1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠭᠤᠴᠢᠨ ᠨᠢᠭᠡ
 ᠾᠧᠽᠧᠺᠢᠶ᠎ᠠ ᠶᠢᠨ ᠰᠢᠨᠡᠴᠢᠯᠡᠯᠲᠡ

1 ᠡᠨᠡ ᠪᠦᠬᠦᠨ ᠳᠠᠭᠤᠰᠤᠭᠰᠠᠨ ᠤ ᠳᠠᠷᠠᠭ᠎ᠠ᠂ ᠲᠡᠨᠳᠡ ᠪᠠᠢᠭᠰᠠᠨ ᠢᠰᠷᠧᠯᠴᠦᠳ ᠪᠦᠭᠦᠳᠡᠭᠡᠷ ᠢᠶᠡᠨ ᠶᠦᠳᠠ ᠶᠢᠨ ᠬᠣᠲᠠ ᠨᠤᠭᠤᠳ ᠢᠶᠠᠷ ᠶᠠᠪᠤᠵᠤ᠂ ᠴᠢᠯᠠᠭᠤᠨ ᠪᠠᠭᠠᠨ᠎ᠠ ᠨᠤᠭᠤᠳ ᠢ ᠬᠡᠮᠬᠡᠯᠦᠨ᠂ ᠠᠱᠧᠷᠠ ᠶᠢᠨ ᠱᠣᠩ ᠤᠳ ᠢ ᠴᠠᠪᠴᠢᠵᠤ᠂ ᠪᠦᠬᠦ ᠶᠦᠳᠠ᠂ ᠪᠢᠨᠶᠠᠮᠢᠨ ᠠᠴᠠ ᠭᠠᠳᠠᠨ᠎ᠠ ᠡᠹᠷᠠᠢᠮ᠂ ᠮᠠᠨᠠᠰᠧ ᠳᠠᠬᠢ ᠮᠥᠷᠭᠥᠯ ᠦᠨ ᠮᠠᠨᠳᠠᠯ ᠤᠳ᠂ ᠲᠠᠬᠢᠯ ᠤᠨ ᠰᠢᠷᠡᠭᠡ ᠨᠤᠭᠤᠳ ᠢ ᠨᠤᠷᠠᠭᠠᠪᠠ᠃ ᠡᠨᠡ ᠪᠦᠭᠦᠳᠡ ᠶᠢ ᠤᠰᠠᠳᠬᠠᠭᠰᠠᠨ ᠤ ᠳᠠᠷᠠᠭ᠎ᠠ᠂ ᠢᠰᠷᠧᠯ ᠤᠨ ᠬᠥᠮᠦᠨ ᠪᠦᠷᠢ ᠥᠪᠡᠷ ᠥᠪᠡᠷ ᠦᠨ ᠢᠶᠠᠨ ᠬᠣᠲᠠ ᠤᠷᠤᠭᠤ᠂ ᠥᠪᠡᠷ ᠥᠪᠡᠷ ᠦᠨ ᠢᠶᠠᠨ ᠡᠵᠡᠮᠰᠢᠯ ᠭᠠᠵᠠᠷ ᠤᠷᠤᠭᠤ ᠬᠠᠷᠢᠭᠰᠠᠨ ᠪᠠᠢᠨ᠎ᠠ᠃

2 ᠾᠧᠽᠧᠺᠢᠶ᠎ᠠ ᠲᠠᠬᠢᠯᠴᠢᠳ ᠪᠣᠯᠣᠨ ᠯᠧᠸᠢᠴᠦᠳ ᠢ ᠪᠦᠯᠦᠭ ᠬᠤᠪᠢᠶᠠᠵᠤ᠂ ᠲᠠᠬᠢᠯᠴᠢᠳ ᠪᠣᠯᠣᠨ ᠯᠧᠸᠢᠴᠦᠳ ᠦᠨ ᠬᠥᠮᠦᠨ ᠪᠦᠷᠢ ᠳᠤ ᠰᠢᠲᠠᠭᠠᠯᠭᠠᠲᠤ ᠲᠠᠬᠢᠯ ᠪᠤᠶᠤ ᠡᠪ ᠦᠨ ᠲᠠᠬᠢᠯ ᠡᠷᠭᠦᠬᠦ᠂ ᠡᠰᠡᠪᠡᠯ ᠶᠣᠬᠣᠸᠠ ᠶᠢᠨ ᠣᠷᠳᠣᠨ ᠤ ᠬᠠᠭᠠᠯᠭ᠎ᠠ ᠨᠤᠭᠤᠳ ᠳᠡᠭᠡᠷ᠎ᠡ ᠦᠢᠯᠡᠴᠢᠯᠡᠬᠦ᠂ ᠲᠠᠯᠠᠷᠬᠠᠨ ᠮᠠᠭᠲᠠᠬᠤ ᠵᠡᠷᠭᠡ ᠡᠭᠦᠷᠭᠡ ᠥᠭᠪᠡ᠃ 3 ᠬᠠᠭᠠᠨ ᠡᠳ᠋ ᠵᠦᠢᠯᠡᠰ ᠡᠴᠡ ᠪᠡᠨ ᠬᠠᠨᠳᠢᠪᠯᠠᠨ ᠶᠣᠬᠣᠸᠠ ᠶᠢᠨ ᠬᠠᠤᠯᠢ ᠳᠤ ᠪᠢᠴᠢᠭᠳᠡᠭᠰᠡᠨ ᠥᠷᠯᠥᠭᠡ᠂ ᠣᠷᠣᠶ ᠶᠢᠨ ᠰᠢᠲᠠᠭᠠᠯᠭᠠᠲᠤ ᠲᠠᠬᠢᠯ ᠪᠣᠯᠣᠨ ᠠᠮᠠᠷᠠᠯ ᠤᠨ ᠡᠳᠦᠷ᠂ ᠰᠢᠨ᠎ᠡ ᠰᠠᠷ᠎ᠠ᠂ ᠲᠣᠪᠯᠠᠭᠰᠠᠨ ᠪᠠᠶᠠᠷ ᠤᠨ ᠰᠢᠲᠠᠭᠠᠯᠭᠠᠲᠤ ᠲᠠᠬᠢᠯ ᠵᠡᠷᠭᠡ ᠰᠢᠲᠠᠭᠠᠯᠭᠠᠲᠤ ᠲᠠᠬᠢᠯ ᠳᠤ ᠵᠣᠷᠢᠭᠤᠯᠪᠠ᠃ 4 ᠲᠡᠷᠡ ᠪᠠᠰᠠ ᠲᠠᠬᠢᠯᠴᠢᠳ ᠪᠣᠯᠣᠨ ᠯᠧᠸᠢᠴᠦᠳ ᠦᠨ ᠶᠣᠬᠣᠸᠠ ᠶᠢᠨ ᠬᠠᠤᠯᠢ ᠳᠤ ᠵᠣᠷᠢᠭᠤᠯᠬᠤ ᠶᠢᠨ ᠬᠢᠨᠢ ᠲᠥᠯᠥᠭᠡ ᠲᠣᠬᠢᠷᠠᠭᠰᠠᠨ ᠬᠤᠪᠢ ᠶᠢ ᠲᠡᠳᠡᠨ ᠳᠦ ᠥᠭᠬᠦ ᠶᠢ ᠶᠧᠷᠦ᠋ᠰᠠᠯᠧᠮ ᠤᠨ ᠰᠠᠭᠤᠭᠠᠯᠢᠴᠢᠳ ᠲᠤ ᠲᠤᠰᠢᠶᠠᠵᠠᠢ᠃ 5 ᠡᠨᠡ ᠲᠤᠰᠢᠶᠠᠯ ᠭᠠᠷᠤᠮᠠᠭᠴᠠ᠂ ᠢᠰᠷᠧᠯᠴᠦᠳ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣ᠂ ᠵᠥᠭᠡᠢ ᠶᠢᠨ ᠪᠠᠯ ᠪᠣᠯᠣᠨ ᠭᠠᠵᠠᠷ ᠤᠨ ᠪᠦᠬᠦ ᠪᠦᠲᠦᠭᠡᠭᠳᠡᠬᠦᠨ ᠦ ᠠᠩ᠋ᠬᠠᠨ ᠤ ᠦᠷ᠎ᠡ ᠰᠢᠮ᠎ᠡ ᠶᠢ ᠦᠯᠡᠮᠵᠢ ᠶᠡᠬᠡ ᠪᠡᠷ ᠠᠪᠴᠢᠷᠠᠪᠠ᠃ ᠲᠡᠳᠡ ᠪᠦᠬᠦ ᠵᠦᠢᠯ ᠤᠨ ᠢᠶᠠᠨ ᠠᠷᠪᠠᠨ ᠤ ᠨᠢᠭᠡ ᠶᠢ ᠦᠯᠡᠮᠵᠢ ᠶᠡᠬᠡ ᠪᠡᠷ ᠠᠪᠴᠢᠷᠠᠭᠰᠠᠨ ᠪᠠᠢᠨ᠎ᠠ᠃ 6 ᠶᠦᠳᠠ ᠶᠢᠨ ᠬᠣᠲᠠ ᠨᠤᠭᠤᠳ ᠢᠶᠠᠷ ᠰᠠᠭᠤᠳᠠᠭ ᠢᠰᠷᠧᠯᠴᠦᠳ ᠪᠣᠯᠣᠨ ᠶᠦᠳᠠᠴᠤᠳ ᠴᠤ ᠦᠬᠡᠷ᠂ ᠬᠣᠨᠢᠨ ᠤ ᠪᠠᠨ ᠠᠷᠪᠠᠨ ᠤ ᠨᠢᠭᠡ ᠶᠢ᠂ ᠮᠥᠨ ᠥᠪᠡᠷᠰᠡᠳ ᠦᠨ ᠪᠤᠷᠬᠠᠨ ᠶᠣᠬᠣᠸᠠ ᠳᠤ ᠵᠣᠷᠢᠭᠤᠯᠤᠭᠰᠠᠨ ᠠᠷᠢᠭᠤᠨ ᠡᠳ᠋ ᠶᠠᠭᠤᠮᠠᠰ ᠤᠨ ᠢᠶᠠᠨ ᠠᠷᠪᠠᠨ ᠤ ᠨᠢᠭᠡ ᠶᠢ ᠠᠪᠴᠢᠷᠠᠵᠤ ᠣᠪᠣᠭᠠᠯᠠᠨ ᠲᠠᠯᠪᠢᠪᠠ᠃ 7 ᠭᠤᠷᠪᠠᠳᠤᠭᠠᠷ ᠰᠠᠷ᠎ᠠ ᠳᠤ ᠲᠡᠳᠡ ᠡᠬᠢᠯᠡᠵᠦ ᠤᠪᠤᠭᠠᠯᠠᠭᠠᠳ ᠳᠣᠯᠣᠳᠤᠭᠠᠷ ᠰᠠᠷ᠎ᠠ ᠳᠤ ᠳᠠᠭᠤᠰᠬᠠᠪᠠ᠃ 8 ᠾᠧᠽᠧᠺᠢᠶ᠎ᠠ ᠲᠦᠰᠢᠮᠡᠳ ᠲᠡᠢ ᠪᠡᠨ ᠢᠷᠡᠵᠦ᠂ ᠣᠪᠣᠭ᠎ᠠ ᠨᠤᠭᠤᠳ ᠢ ᠬᠠᠷᠠᠭᠠᠳ᠂ ᠶᠣᠬᠣᠸᠠ ᠶᠢ ᠮᠠᠭᠲᠠᠨ ᠲᠡᠭᠦᠨ ᠦ ᠠᠷᠠᠳ ᠲᠦᠮᠡᠨ ᠢᠰᠷᠧᠯ ᠢ ᠢᠷᠥᠭᠡᠪᠡ᠃ 9 ᠾᠧᠽᠧᠺᠢᠶ᠎ᠠ ᠡᠳᠡᠭᠡᠷ ᠣᠪᠣᠭ᠎ᠠ ᠨᠤᠭᠤᠳ ᠤᠨ ᠲᠠᠯ᠎ᠠ ᠪᠠᠷ ᠲᠠᠬᠢᠯᠴᠢᠳ ᠪᠣᠯᠣᠨ ᠯᠧᠸᠢᠴᠦᠳ ᠡᠴᠡ ᠠᠰᠠᠭᠤᠬᠤ ᠳᠤ᠂ 10 ᠽᠠᠳᠣᠺ ᠤᠨ ᠭᠡᠷ ᠦᠨ ᠬᠢᠨ ᠪᠣᠯᠬᠤ ᠠᠬᠠᠯᠠᠬᠤ ᠲᠠᠬᠢᠯᠴᠢ ᠠᠽᠠᠷᠢᠶ᠎ᠠ᠄ 《ᠶᠣᠬᠣᠸᠠ ᠶᠢᠨ ᠥᠷᠭᠥᠭᠡᠨ ᠳᠦ ᠬᠠᠨᠳᠢᠪ ᠠᠪᠴᠢᠷᠠᠵᠤ ᠡᠬᠢᠯᠡᠭᠰᠡᠨ ᠡᠴᠡ ᠬᠣᠢᠰᠢ ᠪᠢᠳᠡ ᠴᠠᠳᠲᠠᠯ᠎ᠠ ᠪᠠᠨ ᠢᠳᠡᠭᠰᠡᠨ ᠪᠥᠭᠡᠳ ᠦᠯᠡᠳᠡᠭᠰᠡᠨ ᠨᠢ ᠴᠤ ᠡᠯᠪᠡᠭ ᠳᠡᠯᠪᠡᠭ ᠪᠠᠢᠨ᠎ᠠ᠃ ᠶᠣᠬᠣᠸᠠ ᠠᠷᠠᠳ ᠲᠦᠮᠡᠨ ᠢᠶᠡᠨ ᠢᠪᠡᠭᠡᠭᠰᠡᠨ ᠪᠣᠯᠬᠣᠷ ᠡᠢᠮᠦ ᠶᠡᠬᠡ ᠦᠯᠡᠳᠡᠭᠰᠡᠨ ᠶᠤᠮ》 ᠭᠡᠪᠡ᠃

11 ᠲᠡᠷᠡ ᠦᠶ᠎ᠡ ᠳᠦ ᠾᠧᠽᠧᠺᠢᠶ᠎ᠠ ᠲᠡᠳᠡᠨ ᠳᠦ ᠶᠣᠬᠣᠸᠠ ᠶᠢᠨ ᠥᠷᠭᠥᠭᠡᠨ ᠳᠣᠲᠣᠷ᠎ᠠ ᠥᠷᠥᠭᠡ ᠨᠦᠭᠦᠳ ᠪᠡᠯᠡᠳᠬᠡᠬᠦ ᠶᠢ ᠲᠤᠰᠢᠶᠠᠭᠰᠠᠨ ᠳᠤ᠂ ᠲᠡᠳᠡ ᠪᠡᠯᠡᠳᠬᠡᠵᠦ᠂ 12 ᠬᠠᠨᠳᠢᠪ᠂ ᠠᠷᠪᠠᠨ ᠤ ᠨᠢᠭᠡ ᠪᠣᠯᠣᠨ ᠶᠣᠬᠣᠸᠠ ᠳᠤ ᠵᠣᠷᠢᠭᠤᠯᠤᠭᠰᠠᠨ ᠵᠦᠢᠯᠡᠰ ᠢ ᠢᠲᠡᠭᠡᠮᠵᠢᠲᠠᠢ ᠪᠠᠷ ᠲᠡᠰᠢ ᠠᠪᠴᠢᠷᠠᠵᠠᠢ᠃ ᠲᠡᠳᠡᠭᠡᠷ ᠵᠦᠢᠯ ᠢ ᠬᠠᠷᠢᠭᠤᠴᠠᠭᠴᠢ ᠨᠢ ᠯᠧᠸᠢ ᠬᠥᠮᠦᠨ ᠺᠣᠨᠠᠨᠢᠶ᠎ᠠ᠂ ᠳᠠᠷᠠᠭᠠᠬᠢ ᠨᠢ ᠲᠡᠭᠦᠨ ᠦ ᠳᠡᠭᠦᠦ ᠱᠢᠮᠧᠶᠢ ᠪᠠᠢᠪᠠ᠃ 13 ᠺᠣᠨᠠᠨᠢᠶ᠎ᠠ ᠪᠣᠯᠣᠨ ᠲᠡᠭᠦᠨ ᠦ ᠳᠡᠭᠦᠦ ᠱᠢᠮᠧᠶᠢ ᠶᠢᠨ ᠭᠠᠷ ᠳᠣᠣᠷ᠎ᠠ ᠪᠠᠢᠭᠰᠠᠨ ᠬᠠᠷᠠᠭᠠᠯᠵᠠᠭᠴᠢᠳ ᠨᠢ ᠶᠧᠾᠢᠶᠧᠯ᠂ ᠠᠽᠠᠽᠢᠶ᠎ᠠ᠂ ᠨᠠᠬᠠᠲ᠂ ᠠᠰᠠᠾᠧᠯ᠂ ᠶᠧᠷᠢᠮᠣᠲ᠂ ᠶᠣᠽᠠᠪᠠᠳ᠋᠂ ᠡᠯᠢᠶᠧᠯ᠂ ᠢᠰᠮᠠᠺᠢᠶ᠎ᠠ᠂ ᠮᠠᠬᠠᠲ᠂ ᠪᠧᠨᠠᠢᠶ᠎ᠠ ᠨᠠᠷ ᠪᠠᠢᠯ᠎ᠠ᠃ ᠾᠧᠽᠧᠺᠢᠶ᠎ᠠ ᠬᠠᠭᠠᠨ ᠪᠣᠯᠣᠨ ᠪᠤᠷᠬᠠᠨ ᠤ ᠥᠷᠭᠥᠭᠡᠨ ᠦ ᠠᠬᠠᠯᠠᠬᠤ ᠲᠦᠰᠢᠮᠡᠯ ᠠᠽᠠᠷᠢᠶ᠎ᠠ ᠲᠡᠳᠡᠨ ᠢ ᠲᠣᠮᠢᠯᠠᠵᠠᠢ᠃ 14 ᠶᠣᠬᠣᠸᠠ ᠳᠤ ᠵᠣᠷᠢᠭᠤᠯᠤᠭᠰᠠᠨ ᠬᠠᠨᠳᠢᠪ ᠪᠣᠯᠣᠨ ᠠᠷᠢᠭᠤᠨ ᠵᠦᠢᠯᠡᠰ ᠢ ᠬᠤᠪᠢᠶᠠᠷᠢᠯᠠᠬᠤ᠂ ᠪᠤᠷᠬᠠᠨ ᠳᠤ ᠵᠣᠷᠢᠭᠤᠯᠤᠭᠰᠠᠨ ᠰᠠᠢᠨ ᠳᠤᠷ᠎ᠠ ᠶᠢᠨ ᠡᠷᠭᠦᠯ ᠢ ᠬᠠᠷᠢᠭᠤᠴᠠᠬᠤ ᠬᠥᠮᠦᠨ ᠨᠢ ᠵᠡᠭᠦᠨ ᠲᠠᠯ᠎ᠠ ᠶᠢᠨ ᠬᠠᠭᠠᠯᠭᠠᠨ ᠤ ᠬᠠᠭᠠᠯᠭᠠᠴᠢ ᠯᠧᠸᠢ ᠬᠥᠮᠦᠨ ᠢᠮᠨᠠ ᠶᠢᠨ ᠬᠦᠦ ᠺᠣᠷᠧ ᠪᠥᠭᠡᠳ 15 ᠲᠡᠭᠦᠨ ᠦ ᠭᠠᠷ ᠳᠣᠣᠷᠠᠬᠢ ᠡᠳᠧᠨ᠂ ᠮᠢᠨᠢᠶᠠᠮᠢᠨ᠂ ᠶᠧᠱᠦ᠋ᠶ᠎ᠠ᠂ ᠱᠧᠮᠠᠢᠶ᠎ᠠ᠂ ᠠᠮᠠᠷᠢᠶ᠎ᠠ᠂ ᠱᠧᠺᠠᠨᠢᠶ᠎ᠠ ᠨᠠᠷ ᠲᠠᠬᠢᠯᠴᠢᠳ ᠤᠨ ᠬᠣᠲᠠ ᠨᠤᠭᠤᠳ ᠲᠤ ᠪᠠᠢᠭᠰᠠᠨ ᠠᠬ᠎ᠠ ᠳᠡᠭᠦᠦᠰ ᠲᠡᠭᠡᠨ ᠪᠦᠯᠦᠭ ᠤᠳ ᠤᠨ ᠬᠢᠨᠢ ᠳᠠᠭᠠᠤ᠂ ᠬᠥᠭᠰᠢᠨ ᠵᠠᠯᠠᠭᠤ ᠭᠡᠵᠦ ᠢᠯᠭᠠᠯ ᠦᠭᠡᠢ ᠢᠲᠡᠭᠡᠮᠵᠢᠲᠠᠢ ᠪᠠᠷ ᠬᠤᠪᠢᠶᠠᠷᠢᠯᠠᠳᠠᠭ ᠪᠠᠢᠪᠠ᠃ 16 ᠪᠠᠰᠠ ᠭᠤᠷᠪᠠ ᠪᠤᠶᠤ ᠲᠡᠭᠦᠨ ᠡᠴᠡ ᠳᠡᠭᠡᠭᠰᠢᠬᠢ ᠨᠠᠰᠤᠨ ᠤ ᠭᠡᠷ ᠦᠨ ᠴᠠᠳᠢᠭ ᠲᠤ ᠪᠦᠷᠢᠳᠬᠡᠭᠦᠯᠦᠭᠰᠡᠨ ᠡᠷᠡᠰ ᠡᠴᠡ ᠭᠠᠳᠠᠨ᠎ᠠ ᠶᠣᠬᠣᠸᠠ ᠶᠢᠨ ᠥᠷᠭᠥᠭᠡᠨ ᠳᠦ ᠣᠷᠣᠵᠤ ᠡᠭᠡᠯᠵᠢ ᠪᠠᠷ ᠡᠭᠦᠷᠭᠡ ᠭᠦᠢᠴᠡᠳᠬᠡᠳᠡᠭ ᠪᠦᠬᠦᠨ ᠳᠦ ᠴᠤ ᠬᠤᠪᠢ ᠥᠭᠳᠡᠭ ᠪᠠᠢᠯ᠎ᠠ᠃ 17 ᠲᠡᠳᠡ ᠪᠠᠰᠠ ᠭᠡᠷ ᠦᠨ ᠴᠠᠳᠢᠭ ᠲᠤ ᠪᠦᠯᠢ ᠶᠢᠨ ᠢᠶᠠᠨ ᠳᠠᠭᠠᠤ ᠪᠦᠷᠢᠳᠬᠡᠭᠦᠯᠦᠭᠰᠡᠨ ᠲᠠᠬᠢᠯᠴᠢᠳ᠂ ᠮᠥᠨ ᠬᠣᠷᠢ ᠪᠤᠶᠤ ᠲᠡᠭᠦᠨ ᠡᠴᠡ ᠳᠡᠭᠡᠭᠰᠢᠬᠢ ᠨᠠᠰᠤᠨ ᠤ ᠡᠭᠡᠯᠵᠢ ᠪᠠᠷ ᠡᠭᠦᠷᠭᠡ ᠭᠦᠢᠴᠡᠳᠬᠡᠳᠡᠭ ᠯᠧᠸᠢᠴᠦᠳ ᠲᠦ ᠴᠤ ᠬᠤᠪᠢ ᠥᠭᠴᠦ᠂ 18 ᠭᠡᠷ ᠦᠨ ᠴᠠᠳᠢᠭ ᠲᠤ ᠨᠡᠷ᠎ᠡ ᠪᠡᠨ ᠪᠦᠷᠢᠳᠬᠡᠭᠦᠯᠦᠭᠰᠡᠨ ᠲᠡᠳᠡᠨ ᠦ ᠡᠬᠡᠨᠡᠷ᠂ ᠬᠥᠪᠡᠭᠦᠳ ᠪᠣᠯᠣᠨ ᠥᠬᠢᠳ ᠵᠡᠷᠭᠡ ᠪᠦᠬᠦ ᠳᠠᠭᠠᠭᠤᠯ᠂ ᠪᠦᠬᠦ ᠪᠦᠯᠢ ᠶᠢᠨ ᠬᠢᠨ ᠳᠤ ᠴᠤ ᠥᠭᠳᠡᠭ ᠪᠠᠢᠯ᠎ᠠ᠃ ᠤᠴᠢᠷ ᠨᠢ ᠲᠡᠳᠡ ᠥᠪᠡᠷᠰᠡᠳ ᠢ ᠪᠠᠨ ᠠᠷᠢᠭᠤᠨ ᠪᠠᠢᠳᠠᠯ ᠳᠤ ᠦᠨᠡᠨᠴᠢ ᠪᠠᠷ ᠵᠣᠷᠢᠭᠤᠯᠤᠭᠰᠠᠨ ᠪᠠᠢᠯ᠎ᠠ᠃ 19 ᠠᠷᠣᠨ ᠤ ᠦᠷ᠎ᠡ ᠤᠳᠤᠮ ᠳᠤ ᠨᠣᠭᠳᠠᠭᠰᠠᠨ ᠬᠣᠲᠠ ᠨᠤᠭᠤᠳ ᠪᠤᠶᠤ ᠡᠷᠭᠢᠨ ᠲᠣᠭᠣᠷᠢᠨ ᠤ ᠬᠢᠨᠢ ᠪᠡᠯᠴᠢᠭᠡᠷ ᠲᠦ ᠰᠠᠭᠤᠳᠠᠭ ᠲᠠᠬᠢᠯᠴᠢᠳ ᠤᠨ ᠬᠤᠪᠢ ᠳᠤ᠂ ᠬᠤᠪᠢ ᠥᠭᠬᠦ ᠪᠡᠷ ᠲᠣᠮᠢᠯᠠᠭᠳᠠᠭᠰᠠᠨ ᠬᠥᠮᠦᠰ ᠲᠡᠳᠡᠨ ᠦ ᠡᠷ᠎ᠡ ᠬᠥᠮᠦᠨ ᠪᠦᠷᠢ ᠳᠤ᠂ ᠮᠥᠨ ᠯᠧᠸᠢᠴᠦᠳ ᠦᠨ ᠭᠡᠷ ᠦᠨ ᠴᠠᠳᠢᠭ ᠲᠤ ᠪᠦᠷᠢᠳᠬᠡᠭᠦᠯᠦᠭᠰᠡᠨ ᠬᠥᠮᠦᠨ ᠪᠦᠬᠦᠨ ᠳᠦ ᠬᠤᠪᠢ ᠥᠭᠳᠡᠭ ᠪᠠᠢᠪᠠ᠃

20 ᠾᠧᠽᠧᠺᠢᠶ᠎ᠠ ᠪᠦᠬᠦ ᠶᠦᠳᠠ ᠳᠠᠶᠠᠭᠠᠷ ᠡᠢᠨ ᠬᠦ ᠦᠢᠯᠡᠳᠪᠡ᠃ ᠲᠡᠷᠡ ᠪᠡᠷ ᠥᠪᠡᠷ ᠦᠨ ᠢᠶᠠᠨ ᠪᠤᠷᠬᠠᠨ ᠶᠣᠬᠣᠸᠠ ᠶᠢᠨ ᠡᠮᠦᠨ᠎ᠡ ᠰᠠᠢᠨ᠂ ᠵᠥᠪ᠂ ᠦᠨᠡᠨᠴᠢ ᠵᠦᠢᠯᠡᠰ ᠢ ᠬᠢᠵᠡᠢ᠃ 21 ᠪᠤᠷᠬᠠᠨ ᠤ ᠥᠷᠭᠥᠭᠡᠨ ᠳᠦ ᠦᠢᠯᠡᠴᠢᠯᠡᠬᠦ ᠳᠦ ᠴᠤ᠂ ᠬᠠᠤᠯᠢ᠂ ᠲᠤᠰᠢᠶᠠᠯ ᠢ ᠳᠠᠭᠠᠬᠤ ᠳᠤ ᠴᠤ ᠲᠡᠷᠡ ᠪᠡᠷ ᠪᠤᠷᠬᠠᠨ ᠢᠶᠠᠨ ᠪᠦᠬᠦ ᠵᠢᠷᠦᠬᠡ ᠪᠡᠷ ᠢᠶᠠᠨ ᠬᠠᠢᠵᠤ᠂ ᠠᠮᠵᠢᠯᠲᠠ ᠣᠯᠣᠭᠰᠠᠨ ᠪᠠᠢᠪᠠ᠃