠣᠮᠣᠨ ᠤ ᠦᠢᠯᠡᠰ
1 ᠰᠣᠯᠣᠮᠣᠨ ᠶᠣᠬᠣᠸᠠ ᠶᠢᠨ ᠥᠷᠭᠥᠭᠡ ᠪᠣᠯᠣᠨ ᠥᠪᠡᠷ ᠦᠨ ᠢᠶᠠᠨ ᠣᠷᠳᠣᠨ ᠢ ᠬᠣᠷᠢᠨ ᠵᠢᠯ ᠤᠨ ᠬᠤᠭᠤᠴᠠᠭᠠᠨ ᠳᠤ ᠪᠠᠷᠢᠵᠤ ᠳᠠᠭᠤᠰᠬᠠᠭᠠᠳ 2 ᠾᠢᠷᠠᠮ ᠤᠨ ᠥᠭᠭᠥᠭᠰᠡᠨ ᠲᠣᠰᠬᠣᠨ ᠨᠤᠭᠤᠳ ᠢ ᠰᠡᠷᠭᠦᠭᠡᠨ ᠪᠣᠰᠬᠠᠵᠤ᠂ ᠲᠡᠨᠳᠡ ᠢᠰᠷᠧᠯᠴᠦᠳ ᠢ ᠰᠠᠭᠤᠷᠢᠰᠢᠭᠤᠯᠤᠭᠰᠠᠨ ᠪᠠᠢᠨ᠎ᠠ᠃
3 ᠰᠣᠯᠣᠮᠣᠨ ᠪᠠᠰᠠ ᠶᠠᠪᠤᠵᠤ ᠬᠠᠮᠠᠲ ᠽᠣᠪᠠ ᠶᠢ ᠡᠵᠡᠯᠡᠪᠡ᠃ 4 ᠲᠡᠷᠡ ᠪᠡᠷ ᠴᠥᠯ ᠳᠤ ᠲᠠᠳ᠋ᠮᠣᠷ ᠢ ᠪᠠᠢᠭᠤᠯᠵᠤ᠂ ᠬᠠᠮᠠᠲ ᠲᠤ ᠨᠥᠭᠡᠴᠡᠯᠡᠬᠦ ᠲᠥᠪ ᠪᠣᠯᠬᠤ ᠬᠣᠲᠠ ᠨᠤᠭᠤᠳ ᠢ ᠪᠠᠷᠢᠪᠠ᠃ 5 ᠲᠡᠷᠡ ᠪᠠᠰᠠ ᠳᠡᠭᠡᠳᠦ᠂ ᠳᠣᠣᠷᠠᠳᠤ ᠪᠧᠲ ᠾᠣᠷᠣᠨ ᠵᠡᠷᠭᠡ ᠬᠡᠷᠡᠮ᠂ ᠬᠠᠭᠠᠯᠭ᠎ᠠ᠂ ᠲᠦᠭᠵᠢᠶ᠎ᠡ ᠪᠦᠬᠦᠢ ᠪᠡᠬᠢᠯᠡᠯᠲᠡᠲᠦ ᠬᠣᠲᠠ ᠨᠤᠭᠤᠳ ᠢ ᠪᠣᠰᠬᠠᠪᠠ᠃ 6 ᠮᠥᠨ ᠪᠠᠯᠠᠲ᠂ ᠥᠪᠡᠷ ᠦᠨ ᠰᠠᠩ ᠬᠥᠮᠥᠷᠭᠡ ᠶᠢᠨ ᠬᠣᠲᠠᠳ᠂ ᠲᠡᠷᠭᠡ ᠪᠠ ᠮᠣᠷᠢᠲᠤ ᠴᠡᠷᠢᠭ ᠤᠨ ᠬᠣᠲᠠᠳ ᠢ ᠪᠣᠰᠬᠠᠪᠠ᠃ ᠡᠢᠨ ᠬᠦ ᠰᠣᠯᠣᠮᠣᠨ ᠶᠧᠷᠦ᠋ᠰᠠᠯᠧᠮ᠂ ᠯᠧᠪᠠᠨᠣᠨ᠂ ᠪᠦᠬᠦ ᠬᠠᠷᠢᠶ᠎ᠠ ᠨᠤᠲᠤᠭ ᠲᠠᠭᠠᠨ ᠪᠠᠢᠭᠤᠯᠤᠶ᠎ᠠ ᠭᠡᠰᠡᠨ ᠪᠦᠬᠦᠨ ᠢᠶᠡᠨ ᠪᠠᠢᠭᠤᠯᠤᠭᠰᠠᠨ ᠪᠠᠢᠪᠠ᠃ 7 ᠢᠰᠷᠧᠯ ᠪᠤᠰᠤ ᠦᠨᠳᠦᠰᠦᠲᠡᠨ ᠨᠦᠭᠦᠳ᠂ ᠲᠤᠬᠠᠢᠯᠠᠪᠠᠯ ᠾᠢᠲ᠋ᠴᠦᠳ᠂ ᠠᠮᠣᠷᠢᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠡᠴᠡ ᠦᠯᠡᠳᠡᠭᠰᠡᠨ᠂ 8 ᠢᠰᠷᠧᠯᠴᠦᠳ ᠲᠦ ᠤᠰᠠᠳᠬᠠᠭᠳᠠᠭᠠ ᠦᠭᠡᠢ ᠲᠡᠷᠡ ᠨᠤᠲᠤᠭ ᠲᠤ ᠦᠯᠡᠳᠡᠭᠰᠡᠨ ᠲᠡᠳᠡᠨ ᠦ ᠦᠷ᠎ᠡ ᠬᠣᠢᠴᠢᠰ ᠠᠴᠠ ᠰᠣᠯᠣᠮᠣᠨ ᠠᠯᠪᠠᠳᠠᠯᠭ᠎ᠠ ᠶᠢᠨ ᠠᠵᠢᠯᠴᠢᠳ ᠢ ᠳᠠᠢᠴᠢᠯᠠᠭᠰᠠᠨ ᠢᠶᠠᠷ ᠲᠡᠳᠡ ᠥᠨᠥ ᠬᠦᠷᠲᠡᠯ᠎ᠡ ᠪᠠᠢᠭᠰᠠᠭᠠᠷ᠃ 9 ᠬᠠᠷᠢᠨ ᠰᠣᠯᠣᠮᠣᠨ ᠢᠰᠷᠧᠯᠴᠦᠳ ᠢ ᠥᠪᠡᠷ ᠦᠨ ᠢᠶᠠᠨ ᠠᠵᠢᠯ ᠳᠤ ᠪᠣᠭᠣᠯᠴᠢᠯᠠᠭᠰᠠᠨ ᠦᠭᠡᠢ᠃ ᠢᠰᠷᠧᠯᠴᠦᠳ ᠨᠢ ᠪᠠᠢᠯᠳᠤᠭᠴᠢ᠂ ᠳᠠᠷᠤᠭ᠎ᠠ᠂ ᠪᠠᠢᠯᠳᠤᠭᠠᠨ ᠤ ᠲᠡᠷᠭᠡ ᠮᠣᠷᠢᠳ ᠢ ᠬᠠᠷᠢᠭᠤᠴᠠᠭᠴᠢ ᠪᠣᠯᠳᠠᠭ ᠪᠥᠭᠡᠳ 10 ᠰᠣᠯᠣᠮᠣᠨ ᠬᠠᠭᠠᠨ ᠤ ᠲᠥᠯᠥᠭᠡ ᠠᠵᠢᠯᠯᠠᠳᠠᠭ ᠳᠠᠷᠤᠭ᠎ᠠ ᠨᠠᠷ᠂ ᠠᠷᠠᠳ ᠣᠯᠠᠨ ᠢ ᠬᠢᠨᠠᠭᠴᠢᠳ ᠨᠢ ᠬᠣᠶᠠᠷ ᠵᠠᠭᠤ ᠲᠠᠪᠢᠨ ᠬᠥᠮᠦᠨ ᠪᠠᠢᠪᠠ᠃
11 ᠰᠣᠯᠣᠮᠣᠨ ᠳ᠋ᠠᠸᠢᠳ᠋ ᠤᠨ ᠬᠣᠲᠠ ᠠᠴᠠ ᠹᠠᠷᠠᠣ᠋ ᠶᠢᠨ ᠥᠬᠢᠨ ᠢ ᠥᠪᠡᠷ ᠲᠤᠨᠢ ᠵᠣᠷᠢᠭᠤᠯᠤᠨ ᠪᠠᠷᠢᠵᠤ ᠥᠭᠭᠥᠭᠰᠡᠨ ᠣᠷᠳᠣᠨ ᠤᠷᠤᠭᠤ ᠨᠢ ᠨᠡᠭᠦᠯᠭᠡᠵᠡᠢ᠃ ᠤᠴᠢᠷ ᠨᠢ ᠲᠡᠷᠡ᠄ 《ᠡᠬᠡᠨᠡᠷ ᠮᠢᠨᠢ ᠢᠰᠷᠧᠯ ᠤᠨ ᠬᠠᠭᠠᠨ ᠳ᠋ᠠᠸᠢᠳ᠋ ᠤᠨ ᠣᠷᠳᠣᠨ ᠳᠤ ᠰᠠᠭᠤᠵᠤ ᠪᠣᠯᠬᠤ ᠦᠭᠡᠢ᠃ ᠶᠣᠬᠣᠸᠠ ᠶᠢᠨ ᠠᠪᠳᠠᠷ᠎ᠠ ᠵᠠᠯᠠᠷᠠᠭᠰᠠᠨ ᠭᠠᠵᠠᠷ ᠤᠴᠢᠷ ᠠᠴᠠ ᠡ᠊ᠨᠳᠡᠬᠢ ᠨᠢ ᠠᠷᠢᠭᠤᠨ ᠭᠠᠵᠠᠷ ᠶᠤᠮ》 ᠭᠡᠵᠡᠢ᠃
12 ᠰᠣᠯᠣᠮᠣᠨ ᠬᠣᠩᠭᠢᠯ ᠤᠨ ᠤᠷᠳᠤ ᠲᠠᠯ᠎ᠠ ᠳᠤ ᠥᠪᠡᠷ ᠦᠨ ᠢᠶᠠᠨ ᠪᠣᠰᠬᠠᠭᠰᠠᠨ ᠶᠣᠬᠣᠸᠠ ᠶᠢᠨ ᠲᠠᠬᠢᠯ ᠤᠨ ᠰᠢᠷᠡᠭᠡᠨ ᠳᠡᠭᠡᠷ᠎ᠡ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠵᠡᠢ᠃ 13 ᠢᠩᠭᠢᠵᠦ ᠲᠡᠷᠡ ᠠᠮᠠᠷᠠᠯ ᠤᠨ ᠡᠳᠦᠷ᠂ ᠰᠢᠨ᠎ᠡ ᠰᠠᠷ᠎ᠠ ᠬᠢᠭᠡᠳ ᠵᠢᠯ ᠪᠦᠷᠢ ᠶᠢᠨ ᠲᠣᠭᠲᠠᠭᠰᠠᠨ ᠭᠤᠷᠪᠠᠨ ᠪᠠᠶᠠᠷ ᠪᠣᠯᠬᠤ ᠢᠰᠭᠡᠭᠡ ᠦᠭᠡᠢ ᠪᠣᠣᠪᠣ ᠶᠢᠨ ᠪᠠᠶᠠᠷ᠂ ᠳᠣᠯᠣᠭᠠᠨ ᠭᠠᠷᠠᠭ ᠤᠨ ᠪᠠᠶᠠᠷ᠂ ᠮᠠᠢᠬᠠᠨ ᠤ ᠪᠠᠶᠠᠷ ᠵᠡᠷᠭᠡ ᠡᠳᠦᠷ ᠤᠳ ᠲᠤ ᠮᠣᠰᠧ ᠶᠢᠨ ᠲᠤᠰᠢᠶᠠᠭᠰᠠᠨ ᠲᠠᠬᠢᠯ ᠤᠨ ᠵᠢᠷᠤᠮ ᠢ ᠳᠠᠭᠠᠵᠤ ᠪᠠᠢᠯ᠎ᠠ᠃ 14 ᠰᠣᠯᠣᠮᠣᠨ ᠡᠴᠢᠭᠡ ᠳ᠋ᠠᠸᠢᠳ᠋ ᠤᠨ ᠢᠶᠠᠨ ᠲᠣᠭᠲᠠᠭᠠᠭᠰᠠᠨ ᠶᠣᠰᠣᠭᠠᠷ ᠲᠠᠬᠢᠯᠴᠢᠳ ᠢ ᠪᠦᠯᠦᠭ ᠬᠤᠪᠢᠶᠠᠨ ᠦᠢᠯᠡᠴᠢᠯᠡᠭᠦᠯᠵᠦ᠂ ᠯᠧᠸᠢᠴᠦᠳ ᠢᠶᠡᠷ ᠡᠳᠦᠷ ᠪᠦᠷᠢ ᠶᠢᠨ ᠵᠢᠷᠤᠮ ᠤᠨ ᠳᠠᠭᠠᠤ ᠮᠠᠭᠲᠠᠭᠠᠯ ᠡᠷᠭᠦᠭᠦᠯᠬᠦ ᠪᠠ ᠲᠠᠬᠢᠯᠴᠢᠳ ᠲᠤ ᠲᠤᠰᠠᠯᠠᠭᠤᠯᠵᠤ᠂ ᠮᠥᠨ ᠬᠠᠭᠠᠯᠭᠠᠴᠢᠳ ᠢ ᠨᠢ ᠪᠦᠯᠦᠭ ᠬᠤᠪᠢᠶᠠᠨ ᠬᠠᠭᠠᠯᠭ᠎ᠠ ᠪᠣᠯᠭᠠᠨ ᠳᠡᠭᠡᠷ᠎ᠡ ᠲᠣᠮᠢᠯᠠᠪᠠ᠃ ᠪᠤᠷᠬᠠᠨ ᠤ ᠬᠥᠮᠦᠨ ᠳ᠋ᠠᠸᠢᠳ᠋ ᠡᠢᠨ ᠬᠦ ᠲᠤᠰᠢᠶᠠᠭᠰᠠᠨ ᠪᠠᠢᠵᠠᠢ᠃ 15 ᠲᠠᠬᠢᠯᠴᠢᠳ ᠪᠣᠯᠣᠨ ᠯᠧᠸᠢᠴᠦᠳ ᠬᠥᠮᠥᠷᠭᠡ ᠶᠢᠨ ᠠᠵᠢᠯ ᠮᠡᠲᠦ ᠶᠢᠨ ᠶᠠᠮᠠᠷ ᠠᠵᠢᠯ ᠳᠡᠭᠡᠷ᠎ᠡ ᠴᠤ ᠬᠠᠭᠠᠨ ᠤ ᠲᠤᠰᠢᠶᠠᠯ ᠢ ᠵᠥᠷᠢᠴᠡᠭᠰᠡᠨ ᠦᠭᠡᠢ᠃
16 ᠡᠢᠨ ᠬᠦ ᠶᠣᠬᠣᠸᠠ ᠶᠢᠨ ᠥᠷᠭᠥᠭᠡᠨ ᠦ ᠰᠠᠭᠤᠷᠢ ᠶᠢ ᠲᠠᠯᠪᠢᠭᠰᠠᠨ ᠡᠳᠦᠷ ᠡᠴᠡ ᠡᠬᠢᠯᠡᠨ ᠲᠡᠷᠡ ᠠᠵᠢᠯ ᠳᠠᠭᠤᠰᠬᠤ ᠬᠦᠷᠲᠡᠯ᠎ᠡ ᠰᠣᠯᠣᠮᠣᠨ ᠤ ᠪᠦᠬᠦ ᠠᠵᠢᠯ ᠭᠦᠢᠴᠡᠭᠰᠡᠨ ᠪᠠᠢᠨ᠎ᠠ᠃ ᠢᠩᠭᠢᠭᠡᠳ ᠶᠣᠬᠣᠸᠠ ᠶᠢᠨ ᠥᠷᠭᠥᠭᠡ ᠪᠡᠯᠡᠬᠡᠨ ᠪᠣᠯᠪᠠ᠃
17 ᠲᠡᠷᠡ ᠦᠶ᠎ᠡ ᠳᠦ ᠰᠣᠯᠣᠮᠣᠨ ᠡᠳᠣᠮ ᠨᠤᠲᠤᠭ ᠲᠤ᠂ ᠲᠠᠩᠭᠢᠰ ᠤᠨ ᠬᠥᠪᠡᠭᠡᠨ ᠳᠠᠬᠢ ᠡᠽᠢᠶᠣᠨ ᠭᠧᠪᠧᠷ ᠪᠣᠯᠣᠨ ᠡᠯᠠᠲ ᠤᠷᠤᠭᠤ ᠣᠴᠢᠭᠰᠠᠨ ᠳᠤ᠂ 18 ᠾᠢᠷᠠᠮ ᠲᠦᠰᠢᠮᠡᠳ ᠲᠡᠭᠡᠨ ᠲᠤᠰᠢᠶᠠᠨ᠂ ᠰᠣᠯᠣᠮᠣᠨ ᠳᠤ ᠬᠥᠯᠭᠡ ᠣᠩ᠋ᠭᠣᠴᠠ ᠪᠠ ᠲᠤᠷᠰᠢᠯᠭ᠎ᠠ ᠲᠠᠢ ᠳᠠᠯᠠᠢᠴᠢᠨ ᠵᠠᠷᠤᠴᠠ ᠨᠠᠷ ᠢᠶᠠᠨ ᠶᠠᠪᠤᠭᠤᠯᠵᠠᠢ᠃ ᠲᠡᠳᠡ ᠰᠣᠯᠣᠮᠣᠨ ᠤ ᠵᠠᠷᠤᠴᠠ ᠨᠠᠷ ᠲᠠᠢ ᠬᠠᠮᠲᠤ ᠣᠹᠢᠷ ᠲᠤ ᠣᠴᠢᠭᠠᠳ ᠲᠡᠨᠳᠡ ᠡᠴᠡ ᠰᠣᠯᠣᠮᠣᠨ ᠬᠠᠭᠠᠨ ᠳᠤ ᠳᠥᠷᠪᠡᠨ ᠵᠠᠭᠤ ᠲᠠᠪᠢᠨ ᠲᠠᠯᠠᠨᠲ 13 ᠠᠯᠲᠠ ᠠᠪᠴᠢᠷᠠᠵᠤ ᠥᠭᠭᠥᠭᠰᠡᠨ ᠶᠤᠮ᠃