1 2 3 4 5 6 7 8 9 10 11 12 13 14 15 16 17 18 19 20 21 22 23 24 25 26 27 28 29 30 31 32 33 34 35 36


ᠱᠠᠰᠲᠢᠷ ᠤᠨ ᠳᠡᠳ᠋ ᠬᠣᠷᠢᠨ ᠲᠠᠪᠤ

1 ᠠᠮᠠᠽᠢᠶ᠎ᠠ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠷᠢ ᠶᠢᠰᠦᠨ ᠵᠢᠯ ᠬᠠᠭᠠᠨᠴᠢᠯᠠᠵᠠᠢ᠃ ᠡᠬᠡ ᠨᠢ ᠶᠧᠷᠦ᠋ᠰᠠᠯᠧᠮ ᠬᠥᠮᠦᠨ ᠶᠧᠬᠣᠶᠠᠳᠢᠨ ᠪᠠᠢᠪᠠ᠃ 2 ᠠᠮᠠᠽᠢᠶ᠎ᠠ ᠶᠣᠬᠣᠸᠠ ᠶᠢᠨ ᠮᠡᠯᠮᠡᠢ ᠶᠢᠨ ᠡᠮᠦᠨ᠎ᠡ ᠵᠥᠪ ᠢ ᠦᠢᠯᠡᠳᠦᠭᠰᠡᠨ ᠪᠣᠯᠪᠠᠴᠤ ᠪᠦᠬᠦ ᠰᠡᠳᠬᠢᠯ ᠡᠴᠡ ᠪᠡᠨ ᠪᠢᠰᠢ ᠪᠠᠢᠯ᠎ᠠ᠃ 3 ᠬᠠᠭᠠᠨᠴᠢᠯᠠᠯ ᠲᠡᠭᠦᠨ ᠦ ᠭᠠᠷ ᠲᠤ ᠪᠡᠬᠢᠵᠢᠬᠦ ᠳᠦ᠂ ᠠᠮᠠᠽᠢᠶ᠎ᠠ ᠬᠠᠭᠠᠨ ᠡᠴᠢᠭᠡ ᠶᠢ ᠨᠢ ᠬᠣᠷᠣᠭᠠᠭᠰᠠᠨ ᠲᠦᠰᠢᠮᠡᠳ ᠢ ᠴᠠᠭᠠᠵᠠᠯᠠᠪᠠ᠃ 4 ᠬᠠᠷᠢᠨ ᠲᠡᠳᠡᠨ ᠦ ᠬᠥᠪᠡᠭᠦᠳ ᠢ ᠴᠠᠭᠠᠵᠠᠯᠠᠭᠰᠠᠨ ᠦᠭᠡᠢ᠃ ᠲᠡᠢᠨ ᠬᠦ ᠲᠡᠷᠡ ᠮᠣᠰᠧ ᠶᠢᠨ ᠬᠠᠤᠯᠢ ᠶᠢᠨ ᠨᠣᠮ ᠳᠤ ᠪᠢᠴᠢᠭᠳᠡᠭᠰᠡᠨ 《ᠡᠴᠢᠭᠡ ᠡᠬᠡ ᠶᠢ ᠨᠢ ᠬᠡᠦᠬᠡᠳ ᠦᠨ ᠬᠢᠨᠢ ᠤᠯᠠᠮ ᠢᠶᠠᠷ ᠪᠦᠦ ᠴᠠᠭᠠᠵᠠᠯᠠ᠂ ᠬᠡᠦᠬᠡᠳ ᠢ ᠨᠢ ᠡᠴᠢᠭᠡ ᠡᠬᠡ ᠶᠢᠨ ᠬᠢᠨᠢ ᠤᠯᠠᠮ ᠢᠶᠠᠷ ᠪᠦᠦ ᠴᠠᠭᠠᠵᠠᠯᠠ᠃ ᠬᠥᠮᠦᠨ ᠪᠦᠷᠢ ᠥᠪᠡᠷ ᠦᠨ ᠢᠶᠠᠨ ᠨᠢᠭᠦᠯ ᠦᠨ ᠤᠯᠠᠮ ᠢᠶᠠᠷ ᠯᠠ ᠴᠠᠭᠠᠵᠠᠯᠠᠭᠳᠠᠨ᠎ᠠ》 ᠭᠡᠰᠡᠨ ᠶᠣᠬᠣᠸᠠ ᠶᠢᠨ ᠲᠤᠰᠢᠶᠠᠯ ᠢ ᠳᠠᠭᠠᠭᠰᠠᠨ ᠪᠠᠢᠨ᠎ᠠ᠃

5 ᠠᠮᠠᠽᠢᠶ᠎ᠠ ᠶᠦᠳᠠᠴᠤᠳ ᠢ ᠴᠤᠭᠯᠠᠭᠤᠯᠤᠨ᠂ ᠲᠡᠳᠡᠨ ᠢ ᠶᠦᠳᠠ᠂ ᠪᠢᠨᠶᠠᠮᠢᠨ ᠳᠠᠶᠠᠭᠠᠷ ᠤᠨ ᠪᠦᠯᠢ ᠨᠦᠭᠦᠳ ᠦᠨ ᠬᠢᠨᠢ ᠳᠠᠭᠠᠤ ᠬᠤᠪᠢᠶᠠᠷᠢᠯᠠᠨ ᠮᠢᠩ᠋ᠭᠠᠲᠤ᠂ ᠵᠠᠭᠤᠲᠤ ᠶᠢᠨ ᠳᠠᠷᠤᠭ᠎ᠠ ᠨᠠᠷ ᠢ ᠲᠣᠮᠢᠯᠠᠪᠠ᠃ ᠲᠡᠷᠡ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠡᠷᠡᠴᠦᠳ ᠢ ᠲᠣᠭᠠᠯᠠᠭᠠᠳ ᠵᠢᠳᠠ᠂ ᠪᠠᠮᠪᠠᠢ ᠪᠠᠷᠢᠵᠤ ᠳᠠᠢᠨ ᠳᠤ ᠶᠠᠪᠤᠬᠤ ᠴᠢᠳᠠᠪᠤᠷᠢ ᠲᠠᠢ᠂ ᠭᠤᠴᠢᠨ ᠲᠦᠮᠡᠨ ᠡᠷ᠎ᠡ ᠪᠠᠢᠬᠤ ᠶᠢ ᠮᠡᠳᠡᠵᠡᠢ᠃ 6 ᠲᠡᠷᠡ ᠪᠠᠰᠠ ᠢᠰᠷᠧᠯ ᠡᠴᠡ ᠵᠠᠭᠤᠨ ᠮᠥᠩᠭᠥᠨ ᠲᠠᠯᠠᠨᠲ 23  ᠢᠶᠠᠷ ᠠᠷᠪᠠᠨ ᠲᠦᠮᠡᠨ ᠳᠠᠢᠴᠢᠨ ᠬᠥᠯᠥᠰᠥᠯᠡᠨ ᠠᠪᠤᠪᠠ᠃ 7 ᠬᠠᠷᠢᠨ ᠪᠤᠷᠬᠠᠨ ᠤ ᠬᠥᠮᠦᠨ ᠲᠡᠭᠦᠨ ᠤᠷᠤᠭᠤ ᠢᠷᠡᠵᠦ᠄ 《ᠬᠠᠭᠠᠨᠲᠠᠨ ᠡ᠂ ᠢᠰᠷᠧᠯ ᠤᠨ ᠴᠡᠷᠢᠭ ᠲᠠᠨ ᠲᠠᠢ ᠬᠠᠮᠲᠤ ᠶᠠᠪᠤᠬᠤ ᠶᠣᠰᠣ ᠦᠭᠡᠢ᠃ ᠶᠣᠬᠣᠸᠠ ᠢᠰᠷᠧᠯ ᠪᠤᠶᠤ ᠡᠳᠡᠭᠡᠷ ᠡᠹᠷᠠᠢᠮᠴᠤᠳ ᠲᠠᠢ ᠬᠠᠮᠲᠤ ᠪᠠᠢᠬᠤ ᠦᠭᠡᠢ︕ 8 ᠬᠡᠷᠪᠡ ᠲᠠ ᠲᠡᠳᠡ ᠨᠠᠷ ᠲᠠᠢ ᠶᠠᠪᠤᠶ᠎ᠠ ᠭᠡᠪᠡᠯ ᠶᠠᠪᠤ᠂ ᠬᠦᠴᠦ ᠭᠠᠷᠭᠠᠨ ᠪᠡᠯᠡᠳᠴᠦ ᠦᠵᠡ᠃ ᠬᠠᠷᠢᠨ ᠪᠤᠷᠬᠠᠨ ᠲᠠᠨ ᠢ ᠳᠠᠢᠰᠤᠨ ᠤ ᠴᠢᠨᠢ ᠡᠮᠦᠨ᠎ᠡ ᠤᠨᠠᠭᠠᠬᠤ ᠪᠣᠯᠣᠨ᠎ᠠ᠃ ᠲᠤᠰᠠᠯᠠᠬᠤ᠂ ᠡᠰᠡᠪᠡᠯ ᠤᠨᠠᠭᠠᠬᠤ ᠬᠦᠴᠦ ᠨᠢ ᠪᠤᠷᠬᠠᠨ ᠤ ᠬᠢ ᠰᠢᠦ》 ᠭᠡᠪᠡ᠃ 9 ᠠᠮᠠᠽᠢᠶ᠎ᠠ ᠪᠤᠷᠬᠠᠨ ᠤ ᠬᠥᠮᠦᠨ ᠳᠦ᠄ 《ᠲᠡᠭᠡᠪᠡᠯ ᠢᠰᠷᠧᠯ ᠤᠨ ᠴᠡᠷᠢᠭ ᠤᠳ ᠲᠤ ᠥᠭᠭᠥᠭᠰᠡᠨ ᠵᠠᠭᠤᠨ ᠲᠠᠯᠠᠨᠲ ᠮᠥᠩᠭᠥ ᠶᠢ ᠶᠠᠭᠠᠬᠢᠬᠤ ᠪᠤᠢ︖》 ᠭᠡᠬᠦ ᠳᠦ᠂ ᠪᠤᠷᠬᠠᠨ ᠤ ᠬᠥᠮᠦᠨ᠄ 《ᠶᠣᠬᠣᠸᠠ ᠲᠡᠭᠦᠨ ᠡᠴᠡ ᠢᠯᠡᠭᠦᠦ ᠪᠡᠷ ᠲᠠᠨ ᠳᠤ ᠥᠭᠴᠦ ᠴᠢᠳᠠᠨ᠎ᠠ》 ᠭᠡᠯ᠎ᠡ᠃ 10 ᠠᠮᠠᠽᠢᠶ᠎ᠠ ᠡᠹᠷᠠᠢᠮ ᠠᠴᠠ ᠥᠪᠡᠷ ᠤᠷᠤᠭᠤ ᠨᠢ ᠢᠷᠡᠭᠰᠡᠨ ᠴᠡᠷᠢᠭ ᠤᠳ ᠢ ᠲᠠᠷᠬᠠᠭᠠᠵᠤ ᠨᠤᠲᠤᠭ ᠤᠷᠤᠭᠤ ᠨᠢ ᠪᠤᠴᠠᠭᠠᠭᠰᠠᠨ ᠳᠤ᠂ ᠲᠡᠳᠡ ᠶᠦᠳᠠ ᠳᠤ ᠬᠢᠯᠢᠩᠨᠡᠵᠦ ᠶᠡᠬᠡᠳᠡ ᠠᠭᠤᠷ ᠲᠠᠢ ᠪᠠᠷ ᠨᠤᠲᠤᠭ ᠲᠠᠭᠠᠨ ᠬᠠᠷᠢᠵᠠᠭᠠᠪᠠ᠃

11 ᠠᠮᠠᠽᠢᠶ᠎ᠠ ᠵᠣᠷᠢᠭ ᠭᠠᠷᠭᠠᠵᠤ᠂ ᠠᠷᠠᠳ ᠲᠦᠮᠡᠨ ᠢᠶᠡᠨ ᠳᠠᠭᠠᠭᠤᠯᠤᠨ ᠳᠠᠪᠤᠰᠤᠲᠤ ᠬᠥᠨᠳᠡᠢ ᠳᠦ ᠣᠴᠢᠵᠤ᠂ ᠰᠧᠷ ᠬᠥᠮᠦᠨ ᠡᠴᠡ ᠲᠦᠮᠡ ᠶᠢ ᠰᠥᠨᠥᠭᠡᠪᠡ᠃ 12 ᠶᠦᠳᠠᠴᠤᠳ ᠪᠠᠰᠠ ᠲᠦᠮᠡᠨ ᠬᠥᠮᠦᠨ ᠢ ᠠᠮᠢᠳᠤ ᠪᠠᠷ ᠨᠢ ᠪᠠᠷᠢᠵᠤ᠂ ᠲᠡᠳᠡᠨ ᠢ ᠬᠠᠳᠠᠨ ᠴᠣᠬᠢᠶᠠᠨ ᠤ ᠣᠷᠣᠢ ᠳᠡᠭᠡᠷ᠎ᠡ ᠠᠪᠠᠴᠢᠭᠠᠳ ᠲᠡᠨᠳᠡ ᠡᠴᠡ ᠳᠣᠭᠣᠭᠰᠢ ᠬᠠᠶᠠᠭᠰᠠᠨ ᠳᠤ᠂ ᠲᠡᠳᠡ ᠪᠦᠭᠦᠳᠡ ᠪᠢᠴᠠᠷᠠᠪᠠ᠃ 13 ᠲᠡᠷᠡ ᠬᠣᠭᠣᠷᠣᠨᠳᠣ ᠠᠮᠠᠽᠢᠶ᠎ᠠ ᠶᠢᠨ ᠥᠪᠡᠷ ᠲᠡᠢ ᠨᠢ ᠬᠠᠮᠲᠤ ᠳᠠᠢᠨ ᠳᠤ ᠶᠠᠪᠤᠬᠤ ᠶᠢ ᠦᠯᠦ ᠵᠥᠪᠰᠢᠶᠡᠷᠡᠨ ᠪᠤᠴᠠᠭᠠᠨ ᠶᠠᠪᠤᠭᠤᠯᠤᠭᠰᠠᠨ ᠴᠡᠷᠢᠭ ᠤᠳ ᠰᠠᠮᠠᠷᠢᠶ᠎ᠠ ᠠᠴᠠ ᠪᠧᠲ ᠾᠣᠷᠣᠨ ᠬᠦᠷᠲᠡᠯᠡᠬᠢ ᠶᠦᠳᠠ ᠶᠢᠨ ᠲᠣᠰᠬᠣᠨ ᠨᠤᠭᠤᠳ ᠢ ᠳᠡᠭᠡᠷᠡᠮᠳᠡᠵᠦ᠂ ᠭᠤᠷᠪᠠᠨ ᠮᠢᠩ᠋ᠭᠠᠨ ᠬᠥᠮᠦᠨ ᠢ ᠠᠯᠠᠵᠤ᠂ ᠮᠠᠰᠢ ᠶᠡᠬᠡ ᠡᠳ᠋ ᠶᠠᠭᠤᠮᠠᠰ ᠠᠪᠠᠴᠢᠪᠠ᠃

14 ᠠᠮᠠᠽᠢᠶ᠎ᠠ ᠡᠳᠣᠮᠴᠤᠳ ᠢ ᠬᠢᠳᠤᠭᠠᠳ ᠪᠤᠴᠠᠵᠤ ᠢᠷᠡᠬᠦ ᠳᠡᠭᠡᠨ ᠰᠧᠷᠴᠦᠳ ᠦᠨ ᠪᠤᠷᠬᠠᠳ ᠢ ᠠᠪᠴᠢᠷᠠᠵᠤ᠂ ᠲᠡᠳᠡᠭᠡᠷ ᠢ ᠥᠪᠡᠷ ᠦᠨ ᠢᠶᠠᠨ ᠪᠤᠷᠬᠠᠳ ᠪᠣᠯᠭᠠᠨ ᠡᠮᠦᠨ᠎ᠡ ᠨᠢ ᠮᠡᠬᠦᠢᠨ ᠰᠥᠭᠥᠳᠴᠦ᠂ ᠲᠡᠳᠡᠨ ᠳᠦ ᠤᠲᠤᠯᠭ᠎ᠠ ᠤᠭᠤᠭᠢᠭᠤᠯᠪᠠ᠃ 15 ᠶᠣᠬᠣᠸᠠ ᠶᠢᠨ ᠠᠭᠤᠷ ᠬᠢᠯᠢᠩ ᠠᠮᠠᠽᠢᠶ᠎ᠠ ᠶᠢᠨ ᠳᠡᠭᠡᠷ᠎ᠡ ᠰᠢᠲᠠᠵᠤ᠂ ᠲᠡᠭᠦᠨ ᠳᠦ ᠡᠰᠢ ᠦᠵᠡᠭᠦᠯᠦᠭᠴᠢ ᠢᠯᠡᠭᠡᠨ᠄ 《ᠲᠡᠳᠡᠭᠡᠷ ᠪᠤᠷᠬᠠᠨ ᠥᠪᠡᠷ ᠦᠨ ᠢᠶᠠᠨ ᠠᠷᠠᠳ ᠲᠦᠮᠡᠨ ᠢ ᠬᠦᠷᠲᠡᠯ᠎ᠡ ᠴᠢᠨᠦ ᠭᠠᠷ ᠠᠴᠠ ᠠᠪᠤᠷᠠᠵᠤ ᠴᠢᠳᠠᠭ᠎ᠠ ᠦᠭᠡᠢ ᠪᠠᠢᠬᠤ ᠳᠤ᠂ ᠴᠢ ᠶᠠᠭᠤᠨ ᠳᠤ ᠲᠡᠷᠡ ᠠᠷᠠᠳ ᠲᠦᠮᠡᠨ ᠦ ᠪᠤᠷᠬᠠᠳ ᠢ ᠬᠠᠢᠪᠠ︖》 ᠭᠡᠵᠦ ᠬᠡᠯᠡᠭᠦᠯᠵᠡᠢ᠃ 16 ᠲᠡᠷᠡ ᠶᠠᠷᠢᠵᠤ ᠪᠠᠢᠲᠠᠯ᠎ᠠ ᠬᠠᠭᠠᠨ᠄ 《ᠪᠢᠳᠡ ᠴᠢᠮ᠎ᠠ ᠶᠢ ᠬᠠᠭᠠᠨ ᠤ ᠵᠥᠪᠯᠡᠭᠴᠢ ᠪᠠᠷ ᠲᠣᠮᠢᠯᠠᠭᠰᠠᠨ ᠪᠢᠯᠡ ᠤᠤ︖ ᠪᠣᠯᠢ︕ ᠶᠠᠭᠠᠬᠢᠭᠠᠳ ᠴᠢ ᠠᠯᠠᠭᠤᠯᠬᠤ ᠭᠡᠳ ᠪᠠᠢᠨ᠎ᠠ︖》 ᠭᠡᠪᠡ᠃ ᠡᠰᠢ ᠦᠵᠡᠭᠦᠯᠦᠭᠴᠢ ᠶᠠᠷᠢᠬᠤ ᠪᠠᠨ ᠵᠣᠭᠰᠣᠵᠤ᠄ 《ᠲᠠ ᠲᠡᠢᠮᠦ ᠵᠦᠢᠯ ᠬᠢᠵᠦ᠂ ᠵᠥᠪᠯᠡᠯᠭᠡ ᠶᠢ ᠮᠢᠨᠢ ᠰᠣᠨᠣᠰᠣᠭ᠎ᠠ ᠦᠭᠡᠢ ᠲᠤᠯᠠ ᠣᠳᠣ ᠪᠤᠷᠬᠠᠨ ᠲᠠᠨ ᠢ ᠤᠰᠠᠳᠬᠠᠬᠤ ᠪᠠᠷ ᠲᠥᠯᠥᠪᠯᠡᠭᠰᠡᠨ ᠢ ᠪᠢ ᠮᠡᠳᠡᠯ᠎ᠡ》 ᠭᠡᠪᠡ᠃

17 ᠶᠦᠳᠠ ᠶᠢᠨ ᠬᠠᠭᠠᠨ ᠠᠮᠠᠽᠢᠶ᠎ᠠ ᠵᠥᠪᠯᠡᠯᠭᠡ ᠠᠪᠤᠭᠰᠠᠨ ᠤ ᠳᠠᠷᠠᠭ᠎ᠠ᠂ ᠶᠧᠾᠦ᠋ ᠶᠢᠨ ᠠᠴᠢ᠂ ᠶᠧᠬᠣᠶᠠᠬᠠᠽ ᠤᠨ ᠬᠦᠦ᠂ ᠢᠰᠷᠧᠯ ᠤᠨ ᠬᠠᠭᠠᠨ ᠶᠧᠬᠣᠶᠠᠱ ᠲᠤ ᠡᠯᠴᠢ ᠢᠯᠡᠭᠡᠨ᠄ 《ᠢᠷ᠎ᠡ᠂ ᠪᠢᠳᠡ ᠨᠢᠭᠤᠷ ᠲᠤᠯᠤᠨ ᠠᠭᠤᠯᠵᠠᠶ᠎ᠠ》 ᠭᠡᠪᠡ᠃ 18 ᠢᠰᠷᠧᠯ ᠤᠨ ᠬᠠᠭᠠᠨ ᠶᠧᠬᠣᠶᠠᠱ ᠶᠦᠳᠠ ᠶᠢᠨ ᠬᠠᠭᠠᠨ ᠠᠮᠠᠽᠢᠶ᠎ᠠ ᠳᠤ ᠬᠥᠮᠦᠨ ᠢᠯᠡᠭᠡᠨ᠄ 《ᠯᠧᠪᠠᠨᠣᠨ ᠤ ᠥᠷᠭᠡᠰᠦᠲᠦ ᠪᠤᠲᠠ ᠯᠧᠪᠠᠨᠣᠨ ᠤ ᠬᠤᠱᠢ ᠮᠣᠳᠣᠨ ᠳᠤ ᠡᠯᠴᠢ ᠢᠯᠡᠭᠡᠨ᠄ 〈ᠥᠬᠢᠨ ᠢᠶᠠᠨ ᠮᠢᠨᠦ ᠬᠦᠦ ᠳᠦ ᠡᠬᠡᠨᠡᠷ ᠪᠣᠯᠭᠠᠨ ᠥᠭᠭᠥᠭᠡᠴᠢ〉 ᠭᠡᠬᠦ ᠳᠦ᠂ ᠯᠧᠪᠠᠨᠣᠨ ᠤ ᠵᠡᠷᠯᠢᠭ ᠠᠷᠢᠶᠠᠲᠠᠨ ᠲᠡᠷᠡᠭᠦᠷ ᠶᠠᠪᠤᠵᠤ᠂ ᠥᠷᠭᠡᠰᠦᠲᠦ ᠪᠤᠲᠠ ᠶᠢ ᠭᠢᠰᠬᠢᠯᠡᠭᠰᠡᠨ ᠪᠢᠯᠡ᠃ 19 ᠴᠢ ᠡᠳᠣᠮ ᠢ ᠪᠤᠲᠠ ᠴᠣᠬᠢᠭᠰᠠᠨ ᠭᠡᠳ ᠪᠠᠷᠳᠠᠮ ᠵᠠᠩ ᠲᠠᠢ᠂ ᠰᠦᠷ ᠪᠠᠳᠠᠷᠠᠭᠤᠯᠬᠤ ᠳᠤᠷ᠎ᠠ ᠲᠠᠢ ᠪᠣᠯᠵᠠᠢ᠂ ᠬᠠᠷᠢᠨ ᠭᠡᠷ ᠲᠡᠭᠡᠨ ᠯᠠ ᠰᠠᠭᠤᠵᠤ ᠪᠠᠢᠭᠠᠷᠠᠢ᠂ ᠴᠢ ᠶᠠᠭᠤᠨ ᠳᠤ ᠤᠷᠰᠢᠭ ᠲᠠᠲᠠᠵᠤ᠂ ᠶᠦᠳᠠ ᠶᠢ ᠥᠪᠡᠷ ᠦᠨ ᠢᠶᠠᠨ ᠬᠠᠮᠲᠤ ᠰᠦᠢᠷᠡᠯ ᠳᠦ ᠣᠷᠣᠭᠤᠯᠬᠤ ᠭᠡᠳ ᠪᠠᠢᠨ᠎ᠠ ᠪᠤᠢ︖》 ᠭᠡᠪᠡ᠃

20 ᠭᠡᠪᠡᠴᠦ ᠠᠮᠠᠽᠢᠶ᠎ᠠ ᠰᠣᠨᠣᠰᠣᠭᠰᠠᠨ ᠦᠭᠡᠢ᠃ ᠬᠠᠷᠢᠨ ᠡᠢᠮᠦ ᠪᠣᠯᠣᠭᠰᠠᠨ ᠨᠢ ᠪᠤᠷᠬᠠᠨ ᠤ ᠰᠠᠨᠠᠭ᠎ᠠ ᠪᠢᠯᠡ᠃ ᠲᠡᠳᠡ ᠡᠳᠣᠮ ᠤᠨ ᠪᠤᠷᠬᠠᠳ ᠢ ᠬᠠᠢᠭᠰᠠᠨ ᠲᠤᠯᠠ ᠪᠤᠷᠬᠠᠨ ᠲᠡᠳᠡᠨ ᠢ ᠶᠧᠬᠣᠶᠠᠱ ᠤᠨ ᠭᠠᠷ ᠲᠤ ᠲᠤᠰᠢᠶᠠᠬᠤ ᠭᠡᠰᠡᠨ ᠶᠤᠮ᠃ 21 ᠢᠩᠭᠢᠭᠡᠳ ᠶᠦᠳᠠ ᠶᠢᠨ ᠬᠠᠭᠠᠨ ᠠᠮᠠᠽᠢᠶ᠎ᠠ ᠲᠡᠷᠡ ᠬᠣᠶᠠᠷ ᠶᠦᠳᠠ ᠳᠤ ᠬᠠᠷᠢᠶᠠᠯᠠᠭᠳᠠᠳᠠᠭ ᠪᠧᠲ ᠱᠧᠮᠧᠱ ᠲᠤ ᠨᠢᠭᠤᠷ ᠲᠤᠯᠤᠨ ᠠᠭᠤᠯᠵᠠᠪᠠ᠃ 22 ᠶᠦᠳᠠ ᠢᠰᠷᠧᠯ ᠳᠤ ᠢᠯᠠᠭᠳᠠᠨ᠂ ᠬᠥᠮᠦᠨ ᠪᠣᠯᠭᠠᠨ ᠨᠢ ᠭᠡᠷ ᠭᠡᠷ ᠤᠷᠤᠭᠤ ᠪᠠᠨ ᠵᠢᠭᠤᠲᠠᠵᠠᠢ᠃ 23 ᠢᠰᠷᠧᠯ ᠤᠨ ᠬᠠᠭᠠᠨ ᠶᠧᠬᠣᠶᠠᠱ ᠪᠧᠲ ᠱᠧᠮᠧᠱ ᠲᠤ ᠠᠬᠠᠽᠢᠶ᠎ᠠ ᠶᠢᠨ ᠠᠴᠢ᠂ ᠶᠣᠶᠠᠱ ᠤᠨ ᠬᠦᠦ᠂ ᠶᠦᠳᠠ ᠶᠢᠨ ᠬᠠᠭᠠᠨ ᠠᠮᠠᠽᠢᠶ᠎ᠠ ᠶᠢ ᠣᠯᠵᠠᠯᠠᠨ ᠠᠪᠤᠭᠰᠠᠨ ᠤ ᠳᠠᠷᠠᠭ᠎ᠠ᠂ ᠶᠧᠷᠦ᠋ᠰᠠᠯᠧᠮ ᠳᠤ ᠠᠪᠠᠴᠢᠵᠤ ᠶᠧᠷᠦ᠋ᠰᠠᠯᠧᠮ ᠤᠨ ᠬᠡᠷᠡᠮ ᠢ ᠡᠹᠷᠠᠢᠮ ᠤᠨ ᠬᠠᠭᠠᠯᠭᠠᠨ ᠠᠴᠠ ᠪᠤᠯᠤᠩ ᠤᠨ ᠬᠠᠭᠠᠯᠭ᠎ᠠ ᠬᠦᠷᠲᠡᠯ᠎ᠡ ᠳᠥᠷᠪᠡᠨ ᠵᠠᠭᠤᠨ ᠲᠣᠬᠣᠢ ᠨᠤᠷᠠᠭᠠᠪᠠ᠃ 24 ᠲᠡᠷᠡ ᠪᠤᠷᠬᠠᠨ ᠤ ᠥᠷᠭᠥᠭᠡᠨ ᠳᠠᠬᠢ ᠣᠪᠧᠳ᠋ ᠡᠳᠣᠮ ᠤᠨ ᠬᠠᠮᠢᠶᠠᠷᠴᠤ ᠪᠠᠢᠭᠰᠠᠨ ᠪᠦᠬᠦ ᠠᠯᠲᠠ᠂ ᠮᠥᠩᠭᠥ ᠪᠣᠯᠣᠨ ᠪᠦᠬᠦ ᠬᠡᠷᠡᠭᠰᠡᠯ᠂ ᠮᠥᠨ ᠬᠠᠭᠠᠨ ᠤ ᠣᠷᠳᠣᠨ ᠤ ᠡᠷᠳᠡᠨᠢᠰ ᠢ ᠲᠣᠨᠣᠵᠤ᠂ ᠬᠥᠮᠦᠰ ᠢ ᠪᠠᠷᠢᠴᠠᠭᠠᠯᠠᠨ ᠠᠪᠤᠭᠠᠳ ᠰᠠᠮᠠᠷᠢᠶ᠎ᠠ ᠤᠷᠤᠭᠤ ᠪᠤᠴᠠᠵᠠᠢ᠃

25 ᠢᠰᠷᠧᠯ ᠤᠨ ᠬᠠᠭᠠᠨ ᠶᠧᠬᠣᠶᠠᠬᠠᠽ ᠤᠨ ᠬᠦᠦ ᠶᠧᠬᠣᠶᠠᠱ ᠥᠭᠡᠳᠡ ᠪᠣᠯᠣᠭᠰᠠᠨ ᠤ ᠳᠠᠷᠠᠭ᠎ᠠ᠂ ᠶᠦᠳᠠ ᠶᠢᠨ ᠬᠠᠭᠠᠨ ᠶᠣᠶᠠᠱ ᠤᠨ ᠬᠦᠦ ᠠᠮᠠᠽᠢᠶ᠎ᠠ ᠠᠷᠪᠠᠨ ᠲᠠᠪᠤᠨ ᠵᠢᠯ ᠢᠯᠡᠭᠦᠦ ᠠᠮᠢᠳᠤᠷᠠᠪᠠ᠃ 26 ᠠᠮᠠᠽᠢᠶ᠎ᠠ ᠶᠢᠨ ᠪᠤᠰᠤᠳ ᠶᠠᠪᠤᠳᠠᠯ ᠡᠬᠢᠨ ᠡᠴᠡ ᠪᠡᠨ ᠳᠠᠭᠤᠰᠲᠠᠯ᠎ᠠ ᠶᠦᠳᠠ ᠪᠣᠯᠣᠨ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 27 ᠠᠮᠠᠽᠢᠶ᠎ᠠ ᠶᠣᠬᠣᠸᠠ ᠠᠴᠠ ᠭᠠᠵᠢᠭᠰᠠᠨ ᠴᠠᠭ ᠠᠴᠠ ᠡᠬᠢᠯᠡᠨ ᠶᠧᠷᠦ᠋ᠰᠠᠯᠧᠮ ᠳᠤ ᠬᠡᠰᠡᠭ ᠬᠥᠮᠦᠰ ᠲᠡᠭᠦᠨ ᠦ ᠡᠰᠡᠷᠭᠦ ᠬᠤᠤᠪᠢᠯᠳᠤᠭᠰᠠᠨ ᠳᠤ᠂ ᠲᠡᠷᠡ ᠯᠠᠺᠢᠱ ᠤᠷᠤᠭᠤ ᠵᠢᠭᠤᠲᠠᠪᠠ᠃ ᠭᠡᠪᠡᠴᠦ ᠲᠡᠳᠡ ᠠᠷᠤ ᠠᠴᠠ ᠨᠢ ᠬᠥᠮᠦᠨ ᠢᠯᠡᠭᠡᠵᠦ ᠲᠡᠨᠳᠡ ᠲᠡᠭᠦᠨ ᠢ ᠬᠣᠷᠣᠭᠠᠵᠠᠢ᠃ 28 ᠲᠡᠳᠡ ᠲᠡᠭᠦᠨ ᠦ ᠱᠠᠷᠢᠯ ᠢ ᠮᠣᠷᠢ ᠪᠠᠷ ᠠᠪᠴᠢᠷᠠᠵᠤ᠂ ᠡᠴᠢᠭᠡ ᠡᠪᠦᠭᠡᠳ ᠦᠨ ᠬᠢᠨᠢ ᠳᠡᠷᠭᠡᠳᠡ ᠶᠦᠳᠠ ᠶᠢᠨ ᠬᠣᠲᠠ ᠳᠤ ᠣᠷᠣᠰᠢᠭᠤᠯᠵᠠᠢ᠃