ᠱᠠᠰᠲᠢᠷ ᠤᠨ ᠳᠡᠳ᠋ ᠬᠣᠷᠢᠨ ᠳᠣᠯᠣᠭ᠎ᠠ
ᠶᠦᠳᠠ ᠶᠢᠨ ᠬᠠᠭᠠᠨ ᠶᠣᠲ᠋ᠠᠮ
1 ᠶᠣᠲ᠋ᠠᠮ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠠᠷᠪᠠᠨ ᠵᠢᠷᠭᠤᠭᠠᠨ ᠵᠢᠯ ᠬᠠᠭᠠᠨᠴᠢᠯᠠᠭᠰᠠᠨ ᠶᠤᠮ᠃ ᠡᠬᠡ ᠨᠢ ᠽᠠᠳᠣᠺ ᠤᠨ ᠥᠬᠢᠨ ᠶᠧᠷᠦ᠋ᠱᠠ ᠪᠠᠢᠪᠠ᠃ 2 ᠶᠣᠲ᠋ᠠᠮ ᠡᠴᠢᠭᠡ ᠦᠽᠢᠶ᠎ᠠ ᠶᠢᠨ ᠢᠶᠠᠨ ᠬᠢᠭᠰᠡᠨ ᠪᠦᠬᠦᠨ ᠲᠡᠢ ᠠᠳᠠᠯᠢ ᠬᠢᠵᠦ ᠶᠣᠬᠣᠸᠠ ᠶᠢᠨ ᠮᠡᠯᠮᠡᠢ ᠳᠦ ᠵᠥᠪ ᠢ ᠦᠢᠯᠡᠳᠪᠡ᠃ ᠲᠡᠷᠡ ᠭᠠᠭᠴᠠ ᠬᠦ ᠶᠣᠬᠣᠸᠠ ᠶᠢᠨ ᠣᠷᠳᠣᠨ ᠳᠤ ᠣᠷᠣᠳᠠᠭ ᠦᠭᠡᠢ ᠪᠠᠢᠭᠰᠠᠨ ᠪᠠ ᠠᠷᠠᠳ ᠲᠦᠮᠡᠨ ᠪᠤᠵᠠᠷ ᠢ ᠦᠢᠯᠡᠳᠦᠭᠰᠡᠭᠡᠷ ᠪᠠᠢᠯ᠎ᠠ᠃ 3 ᠶᠣᠲ᠋ᠠᠮ ᠶᠣᠬᠣᠸᠠ ᠶᠢᠨ ᠥᠷᠭᠥᠭᠡᠨ ᠦ ᠳᠡᠭᠡᠳᠦ ᠬᠠᠭᠠᠯᠭ᠎ᠠ ᠶᠢ ᠪᠣᠰᠬᠠᠨ᠂ ᠣᠹᠧᠯ ᠤᠨ ᠬᠡᠷᠡᠮ ᠢ ᠶᠡᠬᠡᠪᠡᠷ ᠰᠡᠷᠭᠦᠭᠡᠵᠦ᠂ 4 ᠶᠦᠳᠠ ᠶᠢᠨ ᠠᠭᠤᠯᠠᠷᠬᠠᠭ ᠨᠤᠲᠤᠭ ᠲᠤ ᠬᠣᠲᠠ ᠨᠤᠭᠤᠳ ᠪᠣᠰᠬᠠᠵᠤ᠂ ᠣᠢ ᠮᠣᠳᠣ ᠲᠠᠢ ᠭᠠᠵᠠᠷ ᠲᠤ ᠣᠯᠠᠨ ᠪᠡᠬᠢᠯᠡᠯᠲᠡ᠂ ᠴᠠᠮᠬᠠᠭ ᠪᠠᠷᠢᠪᠠ᠃ 5 ᠠᠮᠣᠨᠴᠤᠳ ᠤᠨ ᠬᠠᠭᠠᠨ ᠲᠠᠢ ᠲᠤᠯᠤᠯᠳᠤᠵᠤ᠂ ᠲᠡᠳᠡᠨ ᠢ ᠳᠡᠢᠯᠦᠭᠰᠡᠨ ᠨᠢ ᠴᠤ ᠲᠡᠷᠡ ᠪᠢᠯᠡ᠃ ᠲᠡᠷᠡ ᠵᠢᠯ ᠠᠮᠣᠨᠴᠤᠳ ᠲᠡᠭᠦᠨ ᠳᠦ ᠵᠠᠭᠤᠨ ᠲᠠᠯᠠᠨᠲ 24 ᠮᠥᠩᠭᠥ᠂ ᠲᠦᠮᠡᠨ ᠺᠣᠷ 25 ᠤᠯᠠᠭᠠᠨ ᠪᠤᠭᠤᠳᠠᠢ᠂ ᠲᠦᠮᠡᠨ ᠺᠣᠷ ᠠᠷᠪᠠᠢ ᠥᠭᠴᠡᠢ᠂ ᠬᠣᠶᠠᠷ᠂ ᠭᠤᠷᠪᠠᠳᠠᠬᠢ ᠵᠢᠯ ᠳᠦᠨᠢ ᠴᠤ ᠶᠠᠭ ᠲᠡᠷᠡ ᠬᠡᠮᠵᠢᠶ᠎ᠡ ᠪᠡᠷ ᠥᠭᠪᠡ᠃ 6 ᠶᠣᠲ᠋ᠠᠮ ᠶᠣᠬᠣᠸᠠ ᠪᠤᠷᠬᠠᠨ ᠤ ᠪᠠᠨ ᠡᠮᠦᠨ᠎ᠡ ᠲᠤᠤᠱᠲᠠᠢ ᠶᠠᠪᠤᠭᠰᠠᠨ ᠲᠤᠯᠠ ᠬᠦᠴᠦᠷᠬᠡᠭ ᠪᠣᠯᠣᠭᠰᠠᠨ ᠶᠤᠮ᠃ 7 ᠶᠣᠲ᠋ᠠᠮ ᠤᠨ ᠪᠤᠰᠤᠳ ᠶᠠᠪᠤᠳᠠᠯ᠂ ᠲᠡᠭᠦᠨ ᠦ ᠪᠦᠬᠦ ᠪᠠᠢᠯᠳᠤᠭᠠᠨ ᠪᠣᠯᠣᠨ ᠵᠠᠮ ᠮᠥᠷ ᠤᠳ ᠨᠢ ᠢᠰᠷᠧᠯ᠂ ᠶᠦᠳᠠ ᠶᠢᠨ ᠬᠠᠭᠠᠳ ᠤᠨ ᠨᠣᠮ ᠳᠤ ᠲᠡᠮᠳᠡᠭᠯᠡᠭᠳᠡᠭᠰᠡᠨ ᠪᠢᠯᠡ᠃ 8 ᠲᠡᠷᠡ ᠪᠡᠷ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠠᠷᠪᠠᠨ ᠵᠢᠷᠭᠤᠭᠠᠨ ᠵᠢᠯ ᠬᠠᠭᠠᠨᠴᠢᠯᠠᠪᠠ᠃ 9 ᠶᠣᠲ᠋ᠠᠮ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠳ᠋ᠠᠸᠢᠳ᠋ ᠤᠨ ᠬᠣᠲᠠ ᠳᠤ ᠣᠷᠣᠰᠢᠭᠤᠯᠤᠭᠳᠠᠪᠠ᠃ ᠬᠦᠦ ᠠᠬᠠᠽ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃