1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢ ᠶᠢᠰᠦ
 ᠾᠧᠽᠧᠺᠢᠶ᠎ᠠ ᠥᠷᠭᠥᠭᠡ ᠶᠢ ᠴᠡᠪᠡᠷᠰᠢᠭᠦᠯᠪᠡ

1 ᠾᠧᠽᠧᠺᠢᠶ᠎ᠠ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠷᠢ ᠶᠢᠰᠦᠨ ᠵᠢᠯ ᠬᠠᠭᠠᠨᠴᠢᠯᠠᠪᠠ᠃ ᠡᠬᠡ ᠨᠢ ᠽᠧᠺᠠᠷᠢᠶ᠎ᠠ ᠶᠢᠨ ᠥᠬᠢᠨ ᠠᠪᠢᠶᠠ ᠪᠠᠢᠪᠠ᠃ 2 ᠾᠧᠽᠧᠺᠢᠶ᠎ᠠ ᠡᠴᠢᠭᠡ ᠡᠪᠦᠭᠡ ᠳ᠋ᠠᠸᠢᠳ᠋ ᠰᠢᠭ᠋ ᠢᠶᠠᠨ ᠶᠣᠬᠣᠸᠠ ᠶᠢᠨ ᠮᠡᠯᠮᠡᠢ ᠳᠦ ᠵᠥᠪ ᠢ ᠦᠢᠯᠡᠳᠪᠡ᠃

3 ᠲᠡᠷᠡ ᠬᠠᠭᠠᠨ ᠪᠣᠯᠣᠭᠰᠠᠨ ᠠᠩ᠋ᠬᠠᠨ ᠤ ᠵᠢᠯ ᠤᠨ ᠢᠶᠠᠨ ᠨᠢᠭᠡᠳᠦᠭᠡᠷ ᠰᠠᠷ᠎ᠠ ᠳᠤ᠂ ᠶᠣᠬᠣᠸᠠ ᠶᠢᠨ ᠥᠷᠭᠥᠭᠡᠨ ᠦ ᠬᠠᠭᠠᠯᠭ᠎ᠠ ᠨᠤᠭᠤᠳ ᠢ ᠣᠩ᠋ᠭᠤᠢᠢᠯᠭᠠᠵᠤ᠂ ᠵᠠᠰᠠᠪᠤᠷᠢᠯᠠᠪᠠ᠃ 4 ᠲᠡᠷᠡ ᠪᠡᠷ ᠲᠠᠬᠢᠯᠴᠢᠳ ᠪᠣᠯᠣᠨ ᠯᠧᠸᠢᠴᠦᠳ ᠢ ᠥᠷᠭᠥᠭᠡᠨ ᠦ ᠵᠡᠭᠦᠨ ᠲᠠᠯ᠎ᠠ ᠶᠢᠨ ᠲᠠᠯᠠᠪᠠᠢ ᠳᠤ ᠴᠤᠭᠯᠠᠭᠤᠯᠵᠤ᠂ 5 ᠲᠡᠳᠡᠨ ᠳᠦ᠄ 《ᠯᠧᠸᠢᠴᠦᠳ ᠡ᠂ ᠮᠢᠨᠦᠬᠢ ᠶᠢ ᠰᠣᠨᠣᠰᠣᠭᠲᠤᠨ᠃ ᠣᠳᠣ ᠲᠠ ᠨᠠᠷ ᠥᠪᠡᠷᠰᠡᠳ ᠢ ᠪᠠᠨ ᠠᠷᠢᠭᠤᠰᠬᠠᠭᠰᠠᠨ ᠤ ᠳᠠᠷᠠᠭ᠎ᠠ᠂ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢᠨ ᠥᠷᠭᠥᠭᠡ ᠶᠢ ᠠᠷᠢᠭᠤᠰᠬᠠᠵᠤ᠂ ᠠᠷᠢᠭᠤᠨ ᠭᠠᠵᠠᠷ ᠠᠴᠠ ᠪᠤᠵᠠᠷ ᠵᠦᠢᠯᠡᠰ ᠢ ᠭᠠᠷᠭᠠᠭᠲᠤᠨ᠃ 6 ᠪᠢᠳᠡᠨ ᠦ ᠡᠴᠢᠭᠡ ᠡᠪᠦᠭᠡᠳ ᠢᠲᠡᠭᠡᠯ ᠠᠯᠳᠠᠵᠤ᠂ ᠪᠢᠳᠡᠨ ᠦ ᠪᠤᠷᠬᠠᠨ ᠶᠣᠬᠣᠸᠠ ᠶᠢᠨ ᠮᠡᠯᠮᠡᠢ ᠳᠦ ᠮᠠᠭᠤ ᠶᠢ ᠦᠢᠯᠡᠳᠦᠨ᠂ ᠲᠡᠭᠦᠨ ᠢ ᠣᠷᠬᠢᠵᠤ᠂ ᠶᠣᠬᠣᠸᠠ ᠶᠢᠨ ᠣᠷᠣᠰᠢᠬᠤ ᠭᠠᠵᠠᠷ ᠠᠴᠠ ᠨᠢᠭᠤᠷ ᠢᠶᠠᠨ ᠪᠤᠷᠤᠭᠤᠯᠤᠨ᠂ ᠨᠢᠷᠤᠭᠤ ᠪᠠᠨ ᠬᠠᠷᠠᠭᠤᠯᠤᠭᠰᠠᠨ ᠪᠢᠯᠡ᠃ 7 ᠲᠡᠳᠡ ᠪᠠᠰᠠ ᠬᠣᠩᠭᠢᠯ ᠤᠨ ᠬᠠᠭᠠᠯᠭ᠎ᠠ ᠶᠢ ᠬᠠᠭᠠᠵᠤ᠂ ᠳ᠋ᠧᠩ ᠤᠳ ᠢ ᠤᠨᠲᠠᠷᠠᠭᠠᠭᠰᠠᠨ ᠪᠠᠢᠨ᠎ᠠ᠃ ᠲᠡᠳᠡ ᠠᠷᠢᠭᠤᠨ ᠭᠠᠵᠠᠷ ᠲᠤ ᠢᠰᠷᠧᠯ ᠤᠨ ᠪᠤᠷᠬᠠᠨ ᠤ ᠲᠥᠯᠥᠭᠡ ᠤᠲᠤᠯᠭ᠎ᠠ ᠤᠭᠤᠭᠢᠭᠤᠯᠤᠭᠰᠠᠨ ᠦᠭᠡᠢ᠂ ᠰᠢᠲᠠᠭᠠᠯᠭᠠᠲᠤ ᠲᠠᠬᠢᠯ ᠡᠷᠭᠦᠭᠰᠡᠨ ᠦᠭᠡᠢ᠃ 8 ᠡᠢᠮᠦ ᠡᠴᠡ ᠶᠣᠬᠣᠸᠠ ᠶᠢᠨ ᠠᠭᠤᠷ ᠬᠢᠯᠢᠩ ᠶᠦᠳᠠ᠂ ᠶᠧᠷᠦ᠋ᠰᠠᠯᠧᠮ ᠤᠨ ᠳᠡᠭᠡᠷ᠎ᠡ ᠪᠠᠢᠨ᠎ᠠ᠂ ᠲᠡᠷᠡ ᠪᠡᠷ ᠪᠢᠳᠡᠨ ᠢ ᠠᠢᠳᠠᠰ᠂ ᠲᠦᠭᠰᠢᠭᠦᠷᠢ ᠪᠣᠯᠣᠨ ᠳᠣᠷᠣᠮᠵᠢᠯᠠᠯ ᠳᠣᠲᠣᠷ᠎ᠠ ᠣᠷᠬᠢᠭᠰᠠᠨ ᠢ ᠲᠠ ᠨᠠᠷ ᠣᠳᠣ ᠨᠢᠳᠦ ᠪᠡᠷ ᠢᠶᠠᠨ ᠦᠵᠡᠵᠦ ᠪᠠᠢᠨ᠎ᠠ᠃ 9 ᠬᠠᠷᠠ᠂ ᠪᠢᠳᠡᠨ ᠦ ᠡᠴᠢᠭᠡ ᠡᠪᠦᠭᠡᠳ ᠢᠯᠳᠦᠨ ᠳᠦ ᠤᠨᠠᠵᠠᠭᠠᠵᠤ᠂ ᠪᠢᠳᠡᠨ ᠦ ᠬᠥᠪᠡᠭᠦᠳ ᠥᠬᠢᠳ ᠪᠣᠯᠣᠨ ᠡᠬᠡᠨᠡᠷ ᠤᠳ ᠣᠯᠵᠠᠯᠠᠭᠳᠠᠭᠰᠠᠨ ᠪᠠᠢᠨ᠎ᠠ᠃ 10 ᠣᠳᠣ ᠨᠠᠳᠠ ᠳᠤ ᠢᠰᠷᠧᠯ ᠤᠨ ᠪᠤᠷᠬᠠᠨ ᠶᠣᠬᠣᠸᠠ ᠲᠠᠢ ᠭᠡᠷ᠎ᠡ ᠪᠠᠢᠭᠤᠯᠬᠤ ᠰᠠᠨᠠᠭ᠎ᠠ ᠪᠤᠢ᠃ ᠡᠭᠦᠨ ᠦ ᠤᠯᠠᠮ ᠢᠶᠠᠷ ᠲᠡᠭᠦᠨ ᠦ ᠠᠭᠤᠷ ᠬᠢᠯᠢᠩ ᠪᠢᠳᠡᠨ ᠡᠴᠡ ᠡᠷᠭᠢᠬᠦ ᠪᠣᠯᠣᠭᠠᠰᠠᠢ᠃ 11 ᠬᠥᠪᠡᠭᠦᠳ ᠮᠢᠨᠢ ᠡ᠂ ᠶᠣᠬᠣᠸᠠ ᠲᠠ ᠨᠠᠷ ᠢ ᠥᠪᠡᠷ ᠲᠡᠭᠡᠨ ᠦᠢᠯᠡᠴᠢᠯᠡᠭᠦᠯᠬᠦ ᠤᠲᠤᠯᠭ᠎ᠠ ᠤᠭᠤᠭᠢᠭᠤᠯᠬᠤ ᠬᠥᠮᠦᠨ ᠢᠶᠡᠷ ᠰᠣᠩ᠋ᠭᠣᠵᠤ᠂ ᠥᠪᠡᠷ ᠶᠢᠨ ᠢᠶᠠᠨ ᠡᠮᠦᠨ᠎ᠡ ᠵᠣᠭᠰᠣᠭᠠᠵᠤ᠂ ᠥᠪᠡᠷ ᠲᠡᠭᠡᠨ ᠦᠢᠯᠡᠴᠢᠯᠡᠭᠦᠯᠦᠭᠰᠡᠨ ᠲᠤᠯᠠ ᠣᠳᠣ ᠬᠣᠢᠷᠭᠣ ᠪᠠᠢᠵᠤ ᠪᠣᠯᠬᠤ ᠦᠭᠡᠢ》 ᠭᠡᠪᠡ᠃

12 ᠲᠡᠭᠡᠬᠦ ᠳᠦ ᠯᠧᠸᠢᠴᠦᠳ ᠪᠣᠰᠴᠠᠭᠠᠪᠠ᠃ ᠺᠣᠬᠠᠲ᠋ᠴᠤᠳ ᠠᠴᠠ ᠠᠮᠠᠰᠠᠢ ᠶᠢᠨ ᠬᠦᠦ ᠮᠠᠬᠠᠲ᠂ ᠠᠽᠠᠷᠢᠶ᠎ᠠ ᠶᠢᠨ ᠬᠦᠦ ᠶᠣᠶᠧᠯ ᠨᠠᠷ᠂ ᠮᠧᠷᠠᠷᠢᠴᠤᠳ ᠠᠴᠠ ᠠᠪᠳᠢ ᠶᠢᠨ ᠬᠦᠦ ᠺᠢᠱ᠂ ᠶᠧᠬᠠᠯᠧᠯᠧᠯ ᠤᠨ ᠬᠦᠦ ᠠᠽᠠᠷᠢᠶ᠎ᠠ ᠨᠠᠷ᠂ ᠭᠧᠷᠱᠣᠨᠴᠤᠳ ᠠᠴᠠ ᠽᠢᠮᠠ ᠶᠢᠨ ᠬᠦᠦ ᠶᠣᠶ᠎ᠠ᠂ ᠶᠣᠶ᠎ᠠ ᠶᠢᠨ ᠬᠦᠦ ᠡᠳᠧᠨ ᠨᠠᠷ᠂ 13 ᠡᠯᠢᠱᠠᠹᠠᠨ ᠤ ᠦᠷ᠎ᠡ ᠤᠳᠤᠮ ᠠᠴᠠ ᠱᠢᠮᠷᠢ᠂ ᠶᠧᠶᠧᠯ ᠨᠠᠷ᠂ ᠠᠰᠠᠹ ᠤᠨ ᠦᠷ᠎ᠡ ᠤᠳᠤᠮ ᠠᠴᠠ ᠽᠧᠺᠠᠷᠢᠶ᠎ᠠ᠂ ᠮᠠᠲ᠋ᠠᠨᠢᠶ᠎ᠠ ᠨᠠᠷ᠂ 14 ᠾᠧᠮᠠᠨ ᠤ ᠦᠷ᠎ᠡ ᠤᠳᠤᠮ ᠠᠴᠠ ᠶᠧᠾᠢᠶᠧᠯ᠂ ᠱᠢᠮᠧᠶᠢ ᠨᠠᠷ᠂ ᠶᠧᠳᠦ᠋ᠲ᠋ᠦ᠋ᠨ ᠤ ᠦᠷ᠎ᠡ ᠤᠳᠤᠮ ᠠᠴᠠ ᠱᠧᠮᠠᠢᠶ᠎ᠠ᠂ ᠦᠽᠢᠶᠧᠯ ᠨᠠᠷ ᠪᠣᠰᠴᠤ᠂ 15 ᠠᠬ᠎ᠠ ᠳᠡᠭᠦᠦᠰ ᠢᠶᠡᠨ ᠴᠤᠭᠯᠠᠭᠤᠯᠤᠨ ᠥᠪᠡᠷᠰᠡᠳ ᠢ ᠪᠠᠨ ᠠᠷᠢᠭᠤᠰᠬᠠᠭᠠᠳ᠂ ᠶᠣᠬᠣᠸᠠ ᠶᠢᠨ ᠦᠭᠡ ᠶᠢᠨ ᠳᠠᠭᠠᠤ᠂ ᠬᠠᠭᠠᠨ ᠤ ᠲᠤᠰᠢᠶᠠᠭᠰᠠᠨ ᠶᠣᠰᠣᠭᠠᠷ ᠶᠣᠬᠣᠸᠠ ᠶᠢᠨ ᠥᠷᠭᠥᠭᠡ ᠶᠢ ᠴᠡᠪᠡᠷᠯᠡᠬᠦ ᠪᠡᠷ ᠣᠷᠣᠵᠠᠢ᠃ 16 ᠲᠠᠬᠢᠯᠴᠢᠳ ᠴᠤ ᠶᠣᠬᠣᠸᠠ ᠶᠢᠨ ᠥᠷᠭᠥᠭᠡᠨ ᠦ ᠳᠣᠲᠣᠷᠠᠬᠢ ᠶᠢ ᠴᠡᠪᠡᠷᠯᠡᠬᠦ ᠪᠡᠷ ᠣᠷᠣᠵᠤ᠂ ᠶᠣᠬᠣᠸᠠ ᠶᠢᠨ ᠣᠷᠳᠣᠨ ᠳᠤ ᠪᠠᠢᠭᠰᠠᠨ ᠠᠯᠢᠪᠠ ᠪᠣᠬᠢᠷ ᠵᠦᠢᠯᠡᠰ ᠢ ᠶᠣᠬᠣᠸᠠ ᠶᠢᠨ ᠥᠷᠭᠥᠭᠡᠨ ᠦ ᠬᠠᠰᠢᠶᠠᠨ ᠳᠤ ᠭᠠᠷᠭᠠᠵᠠᠢ᠃ ᠲᠡᠭᠡᠭᠡᠳ ᠯᠧᠸᠢᠴᠦᠳ ᠡᠳᠡᠭᠡᠷ ᠢ ᠺᠢᠳ᠋ᠷᠣᠨ ᠤ ᠬᠥᠨᠳᠡᠢ ᠤᠷᠤᠭᠤ ᠠᠪᠠᠴᠢᠪᠠ᠃ 17 ᠲᠡᠳᠡ ᠠᠷᠢᠭᠤᠰᠬᠠᠬᠤ ᠠᠵᠢᠯ ᠢ ᠨᠢᠭᠡᠳᠦᠭᠡᠷ ᠰᠠᠷ᠎ᠠ ᠶᠢᠨ ᠡᠬᠢᠨ ᠤ ᠡᠳᠦᠷ ᠡᠬᠢᠯᠡᠵᠦ᠂ ᠨᠠᠢ᠌ᠮᠠᠳᠠᠬᠢ ᠡᠳᠦᠷ ᠨᠢ ᠶᠣᠬᠣᠸᠠ ᠶᠢᠨ ᠥᠷᠭᠥᠭᠡᠨ ᠦ ᠬᠣᠩᠭᠢᠯ ᠳᠤ ᠬᠦᠷᠴᠦ᠂ ᠶᠣᠬᠣᠸᠠ ᠶᠢᠨ ᠥᠷᠭᠥᠭᠡ ᠶᠢ ᠳᠠᠬᠢᠨ ᠨᠠᠢ᠌ᠮᠠᠨ ᠡᠳᠦᠷ ᠠᠷᠢᠭᠤᠰᠬᠠᠭᠠᠳ ᠨᠢᠭᠡᠳᠦᠭᠡᠷ ᠰᠠᠷ᠎ᠠ ᠶᠢᠨ ᠠᠷᠪᠠᠨ ᠵᠢᠷᠭᠤᠳᠠᠬᠢ ᠡᠳᠦᠷ ᠳᠠᠭᠤᠰᠬᠠᠪᠠ᠃ 18 ᠲᠡᠭᠡᠭᠡᠳ ᠲᠡᠳᠡ ᠳᠣᠲᠣᠭᠰᠢ ᠣᠷᠣᠵᠤ ᠾᠧᠽᠧᠺᠢᠶ᠎ᠠ ᠬᠠᠭᠠᠨ ᠳᠤ᠄ 《ᠪᠢᠳᠡ ᠶᠣᠬᠣᠸᠠ ᠶᠢᠨ ᠥᠷᠭᠥᠭᠡ ᠶᠢ ᠥᠪᠴᠢ ᠳᠦᠨᠢ ᠴᠡᠪᠡᠷᠯᠡᠯ᠎ᠡ᠂ ᠰᠢᠲᠠᠭᠠᠯᠭᠠᠲᠤ ᠲᠠᠬᠢᠯ ᠤᠨ ᠰᠢᠷᠡᠭᠡ ᠶᠢ ᠪᠦᠬᠦᠢᠯᠡ ᠬᠡᠷᠡᠭᠰᠡᠯ ᠦᠨ ᠬᠢᠨᠢ ᠬᠠᠮᠲᠤ᠂ ᠮᠥᠨ ᠲᠠᠪᠢᠭ ᠪᠣᠣᠪᠣ ᠶᠢᠨ ᠰᠢᠷᠡᠭᠡ ᠶᠢ ᠪᠦᠬᠦᠢᠯᠡ ᠬᠡᠷᠡᠭᠰᠡᠯ ᠦᠨ ᠬᠢᠨᠢ ᠬᠠᠮᠲᠤ ᠴᠡᠪᠡᠷᠯᠡᠵᠦ᠂ 19 ᠠᠬᠠᠽ ᠬᠠᠭᠠᠨ ᠤ ᠬᠠᠭᠠᠨᠴᠢᠯᠠᠯ ᠤᠨ ᠢᠶᠠᠨ ᠲᠤᠷᠰᠢᠳᠠ ᠢᠲᠡᠭᠡᠯ ᠦᠭᠡᠢ ᠪᠠᠢᠭᠰᠠᠨ ᠢᠶᠠᠷ ᠬᠠᠶᠠᠭᠰᠠᠨ ᠠᠯᠢᠪᠠ ᠬᠡᠷᠡᠭᠰᠡᠯ ᠢ ᠰᠡᠯᠪᠢᠨ ᠠᠷᠢᠭᠤᠰᠬᠠᠯ᠎ᠠ᠃ ᠣᠳᠣ ᠲᠡᠳᠡᠭᠡᠷ ᠨᠢ ᠶᠣᠬᠣᠸᠠ ᠶᠢᠨ ᠲᠠᠬᠢᠯ ᠤᠨ ᠰᠢᠷᠡᠭᠡᠨ ᠦ ᠡᠮᠦᠨ᠎ᠡ ᠪᠠᠢᠨ᠎ᠠ》 ᠭᠡᠵᠦ ᠠᠢᠯᠠᠳᠬᠠᠪᠠ᠃

20 ᠾᠧᠽᠧᠺᠢᠶ᠎ᠠ ᠬᠠᠭᠠᠨ ᠳᠠᠷᠠᠭ᠎ᠠ ᠥᠷᠯᠥᠭᠡ ᠨᠢ ᠪᠣᠰᠴᠤ᠂ ᠬᠣᠲᠠ ᠶᠢᠨ ᠨᠣᠶᠠᠳ ᠢ ᠴᠤᠭᠯᠠᠭᠤᠯᠤᠭᠠᠳ ᠶᠣᠬᠣᠸᠠ ᠶᠢᠨ ᠥᠷᠭᠥᠭᠡ ᠥᠭᠡᠳᠡ ᠣᠴᠢᠵᠤ᠂ 21 ᠳᠣᠯᠣᠭᠠᠨ ᠪᠤᠬ᠎ᠠ᠂ ᠳᠣᠯᠣᠭᠠᠨ ᠬᠤᠴᠠ᠂ ᠳᠣᠯᠣᠭᠠᠨ ᠬᠤᠷᠠᠭ᠎ᠠ᠂ ᠳᠣᠯᠣᠭᠠᠨ ᠤᠬᠤᠨ᠎ᠠ ᠠᠪᠴᠢᠷᠠᠭᠤᠯᠤᠨ ᠬᠠᠭᠠᠨᠴᠢᠯᠠᠯ᠂ ᠠᠷᠢᠭᠤᠨ ᠭᠠᠵᠠᠷ ᠪᠣᠯᠣᠨ ᠶᠦᠳᠠ ᠳᠤ ᠵᠣᠷᠢᠭᠤᠯᠤᠨ ᠨᠢᠭᠦᠯ ᠦᠨ ᠲᠥᠯᠥᠭᠡᠬᠢ ᠲᠠᠬᠢᠯ ᠪᠣᠯᠭᠠᠵᠤ᠂ ᠠᠷᠣᠨ ᠤ ᠦᠷ᠎ᠡ ᠤᠳᠤᠮ ᠪᠣᠯᠬᠤ ᠲᠠᠬᠢᠯᠴᠢᠳ ᠲᠤ ᠲᠤᠰᠢᠶᠠᠨ ᠲᠡᠳᠡᠭᠡᠷ ᠢ ᠶᠣᠬᠣᠸᠠ ᠶᠢᠨ ᠲᠠᠬᠢᠯ ᠤᠨ ᠰᠢᠷᠡᠭᠡᠨ ᠳᠡᠭᠡᠷ᠎ᠡ ᠡᠷᠭᠦᠭᠦᠯᠪᠡ᠃ 22 ᠢᠩᠭᠢᠭᠡᠳ ᠬᠥᠮᠦᠰ ᠪᠤᠬ᠎ᠠ ᠨᠤᠭᠤᠳ ᠢ ᠨᠢᠳᠤᠯᠤᠭᠰᠠᠨ ᠳᠤ᠂ ᠲᠠᠬᠢᠯᠴᠢᠳ ᠴᠢᠰᠤᠨ ᠠᠴᠠ ᠨᠢ ᠠᠪᠴᠤ᠂ ᠲᠠᠬᠢᠯ ᠤᠨ ᠰᠢᠷᠡᠭᠡᠨ ᠳᠡᠭᠡᠷ᠎ᠡ ᠰᠠᠴᠤᠪᠠ᠃ ᠳᠠᠷᠠᠭ᠎ᠠ ᠨᠢ ᠬᠤᠴᠠ ᠨᠤᠭᠤᠳ ᠢ ᠨᠢᠲᠤᠯᠵᠤ᠂ ᠴᠢᠰᠤ ᠶᠢ ᠨᠢ ᠲᠠᠬᠢᠯ ᠤᠨ ᠰᠢᠷᠡᠭᠡᠨ ᠳᠡᠭᠡᠷ᠎ᠡ ᠰᠠᠴᠤᠭᠰᠠᠨ ᠪᠥᠭᠡᠳ ᠳᠠᠷᠠᠭ᠎ᠠ ᠨᠢ ᠪᠠᠰᠠ ᠬᠤᠷᠠᠭ᠎ᠠ ᠨᠤᠭᠤᠳ ᠢ ᠨᠢᠲᠤᠯᠵᠤ᠂ ᠴᠢᠰᠤ ᠶᠢ ᠨᠢ ᠲᠠᠬᠢᠯ ᠤᠨ ᠰᠢᠷᠡᠭᠡᠨ ᠳᠡᠭᠡᠷ᠎ᠡ ᠰᠠᠴᠤᠪᠠ᠃ 23 ᠲᠡᠭᠡᠭᠰᠡᠨ ᠦ ᠳᠠᠷᠠᠭ᠎ᠠ᠂ ᠨᠢᠭᠦᠯ ᠦᠨ ᠲᠠᠬᠢᠯ ᠪᠣᠯᠭᠠᠬᠤ ᠤᠬᠤᠨ᠎ᠠ ᠨᠤᠭᠤᠳ ᠢ ᠬᠠᠭᠠᠨ ᠪᠣᠯᠣᠨ ᠴᠢᠭᠤᠯᠭᠠᠨ ᠤ ᠡᠮᠦᠨ᠎ᠡ ᠠᠪᠴᠢᠷᠠᠭᠠᠳ᠂ ᠲᠡᠳᠡᠨ ᠢᠶᠡᠷ ᠳᠡᠭᠡᠷ᠎ᠡ ᠨᠢ ᠭᠠᠷ ᠲᠠᠯᠪᠢᠭᠤᠯᠪᠠ᠃ 24 ᠲᠠᠬᠢᠯᠴᠢᠳ ᠤᠬᠤᠨ᠎ᠠ ᠨᠤᠭᠤᠳ ᠢ ᠨᠢᠲᠤᠯᠵᠤ᠂ ᠴᠢᠰᠤ ᠶᠢ ᠨᠢ ᠨᠢᠭᠦᠯ ᠦᠨ ᠲᠠᠬᠢᠯ ᠪᠣᠯᠭᠠᠨ ᠲᠠᠬᠢᠯ ᠤᠨ ᠰᠢᠷᠡᠭᠡᠨ ᠳᠡᠭᠡᠷ᠎ᠡ ᠡᠷᠭᠦᠵᠦ ᠪᠦᠬᠦ ᠢᠰᠷᠧᠯ ᠤᠨ ᠲᠥᠯᠥᠭᠡ ᠬᠡᠯᠲᠦᠷᠢᠭᠦᠯᠦᠯᠭᠡ ᠬᠢᠪᠡ᠃ ᠤᠴᠢᠷ ᠨᠢ ᠬᠠᠭᠠᠨ ᠪᠦᠬᠦ ᠢᠰᠷᠧᠯ ᠤᠨ ᠲᠥᠯᠥᠭᠡ ᠰᠢᠲᠠᠭᠠᠯᠭᠠᠲᠤ ᠲᠠᠬᠢᠯ ᠪᠣᠯᠣᠨ ᠨᠢᠭᠦᠯ ᠦᠨ ᠲᠠᠬᠢᠯ ᠡᠷᠭᠦᠬᠦ ᠶᠢ ᠲᠤᠰᠢᠶᠠᠭᠰᠠᠨ ᠪᠠᠢᠯ᠎ᠠ᠃

25 ᠬᠠᠭᠠᠨ ᠯᠧᠸᠢᠴᠦᠳ ᠢ ᠶᠣᠬᠣᠸᠠ ᠶᠢᠨ ᠥᠷᠭᠥᠭᠡᠨ ᠳᠦ ᠪᠠᠢᠯᠭᠠᠵᠤ᠂ ᠳ᠋ᠠᠸᠢᠳ᠋᠂ ᠬᠠᠭᠠᠨ ᠤ ᠪᠣᠱᠣᠭᠴᠢ ᠭᠠᠳ᠋ ᠪᠣᠯᠣᠨ ᠡᠰᠢ ᠦᠵᠡᠭᠦᠯᠦᠭᠴᠢ ᠨᠠᠲ᠋ᠠᠨ ᠤ ᠵᠢᠭᠠᠪᠤᠷᠢᠯᠠᠭᠰᠠᠨ ᠶᠣᠰᠣᠭᠠᠷ ᠲᠡᠳᠡᠨ ᠢᠶᠡᠷ ᠬᠡᠩᠭᠡᠷᠭᠡ᠂ ᠪᠣᠰᠣᠭ᠎ᠠ ᠶᠠᠲᠤᠭ᠎ᠠ᠂ ᠬᠤᠭᠤᠷ ᠢ ᠲᠣᠭᠯᠠᠭᠤᠯᠪᠠ᠃ ᠶᠣᠬᠣᠸᠠ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠡᠢᠨ ᠬᠦ ᠲᠤᠰᠢᠶᠠᠭᠰᠠᠨ ᠠᠵᠢ᠃ 26 ᠢᠩᠭᠢᠵᠦ ᠯᠧᠸᠢᠴᠦᠳ ᠳ᠋ᠠᠸᠢᠳ᠋ ᠤᠨ ᠬᠥᠭᠵᠢᠮ ᠤᠨ ᠵᠢᠮᠰᠡᠭ ᠤᠳ ᠢ᠂ ᠲᠠᠬᠢᠯᠴᠢᠳ ᠨᠢ ᠪᠦᠷᠢᠶ᠎ᠡ ᠶᠢ ᠪᠠᠷᠢᠵᠤ ᠵᠣᠭᠰᠣᠬᠤ ᠳᠤ᠂ 27 ᠾᠧᠽᠧᠺᠢᠶ᠎ᠠ ᠰᠢᠲᠠᠭᠠᠯᠭᠠᠲᠤ ᠲᠠᠬᠢᠯ ᠢ ᠰᠢᠷᠡᠭᠡᠨ ᠳᠡᠭᠡᠷ᠎ᠡ ᠡᠷᠭᠦᠬᠦ ᠶᠢ ᠲᠤᠰᠢᠶᠠᠯ᠎ᠠ᠃ ᠲᠠᠬᠢᠯ ᠡᠷᠭᠦᠵᠦ ᠡᠬᠢᠯᠡᠮᠡᠭᠴᠡ᠂ ᠪᠦᠷᠢᠶ᠎ᠡ ᠨᠦᠭᠦᠳ ᠬᠢᠭᠡᠳ ᠢᠰᠷᠧᠯ ᠤᠨ ᠬᠠᠭᠠᠨ ᠳ᠋ᠠᠸᠢᠳ᠋ ᠤᠨ ᠬᠥᠭᠵᠢᠮ ᠤᠨ ᠵᠢᠮᠰᠡᠭ ᠤᠳ ᠤᠨ ᠬᠠᠪᠰᠤᠷᠤᠯᠭ᠎ᠠ ᠲᠠᠢ ᠪᠠᠷ ᠶᠣᠬᠣᠸᠠ ᠳᠤ ᠡᠷᠭᠦᠬᠦ ᠳᠠᠭᠤᠤ ᠪᠠᠰᠠ ᠡᠬᠢᠯᠡᠯ᠎ᠡ᠃ 28 ᠪᠦᠬᠦ ᠴᠢᠭᠤᠯᠭᠠᠨ ᠮᠥᠷᠭᠥᠵᠦ ᠪᠠᠢᠬᠤ ᠳᠤ᠂ ᠳᠠᠭᠤᠴᠢᠳ ᠳᠠᠭᠤᠯᠠᠵᠤ ᠪᠦᠷᠢᠶᠡᠴᠢᠳ ᠪᠦᠷᠢᠶ᠎ᠡ ᠦᠯᠢᠶᠡᠵᠦ ᠪᠠᠢᠯ᠎ᠠ᠃ ᠡᠨᠡ ᠪᠦᠬᠦᠨ ᠨᠢ ᠰᠢᠲᠠᠭᠠᠯᠭᠠᠲᠤ ᠲᠠᠬᠢᠯ ᠳᠠᠭᠤᠰᠲᠠᠯ᠎ᠠ ᠦᠷᠭᠦᠯᠵᠢᠯᠡᠭᠰᠡᠨ ᠶᠤᠮ᠃ 29 ᠰᠢᠲᠠᠭᠠᠯᠭᠠᠲᠤ ᠲᠠᠬᠢᠯ ᠤᠳ ᠢ ᠡᠷᠭᠦᠵᠦ ᠳᠠᠭᠤᠰᠬᠤ ᠳᠤ᠂ ᠬᠠᠭᠠᠨ ᠪᠣᠯᠣᠨ ᠲᠡᠭᠦᠨ ᠲᠡᠢ ᠬᠠᠮᠲᠤ ᠪᠠᠢᠭᠰᠠᠳ ᠪᠦᠭᠦᠳᠡᠭᠡᠷ ᠪᠥᠬᠥᠢᠵᠦ ᠮᠥᠷᠭᠥᠵᠡᠭᠡᠪᠡ᠃ 30 ᠾᠧᠽᠧᠺᠢᠶ᠎ᠠ ᠬᠠᠭᠠᠨ ᠲᠦᠰᠢᠮᠡᠳ ᠲᠡᠢ ᠪᠡᠨ ᠬᠠᠮᠲᠤ ᠳ᠋ᠠᠸᠢᠳ᠋ ᠪᠣᠯᠣᠨ ᠪᠣᠱᠣᠭᠴᠢ ᠠᠰᠠᠹ ᠤᠨ ᠦᠭᠡᠰ ᠢᠶᠡᠷ ᠶᠣᠬᠣᠸᠠ ᠳᠤ ᠮᠠᠭᠲᠠᠭᠠᠯ ᠡᠷᠭᠦᠬᠦ ᠶᠢ ᠯᠧᠸᠢᠴᠦᠳ ᠲᠦ ᠵᠠᠬᠢᠭᠰᠠᠨ ᠳᠤ᠂ ᠲᠡᠳᠡ ᠪᠠᠶᠠᠷ ᠬᠥᠷ ᠲᠡᠢ ᠪᠠᠷ ᠮᠠᠭᠲᠠᠭᠠᠯ ᠳᠠᠭᠤᠤ ᠳᠠᠭᠤᠯᠠᠵᠤ᠂ ᠨᠢᠭᠤᠷ ᠢᠶᠠᠨ ᠭᠠᠵᠠᠷ ᠲᠤ ᠬᠦᠷᠭᠡᠨ ᠮᠥᠷᠭᠥᠪᠡ᠃

31 ᠾᠧᠽᠧᠺᠢᠶ᠎ᠠ᠄ 《ᠣᠳᠣ ᠲᠠ ᠨᠠᠷ ᠥᠪᠡᠷᠰᠡᠳ ᠢ ᠪᠠᠨ ᠶᠣᠬᠣᠸᠠ ᠳᠤ ᠵᠣᠷᠢᠭᠤᠯᠤᠭᠰᠠᠨ ᠲᠤᠯᠠ ᠣᠢᠷᠠᠲᠤᠨ ᠢᠷ᠎ᠡ᠂ ᠲᠠᠬᠢᠯ ᠪᠣᠯᠣᠨ ᠲᠠᠯᠠᠷᠬᠠᠯ ᠤᠨ ᠡᠷᠭᠦᠯ ᠢ ᠶᠣᠬᠣᠸᠠ ᠶᠢᠨ ᠣᠷᠳᠣᠨ ᠳᠤ ᠠᠪᠴᠢᠷᠠᠭᠲᠤᠨ》 ᠭᠡᠬᠦ ᠳᠦ᠂ ᠴᠢᠭᠤᠯᠭᠠᠨ ᠲᠠᠬᠢᠯ ᠪᠣᠯᠣᠨ ᠲᠠᠯᠠᠷᠬᠠᠯ ᠤᠨ ᠡᠷᠭᠦᠯ ᠠᠪᠴᠢᠷᠠᠭᠰᠠᠨ ᠪᠠᠢᠨ᠎ᠠ᠃ ᠰᠠᠢᠨ ᠳᠤᠷ᠎ᠠ ᠪᠠᠷ ᠡᠷᠭᠦᠭᠴᠢᠳ ᠨᠢ ᠰᠢᠲᠠᠭᠠᠯᠭᠠᠲᠤ ᠲᠠᠬᠢᠯ ᠴᠤ ᠠᠪᠴᠢᠷᠠᠵᠠᠢ᠃ 32 ᠴᠢᠭᠤᠯᠭᠠᠨ ᠤ ᠠᠪᠴᠢᠷᠠᠭᠰᠠᠨ ᠰᠢᠲᠠᠭᠠᠯᠭᠠᠲᠤ ᠲᠠᠬᠢᠯ ᠤᠨ ᠲᠣᠭ᠎ᠠ ᠨᠢ ᠳᠠᠯᠠᠨ ᠪᠤᠬ᠎ᠠ᠂ ᠵᠠᠭᠤᠨ ᠬᠤᠴᠠ᠂ ᠬᠣᠶᠠᠷ ᠵᠠᠭᠤᠨ ᠬᠤᠷᠠᠭ᠎ᠠ ᠪᠠᠢᠪᠠ᠃ ᠡᠨᠡ ᠪᠦᠭᠦᠳᠡ ᠶᠢ ᠶᠣᠬᠣᠸᠠ ᠳᠤ ᠰᠢᠲᠠᠭᠠᠯᠭᠠᠲᠤ ᠲᠠᠬᠢᠯ ᠪᠣᠯᠭᠠᠨ ᠡᠷᠭᠦᠭᠰᠡᠨ ᠪᠥᠭᠡᠳ 33 ᠪᠠᠰᠠ ᠵᠢᠷᠭᠤᠭᠠᠨ ᠵᠠᠭᠤᠨ ᠪᠤᠬ᠎ᠠ᠂ ᠭᠤᠷᠪᠠᠨ ᠮᠢᠩ᠋ᠭᠠᠨ ᠬᠣᠨᠢ ᠶᠢ ᠲᠤᠰᠠᠭᠠᠷᠯᠠᠨ ᠡᠷᠭᠦᠵᠡᠢ᠃ 34 ᠬᠠᠷᠢᠨ ᠲᠠᠬᠢᠯᠴᠢᠳ ᠴᠥᠭᠡᠨ ᠲᠤᠯᠠ ᠪᠦᠬᠦ ᠰᠢᠲᠠᠭᠠᠯᠭᠠᠲᠤ ᠲᠠᠬᠢᠯ ᠤᠨ ᠠᠷᠠᠰᠤ ᠶᠢ ᠥᠪᠴᠢᠵᠦ ᠠᠮᠵᠢᠬᠤ ᠦᠭᠡᠢ ᠪᠠᠢᠯ᠎ᠠ᠃ ᠲᠡᠢᠮᠦ ᠡᠴᠡ ᠠᠵᠢᠯ ᠳᠠᠭᠤᠰᠲᠠᠯ᠎ᠠ᠂ ᠮᠥᠨ ᠪᠤᠰᠤᠳ ᠲᠠᠬᠢᠯᠴᠢᠳ ᠥᠪᠡᠷᠰᠡᠳ ᠢ ᠪᠠᠨ ᠠᠷᠢᠭᠤᠰᠬᠠᠵᠤ ᠳᠠᠭᠤᠰᠲᠠᠯ᠎ᠠ ᠠᠬ᠎ᠠ ᠳᠡᠭᠦᠦ ᠯᠧᠸᠢᠴᠦᠳ ᠨᠢ ᠲᠡᠳᠡᠨ ᠳᠦ ᠲᠤᠰᠠᠯᠠᠵᠠᠭᠠᠪᠠ᠃ ᠤᠴᠢᠷ ᠨᠢ ᠯᠧᠸᠢᠴᠦᠳ ᠥᠪᠡᠷᠰᠡᠳ ᠢ ᠪᠠᠨ ᠠᠷᠢᠭᠤᠰᠬᠠᠬᠤ ᠳᠤ᠂ ᠲᠠᠬᠢᠯᠴᠢᠳ ᠠᠴᠠ ᠢᠯᠡᠭᠦᠦ ᠴᠢᠩ ᠰᠡᠳᠬᠢᠯ ᠲᠠᠢ ᠪᠠᠢᠪᠠ᠃ 35 ᠲᠡᠨᠳᠡ ᠮᠠᠰᠢ ᠣᠯᠠᠨ ᠰᠢᠲᠠᠭᠠᠯᠭᠠᠲᠤ ᠲᠠᠬᠢᠯ ᠠᠴᠠ ᠭᠠᠳᠠᠨ᠎ᠠ ᠡᠪ ᠦᠨ ᠲᠠᠬᠢᠯ ᠤᠨ ᠥᠭᠡᠬᠦ᠂ ᠮᠥᠨ ᠰᠢᠲᠠᠭᠠᠯᠭᠠᠲᠤ ᠲᠠᠬᠢᠯ ᠤᠳ ᠲᠤ ᠵᠣᠷᠢᠭᠤᠯᠤᠭᠰᠠᠨ ᠤᠮᠳᠠᠭᠠᠨ ᠲᠠᠬᠢᠯ ᠴᠤ ᠪᠠᠢᠯ᠎ᠠ᠃ ᠡᠢᠨ ᠬᠦ ᠶᠣᠬᠣᠸᠠ ᠶᠢᠨ ᠥᠷᠭᠥᠭᠡᠨ ᠳᠠᠬᠢ ᠦᠢᠯᠡᠴᠢᠯᠡᠯ ᠰᠡᠷᠭᠦᠭᠰᠡᠨ ᠪᠢᠯᠡ᠃ 36 ᠡᠳᠡᠭᠡᠷ ᠵᠦᠢᠯ ᠭᠡᠨᠡᠳᠲᠡ ᠪᠡᠶᠡᠯᠡᠭᠳᠡᠭᠰᠡᠨ ᠠᠵᠢ᠃ ᠪᠤᠷᠬᠠᠨ ᠥᠪᠡᠷ ᠦᠨ ᠢᠶᠠᠨ ᠠᠷᠠᠳ ᠲᠦᠮᠡᠨ ᠦ ᠲᠥᠯᠥᠭᠡ ᠲᠡᠢᠨ ᠬᠦ ᠪᠡᠯᠡᠳᠬᠡᠭᠰᠡᠨ ᠪᠣᠯᠬᠣᠷ ᠾᠧᠽᠧᠺᠢᠶ᠎ᠠ ᠪᠦᠬᠦ ᠠᠷᠠᠳ ᠲᠦᠮᠡᠨ ᠲᠡᠢ ᠬᠠᠮᠲᠤ ᠪᠠᠶᠠᠷᠯᠠᠪᠠ᠃