ᠱᠠᠰᠲᠢᠷ ᠤᠨ ᠳᠡᠳ᠋ ᠬᠣᠷᠢᠨ ᠵᠢᠷᠭᠤᠭ᠎ᠠ
ᠶᠦᠳᠠ ᠶᠢᠨ ᠬᠠᠭᠠᠨ ᠦᠽᠢᠶ᠎ᠠ
1 ᠶᠦᠳᠠ ᠶᠢᠨ ᠪᠦᠬᠦ ᠠᠷᠠᠳ ᠲᠦᠮᠡᠨ ᠠᠷᠪᠠᠨ ᠵᠢᠷᠭᠤᠭᠠᠨ ᠨᠠᠰᠤᠲᠠᠢ ᠦᠽᠢᠶ᠎ᠠ ᠶᠢ ᠡᠴᠢᠭᠡ ᠠᠮᠠᠽᠢᠶ᠎ᠠ ᠶᠢᠨ ᠬᠢᠨᠢ ᠣᠷᠣᠨ ᠳᠤ ᠬᠠᠭᠠᠨ ᠢᠶᠠᠷ ᠡᠷᠭᠦᠮᠵᠢᠯᠡᠵᠡᠢ᠃ 2 ᠠᠮᠠᠽᠢᠶ᠎ᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠤ ᠳᠠᠷᠠᠭ᠎ᠠ᠂ ᠡᠯᠠᠲ ᠢ ᠰᠡᠷᠭᠦᠭᠡᠨ ᠪᠣᠰᠬᠠᠵᠤ ᠶᠦᠳᠠ ᠲᠠᠢ ᠳᠠᠬᠢᠨ ᠨᠢᠭᠡᠳᠬᠡᠭᠰᠡᠨ ᠨᠢ ᠲᠡᠷᠡ ᠶᠤᠮ᠃ 3 ᠦᠽᠢᠶ᠎ᠠ ᠠᠷᠪᠠᠨ ᠵᠢᠷᠭᠤᠭᠠᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠲᠠᠪᠢᠨ ᠬᠣᠶᠠᠷ ᠵᠢᠯ ᠬᠠᠭᠠᠨᠴᠢᠯᠠᠪᠠ᠃ ᠡᠬᠡ ᠨᠢ ᠶᠧᠷᠦ᠋ᠰᠠᠯᠧᠮ ᠬᠥᠮᠦᠨ ᠶᠧᠺᠣᠯᠢᠶᠠ ᠪᠠᠢᠪᠠ᠃ 4 ᠦᠽᠢᠶ᠎ᠠ ᠡᠴᠢᠭᠡ ᠠᠮᠠᠽᠢᠶ᠎ᠠ ᠶᠢᠨ ᠢᠶᠠᠨ ᠬᠢᠭᠰᠡᠨ ᠪᠦᠭᠦᠳᠡ ᠶᠢ ᠳᠠᠭᠤᠷᠢᠶᠠᠨ ᠶᠣᠬᠣᠸᠠ ᠶᠢᠨ ᠮᠡᠯᠮᠡᠢ ᠳᠦ ᠵᠥᠪ ᠢ ᠦᠢᠯᠡᠳᠴᠡᠢ᠂ 5 ᠽᠧᠺᠠᠷᠢᠶ᠎ᠠ ᠲᠡᠭᠦᠨ ᠳᠦ ᠪᠤᠷᠬᠠᠨ ᠠᠴᠠ ᠡᠮᠢᠶᠡᠬᠦ ᠶᠢ ᠰᠤᠷᠭᠠᠵᠤ ᠪᠠᠢᠭᠰᠠᠨ ᠡᠳᠦᠷ ᠤᠳ ᠲᠤ ᠲᠡᠷᠡ ᠪᠡᠷ ᠪᠤᠷᠬᠠᠨ ᠢ ᠬᠠᠢᠭᠰᠠᠨ ᠪᠥᠭᠡᠳ ᠶᠣᠬᠣᠸᠠ ᠶᠢ ᠬᠠᠢᠵᠤ ᠪᠠᠢᠬᠤ ᠳᠤᠨᠢ ᠪᠤᠷᠬᠠᠨ ᠲᠡᠭᠦᠨ ᠢ ᠠᠮᠵᠢᠯᠲᠠ ᠲᠠᠢ ᠪᠠᠢᠯᠭᠠᠪᠠ᠃
6 ᠲᠡᠷᠡ ᠭᠠᠷᠴᠤ ᠶᠠᠪᠤᠭᠠᠳ ᠹᠢᠯᠢᠰᠲ᠋ᠴᠦᠳ ᠲᠡᠢ ᠪᠠᠢᠯᠳᠤᠵᠤ᠂ ᠭᠠᠲ ᠤᠨ ᠬᠡᠷᠡᠮ᠂ ᠶᠠᠪᠨᠧ ᠶᠢᠨ ᠬᠡᠷᠡᠮ᠂ ᠠᠱᠠᠳᠣᠳ᠋ ᠤᠨ ᠬᠡᠷᠡᠮ ᠢ ᠨᠤᠷᠠᠭᠠᠨ ᠠᠱᠠᠳᠣᠳ᠋ ᠤᠨ ᠨᠤᠲᠤᠭ ᠪᠣᠯᠣᠨ ᠹᠢᠯᠢᠰᠲ ᠤᠨ ᠪᠤᠰᠤᠳ ᠭᠠᠵᠠᠷ ᠢᠶᠠᠷ ᠬᠣᠲᠠ ᠪᠠᠢᠭᠤᠯᠤᠭᠰᠠᠨ ᠪᠠᠢᠨ᠎ᠠ᠃ 7 ᠪᠤᠷᠬᠠᠨ ᠲᠡᠭᠦᠨ ᠳᠦ ᠲᠤᠰᠠᠯᠠᠭᠰᠠᠨ ᠳᠤ᠂ ᠲᠡᠷᠡ ᠹᠢᠯᠢᠰᠲ᠋ᠴᠦᠳ᠂ ᠮᠥᠨ ᠭᠦᠦᠷ ᠪᠠᠯ ᠳᠤ ᠰᠠᠭᠤᠳᠠᠭ ᠠᠷᠠᠪᠴᠤᠳ ᠪᠣᠯᠣᠨ ᠮᠧᠶᠦ᠋ᠨᠴᠦᠳ ᠢ ᠴᠣᠬᠢᠭᠰᠠᠨ ᠪᠥᠭᠡᠳ 8 ᠠᠮᠣᠨᠴᠤᠳ ᠴᠤ ᠦᠽᠢᠶ᠎ᠠ ᠳᠤ ᠠᠯᠪᠠ ᠭᠤᠪᠴᠢᠭᠤᠷ ᠪᠠᠷᠢᠪᠠ᠃ ᠦᠽᠢᠶ᠎ᠠ ᠠᠰᠤᠷᠤ ᠶᠡᠬᠡ ᠬᠦᠴᠦᠷᠬᠡᠭᠵᠢᠵᠦ᠂ ᠠᠯᠳᠠᠷ ᠨᠡᠷ᠎ᠡ ᠨᠢ ᠶᠧᠵᠢᠫᠲ ᠤᠨ ᠬᠢᠯᠢ ᠬᠦᠷᠲᠡᠯ᠎ᠡ ᠳᠠᠭᠤᠷᠢᠰᠪᠠ᠃ 9 ᠦᠽᠢᠶ᠎ᠠ ᠶᠧᠷᠦ᠋ᠰᠠᠯᠧᠮ ᠳᠤ ᠪᠤᠯᠤᠩ ᠤᠨ ᠬᠠᠭᠠᠯᠭ᠎ᠠ᠂ ᠬᠥᠨᠳᠡᠢ ᠶᠢᠨ ᠬᠠᠭᠠᠯᠭ᠎ᠠ ᠪᠣᠯᠣᠨ ᠬᠡᠷᠡᠮ ᠦᠨ ᠪᠤᠯᠤᠩ ᠳᠤ ᠣᠯᠠᠨ ᠴᠠᠮᠬᠠᠭ ᠪᠠᠷᠢᠵᠤ᠂ ᠲᠡᠳᠡᠭᠡᠷ ᠢ ᠪᠡᠬᠢᠯᠡᠪᠡ᠃ 10 ᠲᠡᠷᠡ ᠪᠡᠷ ᠴᠥᠯ ᠳᠤ ᠣᠯᠠᠨ ᠴᠠᠮᠬᠠᠭ ᠪᠣᠰᠬᠠᠵᠤ᠂ ᠣᠯᠠᠨ ᠬᠤᠳᠳᠤᠭ ᠤᠬᠤᠪᠠ᠃ ᠤᠴᠢᠷ ᠨᠢ ᠲᠡᠷᠡ ᠨᠠᠮ ᠳᠣᠣᠷ᠎ᠠ ᠭᠠᠵᠠᠷ ᠲᠤ ᠴᠤ᠂ ᠲᠠᠯ᠎ᠠ ᠭᠠᠵᠠᠷ ᠲᠤ ᠴᠤ ᠥᠨᠢᠷ ᠣᠯᠠᠨ ᠮᠠᠯ ᠰᠦᠷᠦᠭ ᠲᠡᠢ᠂ ᠠᠭᠤᠯᠠᠷᠬᠠᠭ ᠨᠤᠲᠤᠭ ᠲᠤ ᠴᠤ᠂ ᠦᠷᠡᠵᠢᠯ ᠰᠢᠮᠡᠲᠡᠢ ᠲᠠᠯᠠᠪᠠᠢ ᠳᠤ ᠴᠤ ᠲᠠᠷᠢᠶᠠᠴᠢᠳ᠂ ᠦᠵᠦᠮᠴᠢᠳ ᠲᠠᠢ ᠪᠠᠢᠪᠠ᠂ ᠲᠡᠷᠡ ᠭᠠᠵᠠᠷ ᠰᠢᠷᠣᠢ ᠳᠤ ᠬᠠᠢᠷᠠᠲᠠᠢ ᠬᠥᠮᠦᠨ ᠪᠠᠢᠪᠠ᠃ 11 ᠦᠽᠢᠶ᠎ᠠ ᠪᠠᠢᠯᠳᠤᠬᠤ ᠳᠤ ᠪᠡᠯᠡᠬᠡᠨ ᠴᠡᠷᠢᠭ ᠲᠠᠢ᠂ ᠲᠡᠳᠡᠨ ᠢ ᠴᠤᠭᠯᠠᠭᠤᠯᠵᠤ ᠵᠣᠬᠢᠶᠠᠨ ᠪᠠᠢᠭᠤᠯᠤᠭᠴᠢ ᠨᠢ ᠪᠢᠴᠢᠭᠡᠴᠢ ᠶᠧᠶᠧᠯ᠂ ᠲᠦᠰᠢᠮᠡᠯ ᠮᠠᠶᠠᠰᠧᠶ᠎ᠠ᠂ ᠤᠳᠤᠷᠢᠳᠤᠭᠴᠢ ᠨᠢ ᠬᠠᠭᠠᠨ ᠤ ᠵᠠᠩᠵᠤᠨ ᠬᠠᠨᠠᠨᠢᠶ᠎ᠠ᠂ 12 ᠳᠠᠷᠤᠭ᠎ᠠ ᠨᠠᠷ ᠨᠢ ᠭᠡᠷ ᠪᠦᠯᠢ ᠶᠢᠨ ᠠᠬᠠᠮᠠᠳ (ᠬᠣᠶᠠᠷ ᠮᠢᠩ᠋ᠭ᠎ᠠ ᠵᠢᠷᠭᠤᠭᠠᠨ ᠵᠠᠭᠤᠨ ᠬᠥᠮᠦᠨ) ᠪᠥᠭᠡᠳ 13 ᠲᠡᠳᠡᠨ ᠦ ᠭᠠᠷ ᠳᠣᠣᠷ᠎ᠠ ᠭᠤᠴᠢᠨ ᠲᠦᠮᠡ ᠳᠣᠯᠣᠭᠠᠨ ᠮᠢᠩ᠋ᠭ᠎ᠠ ᠲᠠᠪᠤᠨ ᠵᠠᠭᠤᠨ ᠬᠦᠴᠦᠲᠦ ᠴᠡᠷᠢᠭ ᠪᠠᠢᠪᠠ᠃ ᠲᠡᠳᠡ ᠬᠠᠭᠠᠨ ᠢ ᠳᠠᠮᠵᠢᠨ ᠳᠠᠢᠰᠤᠨ ᠢ ᠴᠣᠬᠢᠳᠠᠭ ᠪᠥᠭᠡᠳ ᠬᠦᠴᠦᠷᠬᠡᠭ᠂ ᠲᠤᠯᠤᠯᠳᠤᠬᠤ ᠴᠢᠳᠠᠪᠤᠷᠢ ᠲᠠᠢ ᠶᠤᠮ᠃ 14 ᠦᠽᠢᠶ᠎ᠠ ᠡᠳᠡᠭᠡᠷ ᠪᠦᠬᠦ ᠴᠡᠷᠢᠭ ᠲᠤ ᠪᠠᠮᠪᠠᠢ᠂ ᠵᠢᠳᠠ᠂ ᠳᠤᠭᠤᠯᠠᠭ᠎ᠠ᠂ ᠬᠤᠶᠠᠭ᠂ ᠨᠤᠮᠤ ᠰᠤᠮᠤ ᠪᠣᠯᠣᠨ ᠴᠢᠯᠠᠭᠤ ᠳᠦᠦᠭᠡᠦᠷᠳᠡᠬᠦ ᠬᠡᠷᠡᠭᠰᠡᠯ ᠪᠡᠯᠡᠳᠬᠡᠵᠦ ᠥᠭᠭᠥᠭᠰᠡᠨ ᠪᠢᠯᠡ᠃ 15 ᠲᠡᠷᠡ ᠶᠧᠷᠦ᠋ᠰᠠᠯᠧᠮ ᠳᠤ ᠳᠠᠷᠬᠠᠳ ᠢᠶᠠᠷ ᠰᠤᠮᠤ ᠪᠣᠯᠣᠨ ᠲᠣᠮᠣ ᠴᠢᠯᠠᠭᠤ ᠬᠠᠷᠪᠤᠬᠤ ᠪᠠᠭᠠᠵᠢ ᠬᠢᠯᠭᠡᠵᠦ᠂ ᠴᠠᠮᠬᠠᠭ ᠪᠠ ᠪᠡᠬᠢᠯᠡᠯᠲᠡ ᠶᠢᠨ ᠪᠤᠯᠤᠩ ᠳᠤ ᠪᠠᠢᠷᠢᠯᠠᠭᠤᠯᠵᠠᠢ᠃ ᠭᠠᠢᠬᠠᠮᠰᠢᠭᠲᠠᠢ ᠲᠤᠰᠠᠯᠠᠮᠵᠢ ᠪᠠᠷ ᠬᠦᠴᠦᠷᠬᠡᠭ ᠪᠣᠯᠣᠭᠰᠠᠨ ᠲᠡᠭᠦᠨ ᠦ ᠨᠡᠷ᠎ᠡ ᠬᠣᠯᠠ ᠣᠢᠷ᠎ᠠ ᠳᠤ ᠠᠯᠳᠠᠷᠰᠢᠭᠰᠠᠨ ᠪᠠᠢᠨ᠎ᠠ᠃
16 ᠭᠡᠪᠡᠴᠦ ᠦᠽᠢᠶ᠎ᠠ ᠬᠦᠴᠦᠷᠬᠡᠭ ᠪᠣᠯᠣᠭᠰᠠᠨ ᠤ ᠪᠠᠨ ᠳᠠᠷᠠᠭ᠎ᠠ᠂ ᠪᠠᠷᠳᠠᠮᠨᠠᠵᠤ᠂ ᠵᠠᠪᠬᠠᠢᠷᠠᠵᠤ᠂ ᠶᠣᠬᠣᠸᠠ ᠪᠤᠷᠬᠠᠨ ᠳᠠᠭᠠᠨ ᠢᠲᠡᠭᠡᠮᠵᠢ ᠦᠭᠡᠢ ᠬᠠᠨᠳᠤᠪᠠ᠃ ᠲᠡᠷᠡ ᠪᠡᠷ ᠶᠣᠬᠣᠸᠠ ᠶᠢᠨ ᠣᠷᠳᠣᠨ ᠳᠤ ᠣᠷᠣᠵᠤ ᠲᠠᠬᠢᠯ ᠤᠨ ᠰᠢᠷᠡᠭᠡᠨ ᠳᠡᠭᠡᠷ᠎ᠡ ᠤᠲᠤᠯᠭ᠎ᠠ ᠤᠭᠤᠭᠢᠭᠤᠯᠬᠤ ᠭᠡᠪᠡ᠃ 17 ᠲᠠᠬᠢᠯᠴᠢ ᠠᠽᠠᠷᠢᠶ᠎ᠠ ᠶᠣᠬᠣᠸᠠ ᠶᠢᠨ ᠨᠠᠶᠠᠨ ᠵᠣᠷᠢᠭᠲᠤ ᠲᠠᠬᠢᠯᠴᠢ ᠶᠢ ᠳᠠᠭᠠᠭᠤᠯᠤᠨ ᠲᠡᠭᠦᠨ ᠦ ᠠᠷᠤ ᠠᠴᠠ ᠣᠷᠣᠵᠤ᠂ 18 ᠦᠽᠢᠶ᠎ᠠ ᠬᠠᠭᠠᠨ ᠢ ᠬᠣᠷᠢᠭᠯᠠᠨ ᠲᠡᠭᠦᠨ ᠳᠦ᠄ 《ᠦᠽᠢᠶ᠎ᠠ᠂ ᠶᠣᠬᠣᠸᠠ ᠳᠤ ᠤᠲᠤᠯᠭ᠎ᠠ ᠤᠭᠤᠭᠢᠭᠤᠯᠬᠤ ᠨᠢ ᠲᠠᠨ ᠤ ᠡᠭᠦᠷᠭᠡ ᠪᠢᠰᠢ᠂ ᠬᠠᠷᠢᠨ ᠤᠲᠤᠯᠭ᠎ᠠ ᠤᠭᠤᠭᠢᠭᠤᠯᠬᠤ ᠪᠠᠷ ᠲᠤᠰᠠᠭᠠᠷᠯᠠᠭᠳᠠᠭᠰᠠᠨ ᠠᠷᠣᠨ ᠤ ᠦᠷ᠎ᠡ ᠤᠳᠤᠮ ᠤᠨ ᠲᠠᠬᠢᠯᠴᠢᠳ ᠤᠨ ᠡᠭᠦᠷᠭᠡ ᠶᠤᠮ᠃ ᠲᠠ ᠢᠲᠡᠭᠡᠮᠵᠢ ᠦᠭᠡᠢ ᠬᠠᠨᠳᠤᠭᠰᠠᠨ ᠲᠤᠯᠠ ᠠᠷᠢᠭᠤᠨ ᠭᠠᠵᠠᠷ ᠠᠴᠠ ᠭᠠᠷᠤᠭᠠᠷᠠᠢ᠂ ᠶᠣᠬᠣᠸᠠ ᠪᠤᠷᠬᠠᠨ ᠲᠠᠨ ᠳᠤ ᠬᠦᠨᠳᠦᠯᠡᠯ ᠥᠭᠬᠦ ᠦᠭᠡᠢ》 ᠭᠡᠬᠦ ᠳᠦ᠂ 19 ᠦᠽᠢᠶ᠎ᠠ ᠬᠢᠯᠢᠩᠨᠡᠪᠡ᠃ ᠲᠡᠷᠡ ᠤᠲᠤᠯᠭ᠎ᠠ ᠤᠭᠤᠭᠢᠭᠤᠯᠬᠤ ᠪᠣᠢᠫᠣᠷ ᠪᠠᠷᠢᠵᠤ ᠪᠠᠢᠭᠰᠠᠨ ᠪᠥᠭᠡᠳ ᠲᠠᠬᠢᠯᠴᠢᠳ ᠲᠤ ᠬᠢᠯᠢᠩᠨᠡᠲᠡᠯᠡ ᠶᠣᠬᠣᠸᠠ ᠶᠢᠨ ᠥᠷᠭᠥᠭᠡᠨ ᠳᠦ᠂ ᠤᠲᠤᠯᠭᠠᠲᠤ ᠲᠠᠬᠢᠯ ᠤᠨ ᠰᠢᠷᠡᠭᠡᠨ ᠦ ᠳᠡᠷᠭᠡᠳᠡ ᠪᠠᠢᠭᠰᠠᠨ ᠲᠠᠬᠢᠯᠴᠢᠳ ᠤᠨ ᠡᠮᠦᠨ᠎ᠡ ᠲᠡᠭᠦᠨ ᠦ ᠮᠠᠩᠨᠠᠢ ᠳᠡᠭᠡᠷ᠎ᠡ ᠤᠶᠠᠮᠠᠨ ᠡᠪᠡᠳᠴᠢᠨ ᠭᠠᠷᠴᠠᠢ᠃ 20 ᠠᠬᠠᠯᠠᠬᠤ ᠲᠠᠬᠢᠯᠴᠢ ᠠᠽᠠᠷᠢᠶ᠎ᠠ ᠪᠣᠯᠣᠨ ᠲᠠᠬᠢᠯᠴᠢᠳ ᠪᠦᠭᠦᠳᠡᠭᠡᠷ ᠲᠡᠭᠦᠨ ᠤᠷᠤᠭᠤ ᠡᠷᠭᠢᠵᠦ ᠬᠠᠷᠠᠲᠠᠯ᠎ᠠ ᠮᠠᠩᠨᠠᠢ ᠳᠡᠭᠡᠷ᠎ᠡ ᠨᠢ ᠤᠶᠠᠮᠠᠨ ᠡᠪᠡᠳᠴᠢᠨ ᠲᠤᠰᠤᠭᠰᠠᠨ ᠪᠠᠢᠪᠠ︕ ᠶᠣᠬᠣᠸᠠ ᠲᠡᠭᠦᠨ ᠢ ᠴᠣᠬᠢᠭᠰᠠᠨ ᠤᠴᠢᠷ ᠠᠴᠠ ᠲᠡᠳᠡ ᠲᠡᠭᠦᠨ ᠢ ᠲᠡᠨᠳᠡ ᠡᠴᠡ ᠶᠠᠭᠠᠷᠠᠪᠴᠢᠯᠠᠨ ᠭᠠᠷᠭᠠᠭᠰᠠᠨ ᠪᠥᠭᠡᠳ ᠦᠽᠢᠶ᠎ᠠ ᠥᠪᠡᠷ ᠢᠶᠡᠨ ᠴᠤ ᠶᠠᠭᠠᠷᠠᠨ ᠭᠠᠷᠴᠠᠢ᠃ 21 ᠦᠽᠢᠶ᠎ᠠ ᠬᠠᠭᠠᠨ ᠨᠠᠰᠤ ᠪᠠᠷᠠᠬᠤ ᠡᠳᠦᠷ ᠢᠶᠡᠨ ᠬᠦᠷᠲᠡᠯ᠎ᠡ ᠤᠶᠠᠮᠠᠨ ᠡᠪᠡᠳᠴᠢᠨ ᠲᠡᠢ ᠪᠠᠢᠭᠰᠠᠭᠠᠷ ᠪᠠᠢᠯ᠎ᠠ᠃ ᠲᠡᠷᠡ ᠪᠡᠷ ᠶᠣᠬᠣᠸᠠ ᠶᠢᠨ ᠥᠷᠭᠥᠭᠡᠨ ᠡᠴᠡ ᠲᠤᠰᠠᠭᠠᠷᠯᠠᠭᠳᠠᠵᠤ ᠤᠶᠠᠮᠠᠨ ᠡᠪᠡᠳᠴᠢᠨ ᠲᠡᠢ ᠪᠠᠢᠭᠰᠠᠭᠠᠷ ᠥᠪᠡᠷ ᠦᠨ ᠢᠶᠠᠨ ᠭᠡᠷ ᠲᠦ ᠲᠤᠰᠠᠭᠠᠷ ᠰᠠᠭᠤᠳᠠᠭ ᠪᠣᠯᠵᠠᠢ᠃ ᠬᠠᠭᠠᠨ ᠤ ᠬᠦᠦ ᠶᠣᠲ᠋ᠠᠮ ᠬᠠᠭᠠᠨ ᠤ ᠣᠷᠳᠣᠨ ᠤ ᠬᠢᠨ ᠢᠶᠠᠨ ᠲᠣᠯᠣᠭᠠᠢᠯᠠᠨ᠂ ᠭᠠᠵᠠᠷ ᠤᠨ ᠠᠷᠠᠳ ᠲᠦᠮᠡᠨ ᠢᠶᠡᠨ ᠵᠠᠬᠢᠷᠴᠠᠢ᠃
22 ᠦᠽᠢᠶ᠎ᠠ ᠶᠢᠨ ᠪᠤᠰᠤᠳ ᠶᠠᠪᠤᠳᠠᠯ ᠢ ᠡᠬᠢᠨ ᠡᠴᠡ ᠨᠢ ᠳᠠᠭᠤᠰᠲᠠᠯ᠎ᠠ ᠠᠮᠣᠽ ᠤᠨ ᠬᠦᠦ᠂ ᠡᠰᠢ ᠦᠵᠡᠭᠦᠯᠦᠭᠴᠢ ᠢᠰᠠᠢᠶ᠎ᠠ ᠪᠢᠴᠢᠭᠰᠡᠨ ᠪᠢᠯᠡ᠃ 23 ᠦᠽᠢᠶ᠎ᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠥᠮᠦᠰ ᠲᠡᠭᠦᠨ ᠢ ᠤᠶᠠᠮᠠᠨ ᠡᠪᠡᠳᠴᠢᠨ ᠲᠡᠢ ᠭᠡᠳ ᠬᠠᠭᠠᠳ ᠤᠨ ᠪᠤᠯᠠᠰᠢᠨ ᠤ ᠬᠠᠵᠠᠭᠤ ᠳᠠᠬᠢ ᠲᠠᠯᠠᠪᠠᠢ ᠳᠤ ᠡᠴᠢᠭᠡ ᠡᠪᠦᠭᠡᠳ ᠦᠨ ᠬᠢᠨᠢ ᠳᠡᠷᠭᠡᠳᠡ ᠣᠷᠣᠰᠢᠭᠤᠯᠵᠠᠢ᠃ ᠬᠦᠦ ᠶᠣᠲ᠋ᠠᠮ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃