ᠱᠠᠰᠲᠢᠷ ᠤᠨ ᠳᠡᠳ᠋ ᠲᠠᠪᠤ
1 ᠲᠡᠢᠨ ᠬᠦ ᠰᠣᠯᠣᠮᠣᠨ ᠶᠣᠬᠣᠸᠠ ᠶᠢᠨ ᠥᠷᠭᠥᠭᠡᠨ ᠦ ᠲᠥᠯᠥᠭᠡ ᠬᠢᠬᠦ ᠪᠦᠬᠦ ᠠᠵᠢᠯ ᠢᠶᠠᠨ ᠳᠠᠭᠤᠰᠬᠠᠪᠠ᠃ ᠰᠣᠯᠣᠮᠣᠨ ᠡᠴᠢᠭᠡ ᠳ᠋ᠠᠸᠢᠳ᠋ ᠤᠨ ᠢᠶᠠᠨ ᠡᠷᠭᠦᠭᠰᠡᠨ ᠠᠯᠲᠠ᠂ ᠮᠥᠩᠭᠥ ᠪᠣᠯᠣᠨ ᠪᠦᠬᠦ ᠡᠳ᠋ ᠵᠦᠢᠯᠡᠰ ᠢ ᠠᠪᠴᠢᠷᠠᠵᠤ᠂ ᠪᠤᠷᠬᠠᠨ ᠤ ᠥᠷᠭᠥᠭᠡᠨ ᠦ ᠬᠥᠮᠥᠷᠭᠡ ᠳᠦ ᠣᠷᠣᠭᠤᠯᠤᠭᠰᠠᠨ ᠪᠠᠢᠯ᠎ᠠ᠃
ᠠᠪᠳᠠᠷ᠎ᠠ ᠶᠢ ᠥᠷᠭᠥᠭᠡᠨ ᠳᠦ ᠠᠪᠴᠢᠷᠠᠪᠠ
2 ᠲᠡᠷᠡ ᠦᠶ᠎ᠡ ᠳᠦ ᠰᠣᠯᠣᠮᠣᠨ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠳ᠋ᠠᠸᠢᠳ᠋ ᠤᠨ ᠬᠣᠲᠠ ᠽᠢᠶᠣᠨ ᠠᠴᠠ ᠵᠠᠯᠠᠬᠤ ᠪᠠᠷ ᠢᠰᠷᠧᠯ ᠤᠨ ᠪᠦᠬᠦ ᠠᠬᠠᠮᠠᠳ᠂ ᠪᠦᠬᠦ ᠣᠪᠣᠭ ᠤᠨ ᠤᠳᠤᠷᠢᠳᠤᠭᠴᠢᠳ ᠪᠣᠯᠣᠨ ᠢᠰᠷᠧᠯᠴᠦᠳ ᠦᠨ ᠡᠴᠢᠭᠡ ᠶᠢᠨ ᠪᠦᠯᠢ ᠶᠢᠨ ᠲᠡᠷᠢᠭᠦᠨ ᠨᠦᠭᠦᠳ ᠢ ᠶᠧᠷᠦ᠋ᠰᠠᠯᠧᠮ ᠳᠤ ᠴᠤᠭᠯᠠᠭᠤᠯᠤᠭᠰᠠᠨ ᠳᠤ᠂ 3 ᠳᠣᠯᠣᠳᠤᠭᠠᠷ ᠰᠠᠷ᠎ᠠ ᠶᠢᠨ ᠪᠠᠶᠠᠷ ᠤᠨ ᠦᠶ᠎ᠡ ᠪᠡᠷ ᠡᠳᠡᠭᠡᠷ ᠢᠰᠷᠧᠯ ᠡᠷᠡᠴᠦᠳ ᠪᠦᠭᠦᠳᠡᠭᠡᠷ ᠢᠶᠡᠨ ᠬᠠᠭᠠᠨ ᠤᠷᠤᠭᠤ ᠴᠤᠭᠯᠠᠷᠠᠪᠠ᠃ 4 ᠢᠰᠷᠧᠯ ᠤᠨ ᠪᠦᠬᠦ ᠠᠬᠠᠮᠠᠳ ᠢᠷᠡᠭᠰᠡᠨ ᠦ ᠳᠠᠷᠠᠭ᠎ᠠ᠂ ᠯᠧᠸᠢᠴᠦᠳ ᠠᠪᠳᠠᠷ᠎ᠠ ᠶᠢ ᠳᠠᠮᠨᠠᠵᠤ᠂ 5 ᠠᠪᠳᠠᠷ᠎ᠠ ᠠᠴᠠ ᠭᠠᠳᠠᠨ᠎ᠠ ᠠᠭᠤᠯᠵᠠᠯᠲᠠ ᠶᠢᠨ ᠮᠠᠢᠬᠠᠨ ᠪᠣᠯᠣᠨ ᠲᠡᠭᠦᠨ ᠦ ᠳᠣᠲᠣᠷᠠᠬᠢ ᠪᠦᠬᠦ ᠠᠷᠢᠭᠤᠨ ᠡᠳ᠋ ᠵᠦᠢᠯᠡᠰ ᠢ ᠳᠡᠭᠡᠭᠰᠢ ᠠᠪᠴᠢᠷᠠᠪᠠ᠃ ᠲᠠᠬᠢᠯᠴᠢ ᠯᠧᠸᠢᠴᠦᠳ ᠡᠳᠡᠭᠡᠷ ᠢ ᠳᠡᠭᠡᠭᠰᠢ ᠠᠪᠴᠢᠷᠠᠭᠰᠠᠨ ᠳᠤ᠂ 6 ᠰᠣᠯᠣᠮᠣᠨ ᠬᠠᠭᠠᠨ ᠥᠪᠡᠷ ᠤᠷᠤᠭᠤ ᠨᠢ ᠴᠤᠭᠯᠠᠷᠠᠭᠰᠠᠨ ᠢᠰᠷᠧᠯ ᠤᠨ ᠨᠡᠢᠲᠡ ᠴᠢᠭᠤᠯᠭᠠᠨ ᠲᠠᠢ ᠬᠠᠮᠲᠤ ᠪᠠᠷ ᠠᠪᠳᠠᠷ᠎ᠠ ᠶᠢᠨ ᠡᠮᠦᠨ᠎ᠡ ᠵᠣᠭᠰᠣᠵᠤ᠂ ᠲᠣᠭᠠᠯᠠᠵᠤ ᠪᠦᠷᠢᠳᠬᠡᠵᠦ ᠪᠠᠷᠠᠰᠢ ᠦᠭᠡᠢ ᠣᠯᠠᠨ ᠬᠣᠨᠢ ᠦᠬᠡᠷ ᠢᠶᠡᠷ ᠲᠠᠬᠢᠯ ᠡᠷᠭᠦᠭᠰᠡᠭᠡᠷ ᠪᠠᠢᠯ᠎ᠠ᠃ 7 ᠲᠠᠬᠢᠯᠴᠢᠳ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠥᠷᠭᠥᠭᠡᠨ ᠦ ᠳᠣᠲᠣᠭᠠᠳᠤ ᠠᠷᠢᠭᠤᠨ ᠲᠠᠩᠬᠢᠮ᠂ ᠲᠤᠬᠠᠢᠯᠠᠪᠠᠯ ᠠᠷᠢᠭᠤᠨ ᠠᠴᠠ ᠠᠷᠢᠭᠤᠨ ᠭᠠᠵᠠᠷ ᠲᠤ ᠣᠷᠣᠭᠤᠯᠤᠨ᠂ ᠺᠧᠷᠣᠪ ᠤᠳ ᠤᠨ ᠳᠠᠯᠠᠪᠴᠢᠨ ᠳᠣᠣᠷ᠎ᠠ ᠪᠠᠢᠷᠢᠨ ᠳᠤᠨᠢ ᠵᠠᠯᠠᠯ᠎ᠠ᠃ 8 ᠺᠧᠷᠣᠪ ᠤᠳ ᠤᠨ ᠳᠠᠯᠠᠪᠴᠢ ᠨᠢ ᠠᠪᠳᠠᠷ᠎ᠠ ᠶᠢᠨ ᠳᠡᠭᠡᠭᠦᠷ ᠳᠡᠯᠭᠡᠭᠡᠰᠦᠲᠡᠢ ᠪᠥᠭᠡᠳ ᠠᠪᠳᠠᠷ᠎ᠠ ᠪᠣᠯᠣᠨ ᠳᠠᠮᠨᠠᠭᠤᠷᠭ᠎ᠠ ᠨᠤᠭᠤᠳ ᠢ ᠳᠡᠭᠡᠷ᠎ᠡ ᠡᠴᠡ ᠨᠢ ᠪᠦᠲᠡᠭᠡᠭᠰᠡᠨ ᠪᠠᠢᠪᠠ᠃ 9 ᠠᠪᠳᠠᠷ᠎ᠠ ᠠᠴᠠ ᠢᠯᠡᠭᠦᠦ ᠭᠠᠷᠤᠭᠰᠠᠨ ᠳᠠᠮᠨᠠᠭᠤᠷᠭ᠎ᠠ ᠨᠤᠭᠤᠳ ᠤᠨ ᠦᠵᠦᠭᠦᠷ ᠨᠢ ᠳᠣᠲᠣᠭᠠᠳᠤ ᠠᠷᠢᠭᠤᠨ ᠲᠠᠩᠬᠢᠮ ᠤᠨ ᠨᠠᠭᠠᠨᠠᠬᠢ ᠭᠣᠣᠯ ᠲᠠᠩᠬᠢᠮ ᠳᠤ ᠬᠠᠷᠠᠭᠳᠠᠳᠠᠭ ᠪᠣᠯᠪᠠᠴᠤ ᠭᠠᠳᠠᠨ᠎ᠠ ᠠᠴᠠ ᠬᠠᠷᠠᠭᠳᠠᠬᠤ ᠦᠭᠡᠢ ᠪᠠᠢᠪᠠ᠃ ᠲᠡᠳᠡᠭᠡᠷ ᠳᠠᠮᠨᠠᠭᠤᠷᠭ᠎ᠠ ᠨᠤᠭᠤᠳ ᠥᠨᠥᠳᠥᠷ ᠬᠦᠷᠲᠡᠯ᠎ᠡ ᠲᠡᠨᠳᠡ ᠪᠡᠨ ᠪᠤᠢ᠃ 10 ᠠᠪᠳᠠᠷ᠎ᠠ ᠳᠣᠲᠣᠷ᠎ᠠ ᠬᠣᠶᠠᠷ ᠬᠠᠪᠲᠠᠰᠤ ᠠᠴᠠ ᠥᠭᠡᠷ᠎ᠡ ᠶᠠᠭᠤᠮ᠎ᠠ ᠪᠠᠢᠬᠤ ᠦᠭᠡᠢ ᠪᠠᠢᠪᠠ᠃ ᠢᠰᠷᠧᠯᠴᠦᠳ ᠶᠧᠵᠢᠫᠲ ᠡᠴᠡ ᠭᠠᠷᠤᠭᠰᠠᠨ ᠤ ᠳᠠᠷᠠᠭ᠎ᠠ᠂ ᠶᠣᠬᠣᠸᠠ ᠬᠣᠷᠧᠪ ᠲᠤ ᠲᠡᠳᠡᠨ ᠲᠡᠢ ᠭᠡᠷ᠎ᠡ ᠪᠠᠢᠭᠤᠯᠬᠤ ᠳᠤ᠂ ᠮᠣᠰᠧ ᠲᠡᠳᠡᠭᠡᠷ ᠬᠠᠪᠲᠠᠰᠤ ᠶᠢ ᠲᠡᠭᠦᠨ ᠳᠣᠲᠣᠷ᠎ᠠ ᠬᠢᠭᠰᠡᠨ ᠪᠠᠢᠵᠠᠢ᠃
11 ᠲᠠᠬᠢᠯᠴᠢᠳ ᠠᠷᠢᠭᠤᠨ ᠭᠠᠵᠠᠷ ᠠᠴᠠ ᠭᠠᠷᠴᠠᠭᠠᠪᠠ᠃ ᠲᠡᠨᠳᠡ ᠪᠠᠢᠭᠰᠠᠨ ᠲᠠᠬᠢᠯᠴᠢᠳ ᠠᠵᠢᠯ ᠤᠨ ᠡᠭᠡᠯᠵᠢ ᠪᠠᠢᠭᠰᠠᠨ ᠴᠤ᠂ ᠪᠠᠢᠭᠰᠠᠨ ᠦᠭᠡᠢ ᠴᠤ ᠪᠦᠭᠦᠳᠡᠭᠡᠷ ᠢᠶᠡᠨ ᠥᠪᠡᠷᠰᠡᠳ ᠢ ᠪᠠᠨ ᠠᠷᠢᠭᠤᠰᠬᠠᠭᠰᠠᠨ ᠪᠠᠢᠯ᠎ᠠ᠃ 12 ᠠᠰᠠᠹ᠂ ᠾᠧᠮᠠᠨ᠂ ᠶᠧᠳᠦ᠋ᠲ᠋ᠦ᠋ᠨ ᠵᠡᠷᠭᠡ ᠯᠧᠸᠢ ᠬᠥᠭᠵᠢᠮᠴᠢᠳ ᠬᠥᠪᠡᠭᠦᠳ ᠪᠣᠯᠣᠨ ᠬᠠᠮᠢᠶᠠᠲᠠᠨ ᠨᠤᠭᠤᠳ ᠲᠠᠢ ᠪᠠᠨ ᠨᠠᠷᠢᠨ ᠮᠠᠭᠠᠯᠢᠩ᠋ᠭᠤᠨ ᠳᠡᠪᠡᠯ ᠡᠮᠦᠰᠴᠦ᠂ ᠲᠠᠬᠢᠯ ᠤᠨ ᠰᠢᠷᠡᠭᠡᠨ ᠦ ᠵᠡᠭᠦᠨ ᠲᠠᠯ᠎ᠠ ᠳᠤ ᠬᠠᠮᠲᠤ ᠵᠣᠭᠰᠣᠨ᠂ ᠴᠠᠩ᠂ ᠪᠣᠰᠣᠭ᠎ᠠ ᠶᠠᠲᠤᠭ᠎ᠠ᠂ ᠬᠤᠭᠤᠷ ᠲᠣᠭᠯᠠᠵᠤ ᠪᠠᠢᠯ᠎ᠠ᠃ ᠲᠡᠳᠡᠨ ᠲᠡᠢ ᠬᠠᠮᠲᠤ ᠵᠠᠭᠤ ᠬᠣᠷᠢᠨ ᠲᠠᠬᠢᠯᠴᠢ ᠪᠦᠷᠢᠶ᠎ᠡ ᠦᠯᠢᠶᠡᠵᠦ ᠪᠠᠢᠪᠠ᠃ 13 ᠪᠦᠷᠢᠶᠡᠴᠢᠳ ᠪᠣᠯᠣᠨ ᠬᠥᠭᠵᠢᠮᠴᠢᠳ ᠵᠡᠷᠭᠡᠪᠡᠷ᠂ ᠨᠢᠭᠡ ᠳᠠᠭᠤ ᠪᠠᠷ ᠶᠣᠬᠣᠸᠠ ᠳᠤ ᠮᠠᠭᠲᠠᠭᠠᠯ ᠲᠠᠯᠠᠷᠬᠠᠯ ᠢᠶᠠᠨ ᠡᠷᠭᠦᠨ ᠰᠣᠨᠣᠰᠬᠠᠵᠤ ᠪᠠᠢᠯ᠎ᠠ᠃ ᠲᠡᠳᠡ ᠪᠦᠷᠢᠶ᠎ᠡ᠂ ᠴᠠᠩ ᠵᠡᠷᠭᠡ ᠬᠥᠭᠵᠢᠮ ᠤᠨ ᠬᠠᠪᠰᠤᠷᠤᠯᠭ᠎ᠠ ᠲᠠᠢ ᠪᠠᠷ ᠳᠠᠭᠤ ᠪᠠᠨ ᠥᠨᠳᠥᠷᠰᠡᠭᠡᠨ᠂ ᠶᠣᠬᠣᠸᠠ ᠶᠢ ᠮᠠᠭᠲᠠᠨ᠄ 《ᠲᠡᠷᠡ ᠪᠣᠯ ᠰᠠᠢᠨ᠂ ᠲᠡᠭᠦᠨ ᠦ ᠦᠨᠡᠨ ᠬᠠᠢᠷ᠎ᠠ ᠮᠥᠩᠬᠡᠳᠡ》 ᠭᠡᠵᠡᠭᠡᠵᠦ ᠪᠠᠢᠬᠤ ᠳᠤ᠂ ᠶᠣᠬᠣᠸᠠ ᠶᠢᠨ ᠥᠷᠭᠥᠭᠡ ᠡᠭᠦᠯᠡ ᠪᠡᠷ ᠳᠦᠭᠦᠷᠪᠡ᠃ 14 ᠡᠭᠦᠯᠡᠨ ᠦ ᠤᠯᠠᠮ ᠢᠶᠠᠷ ᠲᠠᠬᠢᠯᠴᠢᠳ ᠦᠢᠯᠡᠴᠢᠯᠡᠯ ᠢᠶᠡᠨ ᠬᠢᠵᠦ ᠴᠢᠳᠠᠭᠰᠠᠨ ᠦᠭᠡᠢ᠃ ᠶᠣᠬᠣᠸᠠ ᠶᠢᠨ ᠴᠣᠭ ᠵᠢᠪᠬᠤᠯᠠᠩ ᠪᠤᠷᠬᠠᠨ ᠤ ᠥᠷᠭᠥᠭᠡ ᠶᠢ ᠳᠦᠭᠦᠷᠭᠡᠭᠰᠡᠨ ᠪᠠᠢᠪᠠ᠃