1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢᠨ ᠭᠤᠷᠪᠠ
 ᠬᠠᠭᠠᠨ ᠰᠢᠷᠡᠭᠡ ᠶᠢ ᠪᠤᠴᠠᠭᠠᠵᠤ ᠠᠪᠤᠪᠠ

1 ᠳᠣᠯᠣᠳᠠᠬᠢ ᠵᠢᠯ ᠳᠦᠨᠢ ᠶᠧᠬᠣᠶᠠᠳᠠ ᠵᠣᠷᠢᠭ ᠭᠠᠷᠭᠠᠨ ᠶᠧᠷᠣᠬᠠᠮ ᠤᠨ ᠬᠦᠦ ᠠᠽᠠᠷᠢᠶ᠎ᠠ᠂ ᠶᠧᠬᠣᠬᠠᠨᠠᠨ ᠤ ᠬᠦᠦ ᠢᠱᠮᠠᠶᠧᠯ᠂ ᠣᠪᠧᠳ᠋ ᠤᠨ ᠬᠦᠦ ᠠᠽᠠᠷᠢᠶ᠎ᠠ᠂ ᠠᠳᠠᠢᠶᠠ ᠶᠢᠨ ᠬᠦᠦ ᠮᠠᠶᠠᠰᠧᠶ᠎ᠠ᠂ ᠽᠢᠺᠷᠢ ᠶᠢᠨ ᠬᠦᠦ ᠡᠯᠢᠱᠠᠹᠠᠲ ᠵᠡᠷᠭᠡ ᠵᠠᠭᠤᠲᠤ ᠶᠢᠨ ᠳᠠᠷᠤᠭ᠎ᠠ ᠨᠠᠷ ᠲᠠᠢ ᠭᠡᠷ᠎ᠡ ᠪᠠᠢᠭᠤᠯᠪᠠ᠃ 2 ᠲᠡᠳᠡ ᠪᠦᠬᠦ ᠶᠦᠳᠠ ᠪᠠᠷ ᠶᠠᠪᠤᠵᠤ᠂ ᠶᠦᠳᠠ ᠶᠢᠨ ᠪᠦᠬᠦ ᠬᠣᠲᠠ ᠠᠴᠠ ᠯᠧᠸᠢᠴᠦᠳ ᠪᠣᠯᠣᠨ ᠢᠰᠷᠧᠯ ᠤᠨ ᠪᠦᠯᠢ ᠶᠢᠨ ᠲᠡᠷᠢᠭᠦᠳ ᠢ ᠴᠤᠭᠯᠠᠭᠤᠯᠵᠤ᠂ ᠶᠧᠷᠦ᠋ᠰᠠᠯᠧᠮ ᠳᠤ ᠢᠷᠡᠭᠦᠯᠵᠡᠢ᠃ 3 ᠪᠦᠬᠦ ᠴᠢᠭᠤᠯᠭᠠᠨ ᠪᠤᠷᠬᠠᠨ ᠤ ᠥᠷᠭᠥᠭᠡᠨ ᠳᠦ ᠬᠠᠭᠠᠨ ᠲᠠᠢ ᠭᠡᠷ᠎ᠡ ᠪᠠᠢᠭᠤᠯᠪᠠ᠃ ᠶᠧᠬᠣᠶᠠᠳᠠ ᠲᠡᠳᠡᠨ ᠳᠦ᠄ 《ᠬᠠᠭᠠᠨ ᠤ ᠬᠥᠪᠡᠭᠦᠨ ᠡ᠊ᠨᠳᠡ ᠪᠠᠢᠨ᠎ᠠ᠂ ᠳ᠋ᠠᠸᠢᠳ᠋ ᠤᠨ ᠦᠷ᠎ᠡ ᠤᠳᠤᠮ ᠤᠨ ᠲᠤᠬᠠᠢ ᠶᠣᠬᠣᠸᠠ ᠶᠢᠨ ᠠᠮᠠᠯᠠᠭᠰᠠᠨ ᠬᠠᠭᠠᠨ ᠪᠣᠯᠬᠤ ᠶᠣᠰᠣᠲᠠᠢ ᠨᠢᠭᠡᠨ ᠨᠢ ᠡᠨᠡ ᠮᠥᠨ᠃ 4 ᠲᠠ ᠨᠠᠷ ᠢᠩᠭᠢᠵᠦ ᠬᠢ᠄ ᠠᠮᠠᠷᠠᠯ ᠤᠨ ᠡᠳᠦᠷ ᠡᠭᠡᠯᠵᠢ ᠲᠠᠢ ᠲᠠᠬᠢᠯᠴᠢᠳ ᠪᠣᠯᠣᠨ ᠯᠧᠸᠢᠴᠦᠳ ᠲᠠ ᠪᠦᠭᠦᠳᠡ ᠶᠢᠨ ᠭᠤᠷᠪᠠᠨ ᠤ ᠨᠢᠭᠡ ᠨᠢ ᠬᠠᠭᠠᠯᠭ᠎ᠠ ᠨᠤᠭᠤᠳ ᠢ ᠬᠠᠷᠠᠭᠤᠯᠳᠠᠵᠤ᠂ 5 ᠭᠤᠷᠪᠠᠨ ᠤ ᠨᠢᠭᠡ ᠨᠢ ᠬᠠᠭᠠᠨ ᠤ ᠣᠷᠳᠣᠨ ᠢ᠂ ᠭᠤᠷᠪᠠᠨ ᠤ ᠨᠢᠭᠡ ᠨᠢ 〈ᠰᠠᠭᠤᠷᠢ ᠶᠢᠨ ᠬᠠᠭᠠᠯᠭ᠎ᠠ〉 ᠶᠢ ᠬᠠᠷᠠᠭᠤᠯᠳᠠᠭᠠᠷᠠᠢ᠃ ᠪᠤᠰᠤᠳ ᠬᠥᠮᠦᠰ ᠨᠢ ᠶᠣᠬᠣᠸᠠ ᠶᠢᠨ ᠥᠷᠭᠥᠭᠡᠨ ᠦ ᠬᠦᠷᠢᠶᠡᠨ ᠳᠦ ᠪᠠᠢᠭᠠᠷᠠᠢ᠃ 6 ᠡᠭᠡᠯᠵᠢ ᠲᠠᠢ ᠲᠠᠬᠢᠯᠴᠢᠳ ᠪᠣᠯᠣᠨ ᠯᠧᠸᠢᠴᠦᠳ ᠡᠴᠡ ᠥᠭᠡᠷ᠎ᠡ ᠬᠡᠨ ᠴᠤ ᠶᠣᠬᠣᠸᠠ ᠶᠢᠨ ᠥᠷᠭᠥᠭᠡᠨ ᠳᠦ ᠣᠷᠣᠵᠤ ᠪᠣᠯᠬᠤ ᠦᠭᠡᠢ᠃ ᠲᠡᠳᠡ ᠠᠷᠢᠭᠤᠨ ᠪᠣᠯᠬᠣᠷ ᠣᠷᠣᠵᠤ ᠪᠣᠯᠣᠨ᠎ᠠ᠂ ᠭᠡᠪᠡᠴᠦ ᠪᠤᠰᠤᠳ ᠨᠢ ᠶᠣᠬᠣᠸᠠ ᠶᠢᠨ ᠰᠠᠬᠢᠭᠤᠯᠤᠭᠰᠠᠨ ᠢ ᠰᠠᠬᠢᠬᠤ ᠶᠣᠰᠣᠲᠠᠢ᠃ 7 ᠯᠧᠸᠢᠴᠦᠳ ᠭᠠᠷ ᠲᠠᠭᠠᠨ ᠵᠡᠷ ᠵᠡᠪᠰᠡᠭ ᠢᠶᠡᠨ ᠪᠠᠷᠢᠨ ᠬᠠᠭᠠᠨ ᠢ ᠬᠦᠷᠢᠶᠡᠯᠡᠨ ᠵᠣᠭᠰᠣᠵᠤ᠂ ᠬᠡᠨ ᠥᠷᠭᠥᠭᠡᠨ ᠳᠦ ᠣᠷᠣᠬᠤ ᠭᠡᠪᠡᠯ᠂ ᠲᠡᠭᠦᠨ ᠢ ᠠᠯᠠ᠃ ᠬᠠᠭᠠᠨ ᠭᠠᠷᠴᠤ ᠣᠷᠣᠬᠤ ᠪᠦᠷᠢ ᠳᠤ ᠲᠡᠭᠦᠨ ᠲᠡᠢ ᠬᠠᠮᠲᠤ ᠪᠠᠢᠵᠠᠭ᠎ᠠ》 ᠭᠡᠪᠡ᠃

8 ᠯᠧᠸᠢᠴᠦᠳ ᠪᠣᠯᠣᠨ ᠪᠦᠬᠦ ᠶᠦᠳᠠ ᠬᠥᠮᠦᠨ ᠲᠠᠬᠢᠯᠴᠢ ᠶᠧᠬᠣᠶᠠᠳᠠ ᠶᠢᠨ ᠲᠤᠰᠢᠶᠠᠭᠰᠠᠨ ᠪᠦᠬᠦᠨ ᠦ ᠶᠣᠰᠣᠭᠠᠷ ᠭᠦᠢᠴᠡᠳᠬᠡᠪᠡ᠃ ᠲᠠᠬᠢᠯᠴᠢ ᠶᠧᠬᠣᠶᠠᠳᠠ ᠠᠯᠢ ᠴᠤ ᠪᠦᠯᠦᠭ ᠢ ᠲᠠᠷᠬᠠᠭᠠᠭ᠎ᠠ ᠦᠭᠡᠢ ᠤᠴᠢᠷ ᠠᠴᠠ ᠲᠡᠳᠡᠨ ᠦ ᠬᠥᠮᠦᠨ ᠪᠦᠷᠢ ᠠᠮᠠᠷᠠᠯ ᠤᠨ ᠡᠳᠦᠷ ᠣᠷᠣᠵᠤ ᠭᠠᠷᠳᠠᠭ ᠪᠦᠬᠦ ᠬᠠᠷᠢᠶ᠎ᠠ ᠬᠥᠮᠦᠰ ᠢᠶᠡᠨ ᠳᠠᠭᠠᠭᠤᠯᠤᠨ ᠢᠷᠡᠪᠡ᠃ 9 ᠲᠠᠬᠢᠯᠴᠢ ᠶᠧᠬᠣᠶᠠᠳᠠ ᠵᠠᠭᠤᠲᠤ ᠶᠢᠨ ᠳᠠᠷᠤᠭ᠎ᠠ ᠨᠠᠷ ᠲᠤ ᠪᠤᠷᠬᠠᠨ ᠤ ᠥᠷᠭᠥᠭᠡᠨ ᠳᠦ ᠪᠠᠢᠭᠰᠠᠨ ᠳ᠋ᠠᠸᠢᠳ᠋ ᠬᠠᠭᠠᠨ ᠤ ᠵᠢᠳᠠ᠂ ᠲᠣᠮᠣ ᠵᠢᠵᠢᠭ ᠪᠠᠮᠪᠠᠢ ᠨᠤᠭᠤᠳ ᠢ ᠥᠭᠪᠡ᠃ 10 ᠲᠡᠷᠡ ᠪᠡᠷ ᠲᠣᠷᠭᠠᠨ ᠴᠡᠷᠢᠭ ᠤᠨ ᠬᠥᠮᠦᠨ ᠪᠦᠷᠢ ᠳᠤ ᠥᠪᠡᠷ ᠦᠨ ᠬᠢᠨᠢ ᠵᠡᠪᠰᠡᠭ ᠢ ᠪᠠᠷᠢᠭᠤᠯᠵᠤ᠂ ᠬᠠᠭᠠᠨ ᠢ ᠬᠦᠷᠢᠶᠡᠯᠡᠭᠦᠯᠦᠨ ᠲᠠᠬᠢᠯ ᠤᠨ ᠰᠢᠷᠡᠭᠡ ᠪᠣᠯᠣᠨ ᠥᠷᠭᠥᠭᠡᠨ ᠦ ᠣᠢᠷᠠᠯᠴᠠᠭ᠎ᠠ᠂ ᠥᠷᠭᠥᠭᠡᠨ ᠦ ᠪᠠᠷᠠᠭᠤᠨ ᠲᠠᠯ᠎ᠠ ᠠᠴᠠ ᠵᠡᠭᠦᠨ ᠲᠠᠯ᠎ᠠ ᠬᠦᠷᠲᠡᠯ᠎ᠡ ᠵᠣᠭᠰᠣᠭᠠᠵᠠᠢ᠃ 11 ᠶᠧᠬᠣᠶᠠᠳᠠ ᠬᠥᠪᠡᠭᠦᠳ ᠲᠡᠢ ᠪᠡᠨ ᠬᠠᠮᠲᠤ ᠬᠠᠭᠠᠨ ᠤ ᠬᠦᠦ ᠶᠢ ᠭᠠᠷᠭᠠᠨ ᠠᠪᠴᠢᠷᠠᠪᠠ᠃ ᠲᠡᠳᠡ ᠲᠡᠭᠦᠨ ᠳᠦ ᠲᠢᠲᠢᠮ ᠡᠮᠦᠰᠬᠡᠨ᠂ ᠭᠡᠷ᠎ᠡ ᠶᠢᠨ ᠪᠢᠴᠢᠭ ᠢ ᠥᠭᠴᠦ᠂ ᠲᠡᠭᠦᠨ ᠢ ᠬᠠᠭᠠᠨ ᠪᠣᠯᠭᠠᠨ ᠲᠣᠰᠣᠯᠠᠵᠤ᠄ 《ᠬᠠᠭᠠᠨ ᠮᠠᠨᠳᠤᠲᠤᠭᠠᠢ︕》 ᠭᠡᠵᠡᠭᠡᠯ᠎ᠡ᠃

12 ᠠᠲ᠋ᠠᠯᠢᠶ᠎ᠠ ᠠᠷᠠᠳ ᠲᠦᠮᠡᠨ ᠦ ᠭᠦᠶᠦᠯᠳᠦᠬᠦ ᠴᠢᠮᠡᠭᠡ ᠪᠣᠯᠣᠨ ᠬᠠᠭᠠᠨ ᠢ ᠮᠠᠭᠲᠠᠬᠤ ᠶᠢ ᠰᠣᠨᠣᠰᠣᠭᠠᠳ ᠶᠣᠬᠣᠸᠠ ᠶᠢᠨ ᠥᠷᠭᠥᠭᠡᠨ ᠳᠦ ᠴᠤᠭᠯᠠᠷᠠᠭᠰᠠᠨ ᠣᠯᠠᠨ ᠤᠷᠤᠭᠤ ᠣᠴᠢᠵᠤ 13 ᠬᠠᠷᠠᠬᠤ ᠳᠤ᠂ ᠬᠠᠭᠠᠨ ᠡᠭᠦᠳᠡᠨ ᠦ ᠪᠠᠭᠠᠨ᠎ᠠ ᠶᠢᠨ ᠬᠠᠵᠠᠭᠤ ᠳᠤ ᠵᠣᠭᠰᠣᠵᠤ᠂ ᠨᠣᠶᠠᠳ ᠪᠣᠯᠣᠨ ᠪᠦᠷᠢᠶᠡᠴᠢᠳ ᠬᠠᠭᠠᠨ ᠤ ᠳᠡᠷᠭᠡᠳᠡ ᠵᠣᠭᠰᠣᠵᠤ ᠪᠠᠢᠯ᠎ᠠ᠃ ᠭᠠᠵᠠᠷ ᠤᠨ ᠪᠦᠬᠦ ᠠᠷᠠᠳ ᠲᠦᠮᠡᠨ ᠪᠠᠶᠠᠷᠯᠠᠯᠳᠤᠨ ᠪᠦᠷᠢᠶ᠎ᠡ ᠪᠡᠨ ᠬᠦᠩᠭᠢᠨᠡᠭᠦᠯᠵᠦ᠂ ᠳᠠᠭᠤᠴᠢᠳ ᠬᠥᠭᠵᠢᠮᠳᠡᠨ ᠮᠠᠭᠲᠠᠭᠠᠯ ᠢ ᠤᠳᠤᠷᠢᠳᠴᠤ ᠪᠠᠢᠯ᠎ᠠ᠃ ᠠᠲ᠋ᠠᠯᠢᠶ᠎ᠠ ᠬᠤᠪᠴᠠᠰᠤ ᠪᠠᠨ ᠤᠷᠠᠭᠠᠳ᠄ 《ᠤᠷᠪᠠᠯᠲᠠ︕ ᠤᠷᠪᠠᠯᠲᠠ︕》 ᠭᠡᠵᠦ ᠬᠠᠰᠬᠢᠷᠪᠠ᠃ 14 ᠲᠠᠬᠢᠯᠴᠢ ᠶᠧᠬᠣᠶᠠᠳᠠ ᠴᠡᠷᠢᠭ ᠢ ᠤᠳᠤᠷᠢᠳᠳᠠᠭ ᠵᠠᠭᠤᠲᠤ ᠶᠢᠨ ᠳᠠᠷᠤᠭ᠎ᠠ ᠨᠠᠷ ᠢ ᠶᠠᠪᠤᠭᠤᠯᠵᠤ᠄ 《ᠲᠡᠷᠡ ᠡᠮ᠎ᠡ ᠶᠢ ᠬᠦᠷᠢᠶᠡᠨ ᠳᠤᠮᠳᠠ ᠠᠴᠠ ᠭᠠᠷᠭ᠎ᠠ᠃ ᠲᠡᠭᠦᠨ ᠢ ᠳᠠᠭᠠᠬᠤ ᠬᠥᠮᠦᠨ ᠢ ᠢᠯᠳᠦ ᠪᠡᠷ ᠠᠯᠠᠭᠲᠤᠨ》 ᠭᠡᠪᠡ᠃ ᠲᠡᠷᠡ ᠲᠠᠬᠢᠯᠴᠢ᠄ 《ᠲᠡᠭᠦᠨ ᠢ ᠶᠣᠬᠣᠸᠠ ᠶᠢᠨ ᠥᠷᠭᠥᠭᠡᠨ ᠳᠦ ᠪᠦᠦ ᠠᠯᠠ》 ᠭᠡᠵᠦ ᠬᠡᠯᠡᠭᠰᠡᠨ ᠳᠦ᠂ 15 ᠲᠡᠳᠡ ᠲᠡᠭᠦᠨ ᠢ ᠬᠠᠭᠠᠨ ᠤ ᠣᠷᠳᠣᠨ ᠤ ᠮᠣᠷᠢᠨ ᠬᠠᠭᠠᠯᠭ᠎ᠠ ᠤᠷᠤᠭᠤ ᠣᠷᠣᠬᠤ ᠡᠭᠦᠳᠡᠨ ᠳᠦ ᠬᠦᠷᠬᠦ ᠳᠦᠨᠢ ᠪᠠᠷᠢᠪᠴᠢᠯᠠᠵᠤ ᠲᠡᠨᠳᠡ ᠠᠯᠠᠪᠠ᠃

16 ᠶᠧᠬᠣᠶᠠᠳᠠ ᠥᠪᠡᠷ ᠢᠶᠡᠨ ᠠᠷᠠᠳ ᠲᠦᠮᠡᠨ ᠪᠣᠯᠣᠨ ᠬᠠᠭᠠᠨ ᠲᠠᠢ ᠶᠣᠬᠣᠸᠠ ᠶᠢᠨ ᠠᠷᠠᠳ ᠲᠦᠮᠡᠨ ᠪᠣᠯᠣᠨ᠎ᠠ ᠭᠡᠰᠡᠨ ᠭᠡᠷ᠎ᠡ ᠶᠢ ᠲᠣᠭᠲᠠᠭᠠᠵᠠᠢ᠃ 17 ᠠᠷᠠᠳ ᠣᠯᠠᠨ ᠪᠦᠭᠦᠳᠡᠭᠡᠷ ᠢᠶᠡᠨ ᠪᠠᠯ ᠤᠨ ᠳᠤᠭᠠᠩ ᠳᠤ ᠣᠴᠢᠭᠠᠳ ᠳᠤᠭᠠᠩ ᠢ ᠨᠤᠷᠠᠭᠠᠵᠤ᠂ ᠲᠠᠬᠢᠯ ᠤᠨ ᠰᠢᠷᠡᠭᠡ ᠨᠦᠭᠦᠳ ᠪᠠ ᠬᠥᠷᠥᠭ ᠤᠳ ᠢ ᠨᠢ ᠪᠤᠲᠠᠯᠵᠤ᠂ ᠪᠠᠯ ᠤᠨ ᠲᠠᠬᠢᠯᠴᠢ ᠮᠠᠲ᠋ᠠᠨ ᠢ ᠲᠠᠬᠢᠯ ᠤᠨ ᠰᠢᠷᠡᠭᠡᠨ ᠦ ᠬᠢᠨᠢ ᠡᠮᠦᠨ᠎ᠡ ᠠᠯᠠᠪᠠ᠃ 18 ᠶᠧᠬᠣᠶᠠᠳᠠ ᠪᠠᠰᠠ ᠶᠣᠬᠣᠸᠠ ᠶᠢᠨ ᠥᠷᠭᠥᠭᠡ ᠶᠢ ᠯᠧᠸᠢ ᠶᠢᠨ ᠲᠠᠬᠢᠯᠴᠢᠳ ᠢᠶᠠᠷ ᠬᠠᠷᠢᠭᠤᠴᠠᠭᠤᠯᠪᠠ᠃ ᠤᠷᠢᠳᠤ ᠨᠢ ᠳ᠋ᠠᠸᠢᠳ᠋ ᠲᠡᠳᠡᠨ ᠢ ᠪᠦᠯᠦᠭ ᠬᠤᠪᠢᠶᠠᠵᠤ ᠥᠷᠭᠥᠭᠡᠨ ᠳᠦ ᠠᠵᠢᠯᠯᠠᠭᠤᠯᠳᠠᠭ ᠪᠠᠢᠭᠰᠠᠨ᠃ ᠲᠡᠳᠡ ᠮᠣᠰᠧ ᠶᠢᠨ ᠬᠠᠤᠯᠢ ᠳᠤ ᠪᠢᠴᠢᠭᠳᠡᠭᠰᠡᠨ ᠶᠣᠰᠣᠭᠠᠷ ᠰᠢᠲᠠᠭᠠᠯᠭᠠᠲᠤ ᠲᠠᠬᠢᠯ ᠡᠷᠭᠦᠵᠦ᠂ ᠳ᠋ᠠᠸᠢᠳ᠋ ᠤᠨ ᠵᠠᠬᠢᠭᠰᠠᠨ ᠶᠣᠰᠣᠭᠠᠷ ᠪᠠᠶᠠᠷᠯᠠᠨ ᠳᠠᠭᠤᠯᠠᠳᠠᠭ ᠪᠠᠢᠯ᠎ᠠ᠃ 19 ᠶᠧᠬᠣᠶᠠᠳᠠ ᠶᠣᠬᠣᠸᠠ ᠶᠢᠨ ᠥᠷᠭᠥᠭᠡᠨ ᠦ ᠬᠠᠭᠠᠯᠭᠠᠨ ᠳᠤ ᠬᠠᠭᠠᠯᠭᠠᠴᠢᠳ ᠢ ᠲᠣᠮᠢᠯᠠᠵᠤ᠂ ᠶᠠᠮᠠᠷ ᠰᠢᠯᠲᠠᠭᠠᠨ᠂ ᠶᠠᠮᠠᠷ ᠤᠴᠢᠷ ᠢᠶᠠᠷ ᠴᠤ ᠪᠤᠵᠠᠷᠲᠤᠭᠰᠠᠨ ᠬᠥᠮᠦᠨ ᠢ ᠳᠣᠲᠣᠭᠰᠢ ᠣᠷᠣᠭᠤᠯᠳᠠᠭ ᠦᠭᠡᠢ ᠪᠠᠢᠯ᠎ᠠ᠃ 20 ᠲᠡᠷᠡ ᠪᠡᠷ ᠵᠠᠭᠤᠲᠤ ᠶᠢᠨ ᠳᠠᠷᠤᠭ᠎ᠠ ᠨᠠᠷ᠂ ᠨᠣᠶᠠᠳ᠂ ᠠᠷᠠᠳ ᠲᠦᠮᠡᠨ ᠦ ᠵᠠᠬᠢᠷᠤᠭᠴᠢᠳ ᠪᠣᠯᠣᠨ ᠭᠠᠵᠠᠷ ᠤᠨ ᠪᠦᠬᠦ ᠠᠷᠠᠳ ᠲᠦᠮᠡᠨ ᠢ ᠳᠠᠭᠠᠭᠤᠯᠤᠨ ᠬᠠᠭᠠᠨ ᠢ ᠶᠣᠬᠣᠸᠠ ᠶᠢᠨ ᠥᠷᠭᠥᠭᠡᠨ ᠡᠴᠡ ᠳᠣᠷᠣᠭᠰᠢ ᠪᠠᠭᠤᠯᠭᠠᠭᠠᠳ᠂ 《ᠳᠡᠭᠡᠳᠦ ᠬᠠᠭᠠᠯᠭ᠎ᠠ》 ᠪᠠᠷ ᠥᠩᠭᠡᠷᠡᠨ ᠬᠠᠭᠠᠨ ᠤ ᠣᠷᠳᠣᠨ ᠳᠤ ᠬᠦᠷᠴᠦ᠂ ᠬᠠᠭᠠᠨ ᠤ ᠰᠡᠨᠲᠢ ᠳᠦᠨᠢ ᠵᠠᠯᠠᠵᠠᠢ᠃ 21 ᠭᠠᠵᠠᠷ ᠤᠨ ᠠᠷᠠᠳ ᠲᠦᠮᠡᠨ ᠪᠦᠭᠦᠳᠡᠭᠡᠷ ᠪᠠᠶᠠᠷᠯᠠᠯᠳᠤᠵᠤ᠂ ᠬᠣᠲᠠ ᠠᠮᠤᠷ ᠲᠠᠢᠪᠤᠩ ᠪᠣᠯᠪᠠ᠃ ᠲᠡᠢᠨ ᠬᠦ ᠲᠡᠳᠡ ᠠᠲ᠋ᠠᠯᠢᠶ᠎ᠠ ᠶᠢ ᠢᠯᠳᠦ ᠪᠡᠷ ᠠᠯᠠᠭᠰᠠᠨ ᠪᠢᠯᠡ᠃