ᠱᠠᠰᠲᠢᠷ ᠤᠨ ᠳᠡᠳ᠋ ᠠᠷᠪᠠᠨ ᠵᠢᠷᠭᠤᠭ᠎ᠠ
ᠠᠰᠠ ᠶᠢᠨ ᠰᠡᠭᠦᠯᠴᠢ ᠶᠢᠨ ᠡᠳᠦᠷ ᠤᠳ
1 ᠠᠰᠠ ᠬᠠᠭᠠᠨ ᠤ ᠭᠤᠴᠢᠨ ᠵᠢᠷᠭᠤᠳᠤᠭᠠᠷ ᠣᠨ ᠳᠤ᠂ ᠢᠰᠷᠧᠯ ᠤᠨ ᠬᠠᠭᠠᠨ ᠪᠠᠱᠠ ᠶᠦᠳᠠ ᠳᠤ ᠬᠠᠯᠳᠠᠵᠤ᠂ ᠶᠦᠳᠠ ᠶᠢᠨ ᠬᠠᠭᠠᠨ ᠠᠰᠠ ᠤᠷᠤᠭᠤ ᠣᠷᠣᠵᠤ ᠭᠠᠷᠬᠤ ᠵᠠᠮ ᠢ ᠬᠠᠭᠠᠬᠤ ᠶᠢᠨ ᠲᠤᠯᠠᠳᠠ ᠷᠠᠮᠠ ᠳᠤ ᠪᠡᠬᠢᠯᠡᠯᠲᠡ ᠪᠣᠰᠬᠠᠵᠠᠢ᠃ 2 ᠠᠰᠠ ᠶᠣᠬᠣᠸᠠ ᠶᠢᠨ ᠥᠷᠭᠥᠭᠡ ᠪᠣᠯᠣᠨ ᠥᠪᠡᠷ ᠦᠨ ᠢᠶᠠᠨ ᠣᠷᠳᠣᠨ ᠤ ᠬᠥᠮᠥᠷᠭᠡ ᠡᠴᠡ ᠠᠯᠲᠠ ᠮᠥᠩᠭᠥ ᠠᠪᠴᠤ᠂ ᠲᠡᠭᠦᠨ ᠢ ᠳ᠋ᠠᠮᠠᠰᠺᠦ᠋ᠰ ᠲᠤ ᠰᠠᠭᠤᠵᠤ ᠪᠠᠢᠭ᠎ᠠ ᠠᠷᠠᠮ ᠤᠨ ᠬᠠᠭᠠᠨ ᠪᠧᠨ ᠬᠠᠳᠠᠳ᠋ ᠲᠤ ᠢᠯᠡᠭᠡᠨ᠄ 3 《ᠮᠢᠨᠦ ᠡᠴᠢᠭᠡ ᠪᠣᠯᠣᠨ ᠲᠠᠨ ᠤ ᠡᠴᠢᠭᠡ ᠬᠣᠭᠣᠷᠣᠨᠳᠣ ᠪᠠᠨ ᠭᠡᠷ᠎ᠡ ᠪᠠᠢᠭᠤᠯᠤᠭᠰᠠᠨ ᠰᠢᠭ᠋ ᠲᠠ ᠪᠢᠳᠡ ᠬᠣᠶᠠᠷ ᠴᠤ ᠪᠠᠢᠭᠤᠯᠤᠶ᠎ᠠ᠃ ᠬᠠᠷ᠎ᠠ᠂ ᠪᠢ ᠲᠠᠨ ᠳᠤ ᠠᠯᠲᠠ ᠮᠥᠩᠭᠥ ᠢᠯᠡᠭᠡᠶ᠎ᠡ᠃ ᠲᠠ ᠢᠰᠷᠧᠯ ᠤᠨ ᠬᠠᠭᠠᠨ ᠪᠠᠱᠠ ᠲᠠᠢ ᠲᠣᠭᠲᠠᠭᠠᠭᠰᠠᠨ ᠭᠡᠷ᠎ᠡ ᠪᠡᠨ ᠴᠤᠴᠠᠯᠤᠭᠠᠴᠢ᠂ ᠲᠡᠭᠡᠪᠡᠯ ᠲᠡᠷᠡ ᠨᠠᠳᠠ ᠠᠴᠠ ᠬᠣᠯᠠᠳᠠᠨ᠎ᠠ》 ᠭᠡᠵᠡᠢ᠃ 4 ᠪᠧᠨ ᠬᠠᠳᠠᠳ᠋ ᠠᠰᠠ ᠬᠠᠭᠠᠨ ᠤ ᠬᠢ ᠶᠢ ᠰᠣᠨᠣᠰᠴᠤ᠂ ᠢᠰᠷᠧᠯ ᠤᠨ ᠬᠣᠲᠠ ᠨᠤᠭᠤᠳ ᠢ ᠳᠣᠪᠲᠣᠯᠬᠤ ᠪᠠᠷ ᠴᠡᠷᠢᠭ ᠤᠨ ᠵᠠᠩᠵᠤᠨ ᠨᠠᠷ ᠢᠶᠠᠨ ᠢᠯᠡᠭᠡᠨ ᠢᠶᠣᠨ᠂ ᠳ᠋ᠠᠨ᠂ ᠠᠪᠧᠯ ᠮᠠᠢᠮ ᠪᠣᠯᠣᠨ ᠨᠠᠹᠲ᠋ᠠᠯᠢ ᠳᠠᠬᠢ ᠨᠥᠭᠡᠴᠡᠯᠡᠬᠦ ᠲᠥᠪ ᠪᠣᠯᠬᠤ ᠪᠦᠬᠦ ᠬᠣᠲᠠ ᠶᠢ ᠳᠣᠪᠲᠣᠯᠵᠠᠢ᠃ 5 ᠪᠠᠱᠠ ᠡᠭᠦᠨ ᠢ ᠳᠤᠭᠤᠯᠤᠭᠠᠳ ᠷᠠᠮᠠ ᠶᠢ ᠪᠡᠬᠢᠯᠡᠨ ᠪᠠᠷᠢᠬᠤ ᠪᠠᠨ ᠪᠣᠯᠢᠵᠤ᠂ ᠠᠵᠢᠯ ᠢᠶᠠᠨ ᠵᠣᠭᠰᠣᠭᠠᠪᠠ᠃ 6 ᠠᠰᠠ ᠬᠠᠭᠠᠨ ᠶᠦᠳᠠ ᠡᠷᠡᠴᠦᠳ ᠢ ᠪᠦᠭᠦᠳᠡ ᠶᠢ ᠳᠠᠢᠴᠢᠯᠠᠨ ᠪᠠᠱᠠ ᠶᠢᠨ ᠷᠠᠮᠠ ᠶᠢ ᠪᠠᠷᠢᠬᠤ ᠳᠤ ᠬᠡᠷᠡᠭᠯᠡᠵᠦ ᠪᠠᠢᠭᠰᠠᠨ ᠮᠣᠳᠣ ᠴᠢᠯᠠᠭᠤ ᠶᠢ ᠠᠪᠴᠢᠷᠠᠭᠤᠯᠵᠤ᠂ ᠲᠡᠳᠡᠭᠡᠷ ᠢᠶᠡᠷ ᠭᠧᠪᠠ ᠪᠣᠯᠣᠨ ᠮᠢᠽᠫᠠ ᠶᠢ ᠪᠣᠰᠬᠠᠪᠠ᠃
7 ᠲᠡᠷᠡ ᠦᠶ᠎ᠡ ᠳᠦ ᠪᠣᠱᠣᠭᠴᠢ ᠬᠠᠨᠠᠨᠢ ᠶᠦᠳᠠ ᠶᠢᠨ ᠬᠠᠭᠠᠨ ᠠᠰᠠ ᠤᠷᠤᠭᠤ ᠢᠷᠡᠵᠦ᠂ ᠲᠡᠭᠦᠨ ᠳᠦ᠄ 《ᠲᠠ ᠶᠣᠬᠣᠸᠠ ᠪᠤᠷᠬᠠᠨ ᠳᠠᠭᠠᠨ ᠦᠯᠦ ᠨᠠᠢᠳᠠᠨ ᠠᠷᠠᠮ ᠤᠨ ᠬᠠᠭᠠᠨ ᠳᠤ ᠨᠠᠢᠳᠠᠵᠠᠢ᠃ ᠡᠭᠦᠨ ᠦ ᠤᠯᠠᠮ ᠢᠶᠠᠷ ᠠᠷᠠᠮ ᠤᠨ ᠬᠠᠭᠠᠨ ᠤ ᠴᠡᠷᠢᠭ ᠲᠠᠨ ᠤ ᠭᠠᠷ ᠠᠴᠠ ᠮᠤᠯᠲᠤᠷᠠᠯᠠ᠃ 8 ᠺᠦᠱᠴᠦᠳ᠂ ᠯᠢᠪᠴᠦᠳ ᠠᠰᠤᠷᠤ ᠣᠯᠠᠨ ᠲᠡᠷᠭᠡ ᠮᠣᠷᠢ ᠲᠠᠢ ᠶᠡᠬᠡ ᠴᠡᠷᠢᠭ ᠪᠠᠢᠭᠰᠠᠨ ᠪᠢᠰᠢ ᠤᠤ︖ ᠬᠠᠷᠢᠨ ᠲᠠ ᠶᠣᠬᠣᠸᠠ ᠳᠤ ᠨᠠᠢᠳᠠᠬᠤ ᠳᠤ᠂ ᠲᠡᠷᠡ ᠲᠡᠳᠡᠨ ᠢ ᠲᠠᠨ ᠤ ᠭᠠᠷ ᠲᠤ ᠲᠤᠰᠢᠶᠠᠭᠰᠠᠨ ᠪᠢᠯᠡ᠃ 9 ᠶᠣᠬᠣᠸᠠ ᠶᠢᠨ ᠮᠡᠯᠮᠡᠢ ᠥᠪᠡᠷ ᠤᠷᠤᠭᠤ ᠨᠢ ᠵᠢᠷᠦᠬᠡ ᠰᠡᠳᠬᠢᠯ ᠢᠶᠠᠨ ᠪᠦᠷᠢᠨ ᠬᠠᠨᠳᠤᠭᠤᠯᠤᠭᠰᠠᠨ ᠬᠥᠮᠦᠨ ᠢ ᠬᠦᠴᠦᠷᠬᠡᠭᠵᠢᠭᠦᠯᠬᠦ ᠪᠡᠷ ᠳᠡᠯᠡᠬᠡᠢ ᠳᠠᠶᠠᠭᠠᠷ ᠬᠣᠢᠰᠢ ᠤᠷᠤᠭᠰᠢ ᠪᠠᠨ ᠬᠡᠷᠦᠨ ᠶᠠᠪᠤᠭᠰᠠᠭᠠᠷ ᠪᠠᠢᠳᠠᠭ᠃ ᠬᠠᠷᠢᠨ ᠲᠠ ᠡᠨᠡ ᠤᠳᠠᠭ᠎ᠠ ᠮᠤᠩ᠋ᠬᠠᠭ ᠦᠢᠯᠡ ᠬᠢᠯ᠎ᠡ᠃ ᠣᠳᠣ ᠠᠴᠠ ᠡᠬᠢᠯᠡᠨ ᠲᠠ ᠳᠠᠢᠨ ᠳᠠᠵᠢᠨ ᠲᠠᠢ ᠪᠠᠢᠬᠤ ᠪᠣᠯᠣᠨ᠎ᠠ》 ᠭᠡᠵᠡᠢ᠃ 10 ᠠᠰᠠ ᠡᠨᠡ ᠶᠠᠪᠤᠳᠠᠯ ᠢᠶᠠᠷ ᠪᠣᠱᠣᠭᠴᠢ ᠳᠤ ᠬᠢᠯᠢᠩᠨᠡᠵᠦ᠂ ᠠᠭᠤᠷᠯᠠᠭᠰᠠᠨ ᠳᠠᠭᠠᠨ ᠲᠡᠭᠦᠨ ᠢ ᠭᠢᠨᠳᠠᠨ ᠳᠤ ᠬᠣᠷᠢᠪᠠ᠃ ᠮᠥᠨ ᠲᠡᠷᠡ ᠦᠶ᠎ᠡ ᠳᠦ ᠠᠰᠠ ᠠᠷᠠᠳ ᠣᠯᠠᠨ ᠤ ᠵᠠᠷᠢᠮ ᠢ ᠨᠢ ᠬᠠᠷᠭᠢᠰᠯᠠᠨ ᠳᠠᠷᠤᠯᠠᠭᠰᠠᠨ ᠪᠠᠢᠯ᠎ᠠ᠃
11 ᠠᠰᠠ ᠶᠢᠨ ᠦᠢᠯᠡ ᠶᠠᠪᠤᠳᠠᠯ ᠡᠬᠢᠨ ᠡᠴᠡ ᠪᠡᠨ ᠳᠠᠭᠤᠰᠲᠠᠯ᠎ᠠ ᠢᠰᠷᠧᠯ ᠪᠣᠯᠣᠨ ᠶᠦᠳᠠ ᠶᠢᠨ ᠬᠠᠭᠠᠳ ᠤᠨ ᠨᠣᠮ ᠳᠤ ᠪᠢᠴᠢᠭᠳᠡᠭᠰᠡᠨ ᠪᠠᠢᠳᠠᠭ᠃ 12 ᠬᠠᠭᠠᠨ ᠪᠣᠯᠣᠭᠰᠠᠨ ᠤ ᠬᠢᠨᠢ ᠭᠤᠴᠢ ᠶᠢᠰᠦᠳᠦᠭᠡᠷ ᠵᠢᠯ ᠳᠤ᠂ ᠠᠰᠠ ᠶᠢᠨ ᠬᠥᠯ ᠳᠤ ᠡᠪᠡᠳᠴᠢᠨ ᠲᠤᠰᠴᠤ᠂ ᠲᠡᠷᠡ ᠡᠪᠡᠳᠴᠢᠨ ᠨᠢ ᠳᠡᠭᠡᠭᠰᠢ ᠲᠠᠷᠬᠠᠵᠠᠢ᠃ ᠭᠡᠪᠡᠴᠦ ᠲᠡᠷᠡ ᠪᠡᠷ ᠡᠪᠡᠳᠴᠢᠲᠡᠢ ᠪᠠᠢᠬᠤ ᠳᠠᠭᠠᠨ ᠴᠤ ᠶᠣᠬᠣᠸᠠ ᠶᠢ ᠬᠠᠢᠯ ᠦᠭᠡᠢ᠂ ᠡᠮᠴᠢ ᠨᠠᠷ ᠢ ᠬᠠᠢᠪᠠ᠃ 13 ᠠᠰᠠ ᠬᠠᠭᠠᠨ ᠪᠣᠯᠣᠭᠰᠠᠨ ᠳᠥᠴᠢᠨ ᠨᠢᠭᠡᠳᠦᠭᠡᠷ ᠵᠢᠯ ᠳᠡᠭᠡᠨ ᠥᠭᠡᠳᠡ ᠪᠣᠯᠵᠤ᠂ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠪᠠ᠃ 14 ᠬᠥᠮᠦᠰ ᠲᠡᠭᠦᠨ ᠢ ᠳ᠋ᠠᠸᠢᠳ᠋ ᠤᠨ ᠬᠣᠲᠠ ᠳᠤ ᠥᠪᠡᠷ ᠦᠨ ᠬᠢᠨᠢ ᠪᠡᠯᠡᠳᠬᠡᠭᠰᠡᠨ ᠪᠤᠯᠠᠰᠢᠨ ᠳᠤ ᠣᠷᠣᠰᠢᠭᠤᠯᠵᠤ᠂ ᠲᠡᠭᠦᠨ ᠢ ᠦᠨᠦᠷᠲᠡᠨ ᠬᠢᠭ᠍ᠴᠢᠳ ᠤᠨ ᠨᠠᠢᠷᠠᠭᠤᠯᠤᠭᠰᠠᠨ ᠲᠥᠷᠥᠯ ᠪᠦᠷᠢ ᠶᠢᠨ ᠦᠨᠦᠷᠲᠡᠨ ᠢᠶᠡᠷ ᠳᠦᠭᠦᠷᠭᠡᠭᠰᠡᠨ ᠣᠷᠣ ᠳᠡᠭᠡᠷ᠎ᠡ ᠬᠡᠪᠲᠡᠭᠦᠯᠦᠭᠡᠳ᠂ ᠲᠡᠭᠦᠨ ᠳᠦ ᠵᠣᠷᠢᠭᠤᠯᠤᠨ ᠠᠰᠤᠷᠤ ᠲᠣᠮᠣ ᠭᠠᠯ ᠠᠰᠠᠭᠠᠵᠠᠢ᠃