ᠱᠠᠰᠲᠢᠷ ᠤᠨ ᠳᠡᠳ᠋ ᠬᠣᠷᠢᠨ ᠳᠥᠷᠪᠡ
ᠶᠣᠶᠠᠱ ᠥᠷᠭᠥᠭᠡ ᠶᠢ ᠵᠠᠰᠠᠪᠤᠷᠢᠯᠠᠪᠠ
1 ᠶᠣᠶᠠᠱ ᠳᠣᠯᠣᠭᠠᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠳᠥᠴᠢᠨ ᠵᠢᠯ ᠬᠠᠭᠠᠨᠴᠢᠯᠠᠵᠠᠢ᠃ ᠡᠬᠡ ᠨᠢ ᠪᠧᠷ ᠱᠧᠪᠠ ᠬᠥᠮᠦᠨ ᠽᠢᠪᠢᠶᠠ ᠪᠠᠢᠪᠠ᠃ 2 ᠲᠠᠬᠢᠯᠴᠢ ᠶᠧᠬᠣᠶᠠᠳᠠ ᠶᠢᠨ ᠪᠦᠬᠦ ᠡᠳᠦᠷ ᠦᠨ ᠲᠤᠷᠰᠢ ᠶᠣᠶᠠᠱ ᠶᠣᠬᠣᠸᠠ ᠶᠢᠨ ᠮᠡᠯᠮᠡᠢ ᠳᠦ ᠵᠥᠪ ᠢ ᠦᠢᠯᠡᠳᠪᠡ᠃ 3 ᠶᠧᠬᠣᠶᠠᠳᠠ ᠲᠡᠭᠦᠨ ᠳᠦ ᠬᠣᠶᠠᠷ ᠡᠬᠡᠨᠡᠷ ᠠᠪᠴᠤ ᠥᠭᠭᠥᠭᠰᠡᠨ ᠪᠥᠭᠡᠳ ᠲᠡᠷᠡ ᠬᠥᠪᠡᠭᠦᠳ᠂ ᠥᠬᠢᠳ ᠲᠠᠢ ᠪᠣᠯᠪᠠ᠃
4 ᠬᠡᠰᠡᠭ ᠬᠤᠭᠤᠴᠠᠭᠠᠨ ᠤ ᠳᠠᠷᠠᠭ᠎ᠠ ᠶᠣᠶᠠᠱ ᠶᠣᠬᠣᠸᠠ ᠶᠢᠨ ᠥᠷᠭᠥᠭᠡ ᠶᠢ ᠰᠡᠷᠭᠦᠭᠡᠬᠦ ᠰᠠᠨᠠᠭ᠎ᠠ ᠲᠥᠷᠥᠪᠡ᠃ 5 ᠲᠡᠷᠡ ᠲᠠᠬᠢᠯᠴᠢᠳ ᠪᠣᠯᠣᠨ ᠯᠧᠸᠢᠴᠦᠳ ᠢ ᠴᠤᠭᠯᠠᠭᠤᠯᠤᠨ᠂ ᠲᠡᠳᠡᠨ ᠳᠦ᠄ 《ᠶᠦᠳᠠ ᠶᠢᠨ ᠬᠣᠲᠠ ᠨᠤᠭᠤᠳ ᠢᠶᠠᠷ ᠣᠴᠢᠭᠠᠳ ᠪᠦᠬᠦ ᠢᠰᠷᠧᠯ ᠡᠴᠡ ᠵᠢᠯ ᠪᠦᠷᠢ ᠠᠪᠳᠠᠭ ᠮᠥᠩᠭᠥ ᠶᠢ ᠬᠤᠷᠢᠶᠠᠵᠤ ᠪᠤᠷᠬᠠᠨ ᠤ ᠥᠷᠭᠥᠭᠡ ᠶᠢ ᠵᠠᠰᠠᠪᠤᠷᠢᠯᠠᠭᠠᠷᠠᠢ᠃ ᠲᠠ ᠨᠠᠷ ᠡᠨᠡ ᠠᠵᠢᠯ ᠢ ᠲᠦᠷᠭᠡᠨ ᠭᠦᠢᠴᠡᠳᠬᠡᠭᠡᠷᠡᠢ》 ᠭᠡᠪᠡ᠃ ᠬᠠᠷᠢᠨ ᠯᠧᠸᠢᠴᠦᠳ ᠲᠦᠷᠭᠡᠨ ᠭᠦᠢᠴᠡᠳᠬᠡᠬᠦ ᠦᠭᠡᠢ ᠪᠠᠢᠯ᠎ᠠ᠃ 6 ᠬᠠᠭᠠᠨ ᠲᠡᠷᠢᠭᠦᠨ ᠲᠠᠬᠢᠯᠴᠢ ᠶᠧᠬᠣᠶᠠᠳᠠ ᠶᠢ ᠳᠠᠭᠤᠳᠠᠨ᠂ ᠲᠡᠭᠦᠨ ᠳᠦ᠄ 《ᠲᠠ ᠶᠠᠭᠠᠬᠢᠭᠠᠳ ᠶᠣᠬᠣᠸᠠ ᠶᠢᠨ ᠵᠠᠷᠤᠴᠠ ᠮᠣᠰᠧ ᠶᠢᠨ ᠢᠰᠷᠧᠯ ᠤᠨ ᠴᠢᠭᠤᠯᠭᠠᠨ ᠳᠤ ᠨᠣᠭᠳᠠᠭᠤᠯᠤᠭᠰᠠᠨ ᠭᠡᠷᠡᠴᠢᠯᠡᠯ ᠦᠨ ᠮᠠᠢᠬᠠᠨ ᠤ ᠲᠠᠲᠠᠪᠤᠷᠢ ᠶᠢ ᠶᠦᠳᠠ ᠪᠠ ᠶᠧᠷᠦ᠋ᠰᠠᠯᠧᠮ ᠡᠴᠡ ᠠᠪᠴᠢᠷᠠᠭᠤᠯᠬᠤ ᠪᠠᠷ ᠯᠧᠸᠢᠴᠦᠳ ᠢ ᠱᠠᠭᠠᠷᠳᠠᠬᠤ ᠦᠭᠡᠢ ᠪᠠᠢᠨ᠎ᠠ ᠪᠤᠢ︖》 ᠭᠡᠪᠡ᠃ 7 ᠤᠷᠢᠳᠤ ᠨᠢ ᠪᠠᠯᠠᠮᠠᠳ ᠠᠲ᠋ᠠᠯᠢᠶ᠎ᠠ ᠶᠢᠨ ᠬᠥᠪᠡᠭᠦᠳ ᠪᠤᠷᠬᠠᠨ ᠤ ᠥᠷᠭᠥᠭᠡ ᠶᠢ ᠲᠣᠨᠣᠵᠤ᠂ ᠥᠷᠭᠥᠭᠡᠨ ᠦ ᠠᠯᠢᠪᠠ ᠠᠷᠢᠭᠤᠨ ᠬᠡᠷᠡᠭᠰᠡᠯ ᠢ ᠪᠠᠯ ᠤᠳ ᠲᠤ ᠠᠰᠢᠭᠯᠠᠭᠰᠠᠨ ᠪᠠᠢᠯ᠎ᠠ᠃
8 ᠬᠠᠭᠠᠨ ᠵᠠᠷᠯᠢᠭ ᠪᠣᠯᠣᠭᠰᠠᠨ ᠳᠤ᠂ ᠲᠡᠳᠡ ᠬᠠᠢᠷᠴᠠᠭ ᠬᠢᠵᠦ᠂ ᠶᠣᠬᠣᠸᠠ ᠶᠢᠨ ᠥᠷᠭᠥᠭᠡᠨ ᠦ ᠬᠠᠭᠠᠯᠭᠠᠨ ᠤ ᠳᠡᠷᠭᠡᠳᠡ ᠲᠠᠯᠪᠢᠭᠰᠠᠨ ᠪᠠᠢᠨ᠎ᠠ᠃ 9 ᠲᠡᠭᠡᠭᠡᠳ ᠪᠤᠷᠬᠠᠨ ᠤ ᠵᠠᠷᠤᠴᠠ ᠮᠣᠰᠧ ᠶᠢᠨ ᠴᠥᠯ ᠳᠤ ᠪᠠᠢᠬᠤ ᠳᠠᠭᠠᠨ ᠢᠰᠷᠧᠯ ᠳᠤ ᠨᠣᠭᠳᠠᠭᠤᠯᠤᠭᠰᠠᠨ ᠲᠠᠲᠠᠪᠤᠷᠢ ᠶᠢ ᠶᠣᠬᠣᠸᠠ ᠳᠤ ᠠᠪᠴᠢᠷᠠᠬᠤ ᠶᠢ ᠶᠦᠳᠠ᠂ ᠶᠧᠷᠦ᠋ᠰᠠᠯᠧᠮ ᠳᠤ ᠵᠠᠷᠯᠠᠵᠠᠢ᠃ 10 ᠪᠦᠬᠦ ᠲᠦᠰᠢᠮᠡᠯ ᠪᠣᠯᠣᠨ ᠪᠦᠬᠦ ᠠᠷᠠᠳ ᠲᠦᠮᠡᠨ ᠪᠠᠶᠠᠷ ᠲᠠᠢ ᠪᠠᠷ ᠬᠠᠨᠳᠢᠪ ᠢᠶᠠᠨ ᠠᠪᠴᠢᠷᠠᠵᠤ᠂ ᠬᠠᠢᠷᠴᠠᠭ ᠤᠷᠤᠭᠤ ᠬᠢᠭᠰᠡᠭᠡᠷ ᠳᠦᠭᠦᠷᠭᠡᠵᠡᠢ᠃ 11 ᠲᠡᠭᠡᠬᠦ ᠳᠦ ᠯᠧᠸᠢᠴᠦᠳ ᠲᠡᠷᠡ ᠬᠠᠢᠷᠴᠠᠭ ᠢ ᠬᠠᠭᠠᠨ ᠤ ᠲᠦᠰᠢᠮᠡᠳ ᠤᠷᠤᠭᠤ ᠠᠪᠠᠴᠢᠵᠤ᠂ ᠲᠡᠷᠡ ᠶᠡᠬᠡ ᠮᠥᠩᠭᠥ ᠶᠢ ᠦᠵᠡᠭᠦᠯᠳᠡᠭ ᠪᠠᠢᠪᠠ᠃ ᠳᠠᠷᠠᠭ᠎ᠠ ᠨᠢ ᠬᠠᠭᠠᠨ ᠤ ᠪᠢᠴᠢᠭᠡᠴᠢ ᠪᠣᠯᠣᠨ ᠲᠡᠷᠢᠭᠦᠨ ᠲᠠᠬᠢᠯᠴᠢ ᠶᠢᠨ ᠲᠤᠰᠠᠯᠠᠭᠴᠢ ᠢᠷᠡᠵᠦ᠂ ᠬᠠᠢᠷᠴᠠᠭ ᠢ ᠶᠡᠭᠦᠯᠡᠭᠡᠳ᠂ ᠪᠠᠢᠷᠢᠨ ᠳᠤᠨᠢ ᠪᠤᠴᠠᠭᠠᠵᠤ ᠲᠠᠯᠪᠢᠳᠠᠭ᠃ ᠲᠡᠳᠡ ᠡᠳᠦᠷ ᠪᠦᠷᠢ ᠡᠢᠨ ᠬᠦ ᠠᠵᠢᠯᠯᠠᠵᠤ᠂ ᠮᠠᠰᠢ ᠶᠡᠬᠡ ᠮᠥᠩᠭᠥ ᠬᠤᠷᠢᠶᠠᠵᠠᠢ᠃ 12 ᠬᠠᠭᠠᠨ᠂ ᠶᠧᠬᠣᠶᠠᠳᠠ ᠨᠠᠷ ᠲᠡᠭᠦᠨ ᠢ ᠶᠣᠬᠣᠸᠠ ᠶᠢᠨ ᠥᠷᠭᠥᠭᠡᠨ ᠦ ᠠᠵᠢᠯ ᠢ ᠬᠢᠵᠦ ᠪᠠᠢᠭ᠎ᠠ ᠬᠥᠮᠦᠰ ᠲᠦ ᠥᠭᠬᠦ ᠳᠦ᠂ ᠲᠡᠳᠡ ᠶᠣᠬᠣᠸᠠ ᠶᠢᠨ ᠥᠷᠭᠥᠭᠡ ᠶᠢ ᠰᠡᠷᠭᠦᠭᠡᠨ ᠵᠠᠰᠠᠪᠤᠷᠢᠯᠠᠬᠤ ᠴᠢᠯᠠᠭᠤᠨ ᠳᠠᠷᠬᠠᠳ᠂ ᠮᠣᠳᠣᠨ ᠳᠠᠷᠬᠠᠳ ᠪᠣᠯᠣᠨ ᠲᠡᠮᠦᠷ᠂ ᠬᠦᠷᠡᠯ ᠦᠨ ᠳᠠᠷᠬᠠᠳ ᠢ ᠬᠥᠯᠥᠰᠥᠯᠡᠵᠦ ᠪᠠᠢᠪᠠ᠃ 13 ᠠᠵᠢᠯᠴᠢᠳ ᠬᠥᠳᠡᠯᠮᠦᠷᠢᠯᠡᠭᠰᠡᠭᠡᠷ᠂ ᠵᠠᠰᠠᠪᠤᠷᠢ ᠶᠢᠨ ᠠᠵᠢᠯ ᠤᠷᠤᠭᠰᠢᠲᠠᠢ ᠶᠠᠪᠤᠭᠳᠠᠭᠰᠠᠭᠠᠷ ᠲᠡᠳᠡ ᠪᠤᠷᠬᠠᠨ ᠤ ᠥᠷᠭᠥᠭᠡᠨ ᠦ ᠤᠤᠯ ᠲᠥᠷᠬᠥ ᠶᠢ ᠰᠡᠷᠭᠦᠭᠡᠵᠦ᠂ ᠪᠡᠬᠢᠵᠢᠭᠦᠯᠦᠭᠰᠡᠨ ᠪᠠᠢᠨ᠎ᠠ᠃ 14 ᠲᠡᠳᠡ ᠠᠵᠢᠯ ᠢᠶᠠᠨ ᠳᠠᠭᠤᠰᠬᠠᠭᠠᠳ ᠦᠯᠡᠳᠡᠭᠰᠡᠨ ᠮᠥᠩᠭᠥ ᠶᠢ ᠬᠠᠭᠠᠨ᠂ ᠶᠧᠬᠣᠶᠠᠳᠠ ᠨᠠᠷ ᠤᠨ ᠡᠮᠦᠨ᠎ᠡ ᠠᠪᠴᠢᠷᠠᠭᠰᠠᠨ ᠳᠤ᠂ ᠬᠠᠭᠠᠨ ᠡᠭᠦᠨ ᠢᠶᠡᠷ ᠶᠣᠬᠣᠸᠠ ᠶᠢᠨ ᠥᠷᠭᠥᠭᠡᠨ ᠦ ᠬᠡᠷᠡᠭᠰᠡᠯ ᠤᠳ᠂ ᠲᠤᠬᠠᠢᠯᠠᠪᠠᠯ ᠮᠥᠷᠭᠥᠯ ᠪᠣᠯᠣᠨ ᠰᠢᠲᠠᠭᠠᠯᠭᠠᠲᠤ ᠲᠠᠬᠢᠯ ᠤᠨ ᠬᠡᠷᠡᠭᠰᠡᠯ ᠤᠳ᠂ ᠰᠠᠪᠠ ᠨᠤᠭᠤᠳ ᠪᠣᠯᠣᠨ ᠥᠭᠡᠷ᠎ᠡ ᠠᠯᠲᠠ ᠮᠥᠩᠭᠥᠨ ᠡᠳ᠋ ᠵᠦᠢᠯᠡᠰ ᠬᠢᠵᠡᠢ᠃ ᠲᠡᠳᠡ ᠶᠧᠬᠣᠶᠠᠳᠠ ᠶᠢᠨ ᠪᠦᠬᠦ ᠡᠳᠦᠷ ᠲᠦ ᠶᠣᠬᠣᠸᠠ ᠶᠢᠨ ᠥᠷᠭᠥᠭᠡᠨ ᠳᠦ ᠰᠢᠲᠠᠭᠠᠯᠭᠠᠲᠤ ᠲᠠᠬᠢᠯ ᠤᠳ ᠢ ᠪᠠᠢᠩ᠋ᠭᠤ ᠡᠷᠭᠦᠭᠰᠡᠭᠡᠷ ᠪᠠᠢᠪᠠ᠃
15 ᠶᠧᠬᠣᠶᠠᠳᠠ ᠥᠲᠡᠯᠵᠦ ᠨᠠᠰᠤᠨ ᠤ ᠪᠠᠨ ᠲᠣᠭ᠎ᠠ ᠶᠢ ᠭᠦᠢᠴᠡᠭᠡᠭᠡᠳ ᠥᠭᠡᠳᠡ ᠪᠣᠯᠪᠠ᠃ ᠥᠭᠡᠳᠡ ᠪᠣᠯᠬᠤ ᠳᠠᠭᠠᠨ ᠲᠡᠷᠡ ᠵᠠᠭᠤ ᠭᠤᠴᠢᠨ ᠨᠠᠰᠤᠲᠠᠢ ᠪᠠᠢᠯ᠎ᠠ᠃ 16 ᠲᠡᠷᠡ ᠢᠰᠷᠧᠯ ᠳᠤ᠂ ᠪᠤᠷᠬᠠᠨ ᠪᠠ ᠲᠡᠭᠦᠨ ᠦ ᠥᠷᠭᠥᠭᠡᠨ ᠦ ᠲᠥᠯᠥᠭᠡ ᠰᠠᠢᠨ ᠢ ᠦᠢᠯᠡᠳᠦᠭᠰᠡᠨ ᠤᠴᠢᠷ ᠠᠴᠠ ᠬᠥᠮᠦᠰ ᠲᠡᠭᠦᠨ ᠢ ᠳ᠋ᠠᠸᠢᠳ᠋ ᠤᠨ ᠬᠣᠲᠠ ᠳᠤ ᠬᠠᠭᠠᠳ ᠤᠨ ᠳᠤᠮᠳᠠ ᠣᠷᠣᠰᠢᠭᠤᠯᠤᠭᠰᠠᠨ ᠪᠢᠯᠡ᠃
ᠶᠣᠶᠠᠱ ᠤᠨ ᠮᠠᠭᠤ ᠦᠢᠯᠡᠰ
17 ᠶᠧᠬᠣᠶᠠᠳᠠ ᠨᠠᠰᠤ ᠪᠠᠷᠠᠭᠰᠠᠨ ᠤ ᠳᠠᠷᠠᠭ᠎ᠠ᠂ ᠶᠦᠳᠠ ᠶᠢᠨ ᠨᠣᠶᠠᠳ ᠢᠷᠡᠵᠦ᠂ ᠬᠠᠭᠠᠨ ᠳᠤ ᠪᠠᠷᠠᠯᠬᠠᠪᠠ᠃ ᠲᠡᠷᠡ ᠦᠶ᠎ᠡ ᠡᠴᠡ ᠬᠣᠢᠰᠢ ᠬᠠᠭᠠᠨ ᠲᠡᠳᠡᠨ ᠦ ᠬᠢ ᠶᠢ ᠰᠣᠨᠣᠰᠬᠤ ᠪᠣᠯᠪᠠ᠃ 18 ᠲᠡᠳᠡ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢᠨ ᠥᠷᠭᠥᠭᠡ ᠶᠢ ᠣᠷᠬᠢᠨ᠂ ᠠᠱᠧᠷᠠ ᠶᠢᠨ ᠱᠣᠩ ᠤᠳ ᠪᠣᠯᠣᠨ ᠰᠢᠲᠦᠭᠡᠨ ᠨᠦᠭᠦᠳ ᠲᠦ ᠦᠢᠯᠡᠴᠢᠯᠡᠪᠡ᠃ ᠲᠡᠳᠡᠨ ᠦ ᠡᠨᠡ ᠭᠡᠮ ᠪᠤᠷᠤᠭᠤ ᠶᠢᠨ ᠤᠯᠠᠮ ᠢᠶᠠᠷ ᠶᠦᠳᠠ ᠪᠣᠯᠣᠨ ᠶᠧᠷᠦ᠋ᠰᠠᠯᠧᠮ ᠳᠡᠭᠡᠷ᠎ᠡ ᠠᠭᠤᠷ ᠬᠢᠯᠢᠩ ᠪᠠᠭᠤᠵᠠᠢ᠃ 19 ᠶᠣᠬᠣᠸᠠ ᠲᠡᠳᠡᠨ ᠢ ᠥᠪᠡᠷ ᠤᠷᠤᠭᠤ ᠪᠠᠨ ᠡᠷᠭᠢᠭᠦᠯᠬᠦ ᠶᠢᠨ ᠲᠤᠯᠠᠳᠠ ᠡᠰᠢ ᠦᠵᠡᠭᠦᠯᠦᠭᠴᠢᠳ ᠢᠯᠡᠭᠡᠭᠰᠡᠨ ᠪᠥᠭᠡᠳ ᠡᠰᠢ ᠦᠵᠡᠭᠦᠯᠦᠭᠴᠢᠳ ᠲᠡᠳᠡᠨ ᠦ ᠡᠰᠡᠷᠭᠦ ᠭᠡᠷᠡᠴᠢᠯᠡᠭᠰᠡᠨ ᠪᠣᠯᠪᠠᠴᠤ ᠲᠡᠳᠡ ᠰᠣᠨᠣᠰᠣᠭᠰᠠᠨ ᠦᠭᠡᠢ᠃
20 ᠪᠤᠷᠬᠠᠨ ᠤ ᠰᠦᠨᠡᠰᠦ ᠲᠠᠬᠢᠯᠴᠢ ᠶᠧᠬᠣᠶᠠᠳᠠ ᠶᠢᠨ ᠬᠦᠦ ᠽᠧᠺᠠᠷᠢᠶ᠎ᠠ ᠳᠡᠭᠡᠷ᠎ᠡ ᠪᠠᠭᠤᠪᠠ᠃ ᠲᠡᠷᠡ ᠪᠡᠷ ᠠᠷᠠᠳ ᠲᠦᠮᠡᠨ ᠦ ᠡᠮᠦᠨ᠎ᠡ ᠵᠣᠭᠰᠣᠭᠠᠳ᠄ 《ᠪᠤᠷᠬᠠᠨ ᠡᠢᠨ ᠬᠦ ᠠᠢᠯᠠᠳᠴᠤ ᠪᠠᠢᠨ᠎ᠠ᠄ 〈ᠲᠠ ᠨᠠᠷ ᠶᠠᠭᠠᠬᠢᠭᠠᠳ ᠶᠣᠬᠣᠸᠠ ᠶᠢᠨ ᠲᠤᠰᠢᠶᠠᠯ ᠢ ᠵᠥᠷᠢᠴᠡᠵᠦ ᠪᠠᠢᠨ᠎ᠠ ᠪᠤᠢ︖ ᠲᠠ ᠨᠠᠷ ᠠᠮᠵᠢᠯᠲᠠ ᠳᠤ ᠬᠦᠷᠬᠦ ᠦᠭᠡᠢ᠂ ᠲᠠ ᠨᠠᠷ ᠶᠣᠬᠣᠸᠠ ᠶᠢ ᠣᠷᠬᠢᠭᠰᠠᠨ ᠤᠴᠢᠷ ᠠᠴᠠ ᠲᠡᠷᠡ ᠪᠠᠰᠠ ᠲᠠ ᠨᠠᠷ ᠢ ᠣᠷᠬᠢᠭᠰᠠᠨ ᠶᠤᠮ〉 ᠭᠡᠰᠡᠨ》 ᠭᠡᠵᠡᠢ᠃ 21 ᠬᠠᠷᠢᠨ ᠲᠡᠳᠡ ᠲᠡᠭᠦᠨ ᠦ ᠡᠰᠡᠷᠭᠦ ᠬᠤᠤᠪᠢᠯᠳᠤᠵᠤ᠂ ᠶᠣᠬᠣᠸᠠ ᠶᠢᠨ ᠥᠷᠭᠥᠭᠡᠨ ᠦ ᠬᠠᠰᠢᠶᠠᠨ ᠳᠣᠲᠣᠷ᠎ᠠ ᠬᠠᠭᠠᠨ ᠤ ᠲᠤᠰᠢᠶᠠᠯ ᠢᠶᠠᠷ ᠲᠡᠭᠦᠨ ᠢ ᠴᠢᠯᠠᠭᠤ ᠪᠠᠷ ᠰᠢᠳᠡᠵᠦ ᠠᠯᠠᠵᠠᠢ᠃ 22 ᠲᠡᠢᠨ ᠬᠦ ᠶᠣᠶᠠᠱ ᠬᠠᠭᠠᠨ ᠡᠴᠢᠭᠡ ᠶᠧᠬᠣᠶᠠᠳᠠ ᠶᠢᠨ ᠬᠢᠨᠢ ᠥᠪᠡᠷ ᠲᠤᠨᠢ ᠦᠵᠡᠭᠦᠯᠦᠭᠰᠡᠨ ᠡᠨᠡᠷᠢᠯ ᠢ ᠳᠤᠷᠠᠰᠤᠨ ᠰᠠᠨᠠᠯ ᠦᠭᠡᠢ᠂ ᠲᠡᠭᠦᠨ ᠦ ᠬᠦᠦ ᠶᠢ ᠠᠯᠠᠭᠰᠠᠨ ᠪᠠᠢᠨ᠎ᠠ᠃ ᠽᠧᠺᠠᠷᠢᠶ᠎ᠠ ᠦᠬᠦᠬᠦ ᠳᠡᠭᠡᠨ᠄ 《ᠶᠣᠬᠣᠸᠠ ᠬᠠᠷᠠᠭᠠᠳ ᠥᠰᠢᠶ᠎ᠡ ᠠᠪᠬᠤ ᠪᠣᠯᠲᠤᠭᠠᠢ》 ᠭᠡᠵᠡᠢ᠃
23 ᠳᠠᠷᠠᠭ᠎ᠠ ᠵᠢᠯ ᠤᠨ ᠬᠢᠨᠢ ᠡᠬᠢ ᠪᠠᠷ ᠠᠷᠠᠮ ᠤᠨ ᠴᠡᠷᠢᠭ ᠶᠣᠶᠠᠱ ᠢ ᠴᠣᠬᠢᠬᠤ ᠪᠠᠷ ᠢᠷᠡᠪᠡ᠃ ᠲᠡᠳᠡ ᠶᠦᠳᠠ ᠪᠣᠯᠣᠨ ᠶᠧᠷᠦ᠋ᠰᠠᠯᠧᠮ ᠳᠤ ᠬᠦᠷᠴᠦ ᠢᠷᠡᠭᠡᠳ ᠠᠷᠠᠳ ᠲᠦᠮᠡᠨ ᠦ ᠤᠳᠤᠷᠢᠳᠤᠭᠴᠢᠳ ᠢ ᠪᠦᠭᠦᠳᠡ ᠶᠢ ᠠᠯᠠᠵᠤ᠂ ᠪᠦᠬᠦ ᠣᠯᠵᠠ ᠪᠠᠨ ᠳ᠋ᠠᠮᠠᠰᠺᠦ᠋ᠰ ᠳᠠᠬᠢ ᠬᠠᠭᠠᠨ ᠤᠷᠤᠭᠤ ᠪᠠᠨ ᠢᠯᠡᠭᠡᠵᠡᠢ᠃ 24 ᠦᠨᠡᠨ ᠳᠡᠭᠡᠨ ᠠᠷᠠᠮ ᠤᠨ ᠴᠡᠷᠢᠭ ᠴᠥᠭᠡᠬᠦᠯᠡ ᠢᠷᠡᠭᠰᠡᠨ ᠶᠤᠮ᠃ ᠬᠠᠷᠢᠨ ᠶᠣᠬᠣᠸᠠ ᠶᠦᠳᠠ ᠶᠢᠨ ᠠᠰᠤᠷᠤ ᠣᠯᠠᠨ ᠴᠡᠷᠢᠭ ᠢ ᠲᠡᠳᠡᠨ ᠦ ᠭᠠᠷ ᠲᠤ ᠲᠤᠰᠢᠶᠠᠭᠰᠠᠨ ᠨᠢ ᠶᠦᠳᠠ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠣᠷᠬᠢᠭᠰᠠᠨ ᠠᠴᠠ ᠪᠣᠯᠣᠭᠰᠠᠨ ᠪᠢᠯᠡ᠃ ᠢᠩᠭᠢᠵᠦ ᠲᠡᠳᠡ ᠶᠣᠶᠠᠱ ᠤᠨ ᠳᠡᠭᠡᠷ᠎ᠡ ᠰᠢᠳᠬᠡᠯ ᠢ ᠭᠦᠢᠴᠡᠭᠡᠵᠡᠢ᠃
ᠶᠦᠳᠠ ᠶᠢᠨ ᠬᠠᠭᠠᠨ ᠠᠮᠠᠽᠢᠶ᠎ᠠ
25 ᠠᠷᠠᠮᠴᠤᠳ ᠬᠦᠨᠳᠦ ᠰᠢᠷᠬ᠎ᠠ ᠲᠠᠢ ᠶᠣᠶᠠᠱ ᠢ ᠣᠷᠬᠢᠵᠤ ᠶᠠᠪᠤᠭᠰᠠᠨ ᠤ ᠳᠠᠷᠠᠭ᠎ᠠ᠂ ᠶᠣᠶᠠᠱ ᠤᠨ ᠲᠦᠰᠢᠮᠡᠳ ᠲᠠᠬᠢᠯᠴᠢ ᠶᠧᠬᠣᠶᠠᠳᠠ ᠶᠢᠨ ᠬᠦᠦ ᠶᠢᠨ ᠴᠢᠰᠤᠨ ᠤ ᠤᠯᠠᠮ ᠢᠶᠠᠷ ᠲᠡᠭᠦᠨ ᠦ ᠡᠰᠡᠷᠭᠦ ᠬᠤᠤᠪᠢᠯᠳᠤᠵᠤ᠂ ᠣᠷᠣ ᠳᠡᠭᠡᠷ᠎ᠡ ᠨᠢ ᠴᠣᠬᠢᠵᠤ ᠠᠯᠠᠵᠠᠢ᠃ ᠬᠥᠮᠦᠰ ᠲᠡᠭᠦᠨ ᠢ ᠳ᠋ᠠᠸᠢᠳ᠋ ᠤᠨ ᠬᠣᠲᠠ ᠳᠤ ᠣᠷᠣᠰᠢᠭᠤᠯᠤᠭᠰᠠᠨ ᠪᠣᠯᠪᠠᠴᠤ ᠬᠠᠭᠠᠳ ᠤᠨ ᠪᠤᠯᠠᠰᠢᠨ ᠳᠤ ᠲᠠᠯᠪᠢᠭᠰᠠᠨ ᠦᠭᠡᠢ᠃ 26 ᠲᠡᠭᠦᠨ ᠦ ᠡᠰᠡᠷᠭᠦ ᠬᠤᠤᠪᠢᠯᠳᠤᠭᠰᠠᠨ ᠬᠥᠮᠦᠰ ᠭᠡᠪᠡᠯ᠂ ᠠᠮᠣᠨ ᠡᠮᠡᠭᠲᠡᠢ ᠱᠢᠮᠷᠢᠲ ᠤᠨ ᠬᠦᠦ ᠽᠠᠪᠠᠳ᠋᠂ ᠮᠣᠶᠠᠪ ᠡᠮᠡᠭᠲᠡᠢ ᠱᠢᠮᠷᠠᠲ ᠤᠨ ᠬᠦᠦ ᠶᠧᠬᠣᠽᠠᠪᠠᠳ᠋ ᠪᠢᠯᠡ᠃ 27 ᠶᠣᠶᠠᠱ ᠤᠨ ᠬᠥᠪᠡᠭᠦᠳ ᠦᠨ ᠶᠠᠪᠤᠳᠠᠯ ᠤᠳ᠂ ᠲᠡᠭᠦᠨ ᠦ ᠲᠤᠬᠠᠢ ᠡᠰᠢ ᠦᠵᠡᠭᠦᠯᠦᠯᠭᠡ ᠨᠦᠭᠦᠳ ᠪᠣᠯᠣᠨ ᠪᠤᠷᠬᠠᠨ ᠤ ᠥᠷᠭᠥᠭᠡᠨ ᠦ ᠵᠠᠰᠠᠪᠤᠷᠢ ᠶᠢᠨ ᠲᠤᠬᠠᠢ ᠬᠠᠭᠠᠳ ᠤᠨ ᠨᠣᠮ ᠤᠨ ᠲᠠᠢᠯᠪᠤᠷᠢ ᠳᠤ ᠪᠢᠴᠢᠭᠳᠡᠭᠰᠡᠨ ᠶᠤᠮ᠃ ᠬᠦᠦ ᠠᠮᠠᠽᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃