ᠱᠠᠰᠲᠢᠷ ᠤᠨ ᠳᠡᠳ᠋ ᠳᠣᠯᠣᠭ᠎ᠠ
ᠥᠷᠭᠥᠭᠡ ᠶᠢ ᠵᠣᠷᠢᠭᠤᠯᠪᠠ
1 ᠰᠣᠯᠣᠮᠣᠨ ᠳᠠᠭᠠᠳᠬᠠᠵᠤ ᠳᠠᠭᠤᠰᠬᠤ ᠳᠤ᠂ ᠲᠩᠷᠢ ᠡᠴᠡ ᠭᠠᠯ ᠪᠠᠭᠤᠵᠤ᠂ ᠰᠢᠲᠠᠭᠠᠯᠭᠠᠲᠤ ᠲᠠᠬᠢᠯ ᠪᠣᠯᠣᠨ ᠪᠤᠰᠤᠳ ᠲᠠᠬᠢᠯ ᠤᠳ ᠢ ᠰᠢᠲᠠᠭᠠᠪᠠ᠃ ᠶᠣᠬᠣᠸᠠ ᠶᠢᠨ ᠰᠦᠷ ᠵᠢᠪᠬᠤᠯᠠᠩ ᠥᠷᠭᠥᠭᠡ ᠶᠢ ᠳᠦᠭᠦᠷᠭᠡᠵᠡᠢ᠃ 2 ᠶᠣᠬᠣᠸᠠ ᠶᠢᠨ ᠰᠦᠷ ᠵᠢᠪᠬᠤᠯᠠᠩ ᠶᠣᠬᠣᠸᠠ ᠶᠢᠨ ᠥᠷᠭᠥᠭᠡ ᠶᠢ ᠳᠦᠭᠦᠷᠭᠡᠭᠰᠡᠨ ᠡᠴᠡ ᠪᠣᠯᠵᠤ᠂ ᠲᠠᠬᠢᠯᠴᠢᠳ ᠶᠣᠬᠣᠸᠠ ᠶᠢᠨ ᠥᠷᠭᠥᠭᠡ ᠤᠷᠤᠭᠤ ᠣᠷᠣᠵᠤ ᠴᠢᠳᠠᠬᠤ ᠦᠭᠡᠢ ᠪᠠᠢᠯ᠎ᠠ᠃ 3 ᠭᠠᠯ ᠪᠠᠭᠤᠵᠤ᠂ ᠶᠣᠬᠣᠸᠠ ᠶᠢᠨ ᠰᠦᠷ ᠵᠢᠪᠬᠤᠯᠠᠩ ᠥᠷᠭᠥᠭᠡᠨ ᠦ ᠳᠡᠭᠡᠷ᠎ᠡ ᠲᠣᠭᠲᠠᠬᠤ ᠶᠢ ᠦᠵᠡᠭᠡᠳ ᠢᠰᠷᠧᠯᠴᠦᠳ ᠴᠢᠯᠠᠭᠤ ᠳᠡᠪᠢᠰᠦᠭᠰᠡᠨ ᠭᠠᠵᠠᠷ ᠳᠡᠭᠡᠷ᠎ᠡ ᠨᠢᠭᠤᠷ ᠢᠶᠠᠨ ᠬᠦᠷᠭᠡᠨ ᠶᠣᠬᠣᠸᠠ ᠳᠤ ᠮᠥᠷᠭᠥᠨ ᠲᠠᠯᠠᠷᠬᠠᠵᠤ᠄ 《ᠲᠡᠷᠡ ᠰᠠᠢᠨ᠂ ᠦᠨᠡᠨ ᠬᠠᠢᠷ᠎ᠠ ᠨᠢ ᠡᠭᠦᠷᠢᠳᠡ ᠶᠢᠨ ᠬᠢ》 ᠭᠡᠵᠡᠭᠡᠪᠡ᠃
4 ᠬᠠᠭᠠᠨ ᠪᠣᠯᠣᠨ ᠲᠡᠭᠦᠨ ᠲᠡᠢ ᠬᠠᠮᠲᠤ ᠪᠠᠢᠭ᠎ᠠ ᠬᠠᠮᠤᠭ ᠠᠷᠠᠳ ᠲᠦᠮᠡᠨ ᠶᠣᠬᠣᠸᠠ ᠶᠢᠨ ᠡᠮᠦᠨ᠎ᠡ ᠲᠠᠬᠢᠯ ᠡᠷᠭᠦᠪᠡ᠃ 5 ᠰᠣᠯᠣᠮᠣᠨ ᠬᠠᠭᠠᠨ ᠶᠣᠬᠣᠸᠠ ᠳᠤ ᠵᠣᠷᠢᠭᠤᠯᠤᠨ ᠬᠣᠶᠠᠷ ᠲᠦᠮᠡ ᠬᠣᠶᠠᠷ ᠮᠢᠩ᠋ᠭᠠᠨ ᠦᠬᠡᠷ᠂ ᠠᠷᠪᠠᠨ ᠬᠣᠶᠠᠷ ᠲᠦᠮᠡᠨ ᠬᠣᠨᠢ ᠡᠷᠭᠦᠵᠡᠢ᠃ ᠲᠡᠢᠨ ᠬᠦ ᠬᠠᠭᠠᠨ ᠪᠦᠬᠦ ᠠᠷᠠᠳ ᠲᠦᠮᠡᠨ ᠲᠡᠢ ᠬᠠᠮᠲᠤ ᠪᠤᠷᠬᠠᠨ ᠤ ᠥᠷᠭᠥᠭᠡᠨ ᠦ ᠵᠣᠷᠢᠭᠤᠯᠤᠯᠲᠠ ᠶᠢᠨ ᠶᠣᠰᠣᠯᠠᠯ ᠢ ᠬᠢᠪᠡ᠃ 6 ᠲᠠᠬᠢᠯᠴᠢᠳ ᠪᠠᠢᠷᠢᠨ ᠳᠠᠭᠠᠨ ᠵᠣᠭᠰᠣᠵᠤ᠂ ᠯᠧᠸᠢᠴᠦᠳ ᠴᠤ ᠶᠣᠬᠣᠸᠠ ᠳᠤ ᠵᠣᠷᠢᠭᠤᠯᠤᠭᠰᠠᠨ ᠬᠥᠭᠵᠢᠮ ᠢ ᠪᠠᠷᠢᠨ ᠵᠣᠭᠰᠣᠵᠤ ᠪᠠᠢᠯ᠎ᠠ᠃ ᠳ᠋ᠠᠸᠢᠳ᠋ ᠬᠠᠭᠠᠨ ᠲᠡᠳᠡᠨ ᠲᠡᠢ ᠬᠠᠮᠲᠤ ᠮᠠᠭᠲᠠᠭᠠᠯ ᠡᠷᠭᠦᠵᠦ 《ᠦᠨᠡᠨ ᠬᠠᠢᠷ᠎ᠠ ᠨᠢ ᠡᠭᠦᠷᠢᠳᠡ ᠶᠢᠨ ᠬᠢ》 ᠬᠡᠮᠡᠨ ᠶᠣᠬᠣᠸᠠ ᠶᠢ ᠮᠠᠭᠲᠠᠬᠤ ᠶᠢᠨ ᠲᠥᠯᠥᠭᠡ ᠲᠡᠳᠡᠭᠡᠷ ᠬᠥᠭᠵᠢᠮ ᠢ ᠥᠪᠡᠷ ᠢᠶᠡᠨ ᠬᠢᠭᠰᠡᠨ ᠪᠢᠯᠡ᠃ ᠯᠧᠸᠢᠴᠦᠳ ᠦᠨ ᠬᠠᠷᠠᠯᠳᠤᠭ᠎ᠠ ᠲᠠᠬᠢᠯᠴᠢᠳ ᠪᠦᠷᠢᠶ᠎ᠡ ᠦᠯᠢᠶᠡᠵᠦ᠂ ᠪᠦᠬᠦ ᠢᠰᠷᠧᠯ ᠵᠣᠭᠰᠣᠵᠤ ᠪᠠᠢᠯ᠎ᠠ᠃
7 ᠰᠣᠯᠣᠮᠣᠨ ᠶᠣᠬᠣᠸᠠ ᠶᠢᠨ ᠥᠷᠭᠥᠭᠡᠨ ᠦ ᠡᠮᠦᠨ᠎ᠡ ᠬᠠᠰᠢᠶᠠᠨ ᠤ ᠲᠥᠪ ᠬᠡᠰᠡᠭ ᠢ ᠠᠷᠢᠭᠤᠰᠬᠠᠨ ᠲᠤᠰᠠᠭᠠᠷᠯᠠᠵᠤ᠂ ᠲᠡᠨᠳᠡ ᠰᠢᠲᠠᠭᠠᠯᠭᠠᠲᠤ ᠲᠠᠬᠢᠯ᠂ ᠢᠳᠡᠭᠡᠨ ᠲᠠᠬᠢᠯ ᠪᠠ ᠡᠪ ᠦᠨ ᠲᠠᠬᠢᠯ ᠤᠳ ᠤᠨ ᠥᠭᠡᠬᠦ ᠶᠢ ᠡᠷᠭᠦᠯ᠎ᠡ᠃ ᠤᠴᠢᠷ ᠨᠢ ᠬᠦᠷᠡᠯ ᠲᠠᠬᠢᠯ ᠤᠨ ᠰᠢᠷᠡᠭᠡ ᠨᠢ ᠰᠢᠲᠠᠭᠠᠯᠭᠠᠲᠤ ᠲᠠᠬᠢᠯ᠂ ᠢᠳᠡᠭᠡᠨ ᠲᠠᠬᠢᠯ᠂ ᠪᠠᠰᠠ ᠥᠭᠡᠬᠦ ᠶᠢ ᠪᠠᠭᠲᠠᠭᠠᠵᠤ ᠴᠢᠳᠠᠬᠤ ᠪᠠᠷ ᠦᠭᠡᠢ ᠪᠠᠢᠵᠠᠢ᠃
8 ᠲᠡᠷᠡ ᠦᠶ᠎ᠡ ᠳᠦ ᠰᠣᠯᠣᠮᠣᠨ ᠨᠠᠢᠷ ᠬᠢᠭᠰᠡᠨ ᠳᠦ᠂ ᠯᠧᠪᠣᠬᠠᠮᠠᠲ ᠠᠴᠠ ᠶᠧᠵᠢᠫᠲ ᠤᠨ ᠭᠣᠷᠣᠬ᠎ᠠ ᠬᠦᠷᠲᠡᠯᠡᠬᠢ ᠪᠦᠬᠦ ᠢᠰᠷᠧᠯ ᠦᠢ ᠣᠯᠠᠨ ᠢᠶᠠᠷ ᠢᠶᠠᠨ ᠴᠤᠭᠯᠠᠷᠠᠵᠤ ᠳᠣᠯᠣᠭᠠᠨ ᠬᠣᠨᠣᠭ ᠪᠡᠯᠭᠡᠯᠡᠪᠡ᠃ 9 ᠲᠡᠳᠡ ᠳᠣᠯᠣᠭᠠᠨ ᠬᠣᠨᠣᠭ ᠲᠠᠬᠢᠯ ᠤᠨ ᠰᠢᠷᠡᠭᠡᠨ ᠦ ᠵᠣᠷᠢᠭᠤᠯᠤᠯᠲᠠ ᠶᠢᠨ ᠶᠣᠰᠣᠯᠠᠯ ᠬᠢᠵᠦ᠂ ᠳᠠᠷᠠᠭᠠᠬᠢ ᠳᠣᠯᠣᠭᠠᠨ ᠬᠣᠨᠣᠭ ᠲᠤᠨᠢ ᠪᠠᠶᠠᠷ ᠨᠠᠭᠠᠳᠤᠮ ᠬᠢᠭᠰᠡᠨ ᠦ ᠳᠠᠷᠠᠭ᠎ᠠ᠂ ᠨᠠᠢ᠌ᠮᠠᠳᠠᠬᠢ ᠡᠳᠦᠷ ᠨᠢ ᠴᠤᠭᠯᠠᠭᠠᠨ ᠬᠢᠪᠡ᠃ 10 ᠳᠣᠯᠣᠳᠤᠭᠠᠷ ᠰᠠᠷ᠎ᠠ ᠶᠢᠨ ᠬᠣᠷᠢᠨ ᠭᠤᠷᠪᠠᠨ ᠳᠤ᠂ ᠬᠠᠭᠠᠨ ᠠᠷᠠᠳ ᠲᠦᠮᠡᠨ ᠢᠶᠡᠨ ᠭᠡᠷ ᠭᠡᠷ ᠤᠷᠤᠭᠤ ᠨᠢ ᠪᠤᠴᠠᠭᠠᠪᠠ᠃ ᠠᠷᠠᠳ ᠣᠯᠠᠨ ᠶᠣᠬᠣᠸᠠ ᠶᠢᠨ ᠳ᠋ᠠᠸᠢᠳ᠋᠂ ᠰᠣᠯᠣᠮᠣᠨ ᠪᠣᠯᠣᠨ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠲᠥᠯᠥᠭᠡ ᠬᠢᠭᠰᠡᠨ ᠰᠠᠢᠨ ᠰᠠᠢᠬᠠᠨ ᠳᠤ ᠪᠠᠶᠠᠷᠯᠠᠨ ᠰᠡᠳᠬᠢᠯ ᠬᠠᠩ᠋ᠭᠠᠯᠤᠭᠤᠨ ᠪᠠᠢᠯ᠎ᠠ᠃
ᠶᠣᠬᠣᠸᠠ ᠰᠣᠯᠣᠮᠣᠨ ᠳᠤ ᠦᠵᠡᠭᠳᠡᠪᠡ
11 ᠡᠢᠨ ᠬᠦ ᠰᠣᠯᠣᠮᠣᠨ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠢ ᠪᠠᠷᠢᠵᠤ ᠳᠠᠭᠤᠰᠬᠠᠨ᠂ ᠶᠣᠬᠣᠸᠠ ᠶᠢᠨ ᠥᠷᠭᠥᠭᠡ ᠪᠣᠯᠣᠨ ᠥᠪᠡᠷ ᠦᠨ ᠢᠶᠠᠨ ᠣᠷᠳᠣᠨ ᠳᠤ ᠬᠢᠬᠦ ᠪᠡᠷ ᠰᠠᠨᠠᠭᠰᠠᠨ ᠪᠦᠬᠦᠨ ᠢᠶᠡᠨ ᠠᠮᠵᠢᠯᠲᠠ ᠲᠠᠢ ᠪᠠᠷ ᠪᠡᠶᠡᠯᠡᠭᠦᠯᠪᠡ᠃
12 ᠶᠣᠬᠣᠸᠠ ᠰᠥᠨᠢ ᠪᠠᠷ ᠰᠣᠯᠣᠮᠣᠨ ᠳᠤ ᠦᠵᠡᠭᠳᠡᠵᠦ᠂ ᠲᠡᠭᠦᠨ ᠳᠦ᠄ 《ᠪᠢ ᠴᠢᠨᠦ ᠳᠠᠭᠠᠳᠬᠠᠯ ᠢ ᠰᠣᠨᠣᠰᠴᠤ᠂ ᠡᠨᠡ ᠭᠠᠵᠠᠷ ᠢ ᠲᠠᠬᠢᠯ ᠤᠨ ᠥᠷᠭᠥᠭᠡ ᠪᠣᠯᠭᠠᠨ ᠥᠪᠡᠷ ᠲᠡᠭᠡᠨ ᠰᠣᠩ᠋ᠭᠣᠵᠤ ᠠᠪᠤᠯ᠎ᠠ᠃ 13 ᠠᠩ᠋ᠬᠠᠷᠤᠭᠲᠤᠨ᠂ ᠪᠢ ᠪᠣᠷᠣᠭᠠᠨ ᠣᠷᠣᠭᠤᠯᠬᠤ ᠦᠭᠡᠢ ᠲᠩᠷᠢ ᠶᠢ ᠬᠠᠭᠠᠬᠤ᠂ ᠡᠰᠡᠪᠡᠯ ᠡᠨᠡ ᠭᠠᠵᠠᠷ ᠠᠴᠠ ᠭᠠᠷᠤᠭᠰᠠᠨ ᠢ ᠢᠳᠡᠭᠦᠯᠬᠦ ᠪᠡᠷ ᠴᠠᠷᠴᠠᠬᠠᠢ ᠨᠤᠭᠤᠳ ᠲᠤ ᠲᠤᠰᠢᠶᠠᠬᠤ᠂ ᠡᠰᠡᠪᠡᠯ ᠠᠷᠠᠳ ᠲᠦᠮᠡᠨ ᠦ ᠪᠠᠨ ᠳᠤᠮᠳᠠ ᠲᠠᠬᠤᠯ ᠢᠯᠡᠭᠡᠬᠦ ᠲᠣᠬᠢᠶᠠᠯᠳᠤᠯ ᠳᠤ᠂ 14 ᠬᠡᠷᠪᠡ ᠮᠢᠨᠦ ᠨᠡᠷ᠎ᠡ ᠪᠡᠷ ᠳᠠᠭᠤᠳᠠᠭᠳᠠᠳᠠᠭ ᠮᠢᠨᠦ ᠠᠷᠠᠳ ᠲᠦᠮᠡᠨ ᠥᠪᠡᠷ ᠢ ᠪᠠᠨ ᠳᠠᠷᠤᠤ ᠪᠣᠯᠭᠠᠵᠤ ᠳᠠᠭᠠᠳᠬᠠᠨ ᠮᠢᠨᠦ ᠨᠢᠭᠤᠷ ᠢ ᠬᠠᠢᠵᠤ᠂ ᠪᠤᠵᠠᠷ ᠮᠠᠭᠤ ᠵᠠᠮ ᠠᠴᠠ ᠪᠠᠨ ᠡᠷᠭᠢᠪᠡᠯ ᠪᠢ ᠲᠩᠷᠢ ᠡᠴᠡ ᠰᠣᠨᠣᠰᠴᠤ᠂ ᠨᠢᠭᠦᠯ ᠢ ᠨᠢ ᠠᠭᠤᠴᠢᠯᠠᠨ ᠭᠠᠵᠠᠷ ᠨᠤᠲᠤᠭ ᠢ ᠨᠢ ᠡᠳᠡᠭᠡᠭᠡᠨ᠎ᠡ᠃ 15 ᠡᠨᠡ ᠭᠠᠵᠠᠷ ᠲᠤ ᠡᠷᠭᠦᠬᠦ ᠳᠠᠭᠠᠳᠬᠠᠯ ᠳᠤ ᠮᠢᠨᠦ ᠮᠡᠯᠮᠡᠢ ᠲᠤᠩ᠋ᠭᠠᠯᠠᠭ᠂ ᠮᠢᠨᠦ ᠴᠢᠬᠢ ᠰᠣᠨᠣᠷ ᠪᠠᠢᠬᠤ ᠪᠣᠯᠣᠨ᠎ᠠ᠃ 16 ᠡᠳᠦᠭᠡ ᠪᠢ ᠡᠨᠡ ᠥᠷᠭᠥᠭᠡ ᠶᠢ ᠰᠣᠩ᠋ᠭᠣᠵᠤ ᠠᠷᠢᠭᠤᠰᠬᠠᠭᠰᠠᠨ ᠲᠤᠯᠠ ᠮᠢᠨᠦ ᠨᠡᠷ᠎ᠡ ᠡ᠊ᠨᠳᠡ ᠡᠭᠦᠷᠢᠳᠡ ᠪᠠᠢᠬᠤ ᠪᠣᠯᠣᠨ᠎ᠠ᠂ ᠮᠢᠨᠦ ᠮᠡᠯᠮᠡᠢ᠂ ᠮᠢᠨᠦ ᠵᠢᠷᠦᠬᠡ ᠦᠷᠭᠦᠯᠵᠢ ᠡ᠊ᠨᠳᠡ ᠪᠠᠢᠬᠤ ᠪᠣᠯᠣᠨ᠎ᠠ᠃ 17 ᠬᠡᠷᠪᠡ ᠴᠢ ᠡᠴᠢᠭᠡ ᠳ᠋ᠠᠸᠢᠳ᠋ ᠰᠢᠭ᠋ ᠢᠶᠠᠨ ᠮᠢᠨᠦ ᠡᠮᠦᠨ᠎ᠡ ᠠᠯᠬᠤᠵᠤ᠂ ᠴᠢᠮ᠎ᠠ ᠳᠤ ᠲᠤᠰᠢᠶᠠᠭᠰᠠᠨ ᠪᠦᠬᠦᠨ ᠢ ᠮᠢᠨᠢ ᠪᠡᠶᠡᠯᠡᠭᠦᠯᠦᠨ ᠬᠠᠤᠯᠢ ᠵᠢᠭᠠᠪᠤᠷᠢ ᠨᠤᠭᠤᠳ ᠢ ᠮᠢᠨᠢ ᠰᠠᠬᠢᠪᠠᠯ᠂ 18 ᠪᠢ ᠴᠢᠨᠦ ᠡᠴᠢᠭᠡ ᠳ᠋ᠠᠸᠢᠳ᠋ ᠲᠠᠢ ᠭᠡᠷ᠎ᠡ ᠪᠠᠢᠭᠤᠯᠤᠨ 〈ᠢᠰᠷᠧᠯ ᠢ ᠵᠠᠬᠢᠷᠬᠤ ᠬᠥᠮᠦᠨ ᠴᠢᠮ᠎ᠠ ᠠᠴᠠ ᠬᠣᠢᠰᠢ ᠲᠠᠰᠤᠷᠠᠬᠤ ᠦᠭᠡᠢ〉 ᠭᠡᠰᠡᠨ ᠦ ᠠᠳᠠᠯᠢ ᠪᠢ ᠬᠠᠭᠠᠨ ᠰᠢᠷᠡᠭᠡ ᠶᠢ ᠴᠢᠨᠢ ᠪᠠᠲᠤᠵᠢᠭᠤᠯᠤᠨ᠎ᠠ᠃
19 ᠬᠠᠷᠢᠨ ᠴᠢ ᠡᠷᠭᠢᠵᠦ᠂ ᠴᠢᠨᠦ ᠡᠮᠦᠨ᠎ᠡ ᠲᠠᠯᠪᠢᠭᠰᠠᠨ ᠮᠢᠨᠦ ᠲᠣᠭᠲᠠᠭᠠᠯ᠂ ᠵᠢᠭᠠᠪᠤᠷᠢ ᠨᠤᠭᠤᠳ ᠢ ᠣᠷᠬᠢᠨ ᠶᠠᠪᠤᠵᠤ᠂ ᠥᠭᠡᠷ᠎ᠡ ᠪᠤᠷᠬᠠᠳ ᠲᠤ ᠦᠢᠯᠡᠴᠢᠯᠡᠵᠦ ᠲᠡᠳᠡᠨ ᠳᠦ ᠮᠥᠷᠭᠥᠪᠡᠯ᠂ 20 ᠪᠢ ᠥᠭᠭᠥᠭᠰᠡᠨ ᠭᠠᠵᠠᠷ ᠠᠴᠠ ᠪᠠᠨ ᠢᠰᠷᠧᠯ ᠢ ᠰᠤᠭᠤᠯᠬᠤ ᠪᠥᠭᠡᠳ ᠥᠪᠡᠷ ᠦᠨ ᠢᠶᠠᠨ ᠨᠡᠷ᠎ᠡ ᠶᠢᠨ ᠲᠥᠯᠥᠭᠡ ᠠᠷᠢᠭᠤᠰᠬᠠᠨ ᠲᠤᠰᠠᠭᠠᠷᠯᠠᠭᠰᠠᠨ ᠥᠷᠭᠥᠭᠡ ᠶᠢ ᠡᠮᠦᠨ᠎ᠡ ᠡᠴᠡ ᠪᠡᠨ ᠵᠠᠢᠯᠠᠭᠤᠯᠤᠨ᠂ ᠲᠡᠭᠦᠨ ᠢ ᠬᠠᠮᠤᠭ ᠦᠨᠳᠦᠰᠦᠲᠡᠨ ᠦ ᠳᠤᠮᠳᠠ ᠶᠣᠭᠲᠠ ᠵᠦᠢᠷᠯᠡᠯ᠂ ᠡᠯᠡᠭ ᠳᠣᠭᠣᠭᠢ ᠪᠣᠯᠭᠠᠨ᠎ᠠ᠃ 21 ᠡᠨᠡ ᠥᠷᠭᠥᠭᠡ ᠴᠤ ᠣᠪᠣᠭᠠᠯᠠᠭᠰᠠᠨ ᠨᠤᠷᠠᠩ᠋ᠭᠢ ᠪᠣᠯᠬᠤ ᠤᠴᠢᠷ ᠠᠴᠠ ᠬᠠᠵᠠᠭᠤ ᠪᠠᠷ ᠨᠢ ᠥᠩᠭᠡᠷᠡᠬᠦ ᠬᠥᠮᠦᠨ ᠪᠣᠯᠭᠠᠨ ᠭᠠᠢᠬᠠᠵᠤ᠄ 〈ᠶᠣᠬᠣᠸᠠ ᠶᠠᠭᠤᠨ ᠤ ᠤᠴᠢᠷ ᠠᠴᠠ ᠡᠨᠡ ᠨᠤᠲᠤᠭ᠂ ᠡᠨᠡ ᠥᠷᠭᠥᠭᠡᠨ ᠳᠦ ᠡᠢᠨ ᠬᠦ ᠦᠢᠯᠡᠳᠦᠭᠰᠡᠨ ᠪᠣᠯ ᠳᠠ︖〉 ᠭᠡᠬᠦ ᠪᠣᠯᠣᠨ᠎ᠠ᠃ 22 ᠬᠥᠮᠦᠰ ᠬᠠᠷᠢᠭᠤᠯᠤᠨ᠄ 〈ᠡᠴᠢᠭᠡ ᠡᠪᠦᠭᠡᠳ ᠢ ᠨᠢ ᠶᠧᠵᠢᠫᠲ ᠡᠴᠡ ᠠᠪᠴᠢᠷᠠᠭᠰᠠᠨ ᠡᠴᠢᠭᠡ ᠡᠪᠦᠭᠡᠳ ᠦᠨ ᠢᠶᠠᠨ ᠪᠤᠷᠬᠠᠨ ᠢ ᠣᠷᠬᠢᠵᠤ᠂ ᠥᠭᠡᠷ᠎ᠡ ᠪᠤᠷᠬᠠᠳ ᠠᠴᠠ ᠵᠢᠭᠤᠷᠠᠨ᠂ ᠲᠡᠳᠡᠨ ᠳᠦ ᠮᠥᠷᠭᠥᠵᠦ ᠦᠢᠯᠡᠴᠢᠯᠡᠭᠰᠡᠨ ᠦ ᠤᠴᠢᠷ ᠶᠤᠮ᠃ ᠡᠢᠮᠦ ᠡᠴᠡ ᠲᠡᠷᠡ ᠡᠨᠡ ᠪᠦᠬᠦ ᠭᠠᠢ ᠵᠣᠪᠠᠯᠠᠩ ᠢ ᠲᠡᠳᠡᠨ ᠳᠡᠭᠡᠷ᠎ᠡ ᠪᠠᠭᠤᠯᠭᠠᠭᠰᠠᠨ ᠶᠤᠮ〉 ᠭᠡᠬᠦ ᠪᠣᠯᠣᠨ᠎ᠠ》 ᠭᠡᠯᠡ᠃