1 2 3 4 5 6 7 8 9 10 11 12 13 14 15 16 17 18 19 20 21 22 23 24 25 26 27


ᠯᠧᠸᠢ ᠨᠢᠭᠡ
 ᠰᠢᠲᠠᠭᠠᠯᠭᠠᠲᠤ ᠲᠠᠬᠢᠯ

1 ᠶᠣᠬᠣᠸᠠ ᠠᠭᠤᠯᠵᠠᠯᠲᠠ ᠶᠢᠨ ᠮᠠᠢᠬᠠᠨ ᠳᠣᠲᠣᠷ᠎ᠠ ᠠᠴᠠ ᠮᠣᠰᠧ ᠶᠢ ᠳᠠᠭᠤᠳᠠᠵᠤ᠂ ᠲᠡᠭᠦᠨ ᠳᠦ ᠠᠢᠯᠠᠳᠬᠤ ᠳᠠᠭᠠᠨ᠄ 2 《ᠢᠰᠷᠧᠯᠴᠦᠳ ᠲᠦ ᠵᠠᠬᠢᠵᠤ ᠬᠡᠯᠡ᠄ ᠲᠠ ᠨᠠᠷ ᠤᠨ ᠬᠡᠨ ᠨᠢᠭᠡᠨ ᠨᠢ ᠶᠣᠬᠣᠸᠠ ᠳᠤ ᠡᠷᠭᠦᠯ ᠠᠪᠴᠢᠷᠠᠬᠤ ᠭᠡᠪᠡᠯ᠂ ᠮᠠᠯ ᠤᠨ ᠲᠠᠬᠢᠯ ᠳᠤ ᠪᠣᠳᠠ ᠪᠣᠭ ᠮᠠᠯ ᠠᠪᠴᠢᠷᠠᠭᠠᠷᠠᠢ᠃

3 ᠬᠡᠷᠪᠡ ᠡᠷᠭᠦᠯ ᠨᠢ ᠦᠬᠡᠷ ᠦᠨ ᠰᠢᠲᠠᠭᠠᠯᠭᠠᠲᠤ ᠲᠠᠬᠢᠯ ᠪᠠᠢᠪᠠᠯ ᠶᠣᠬᠣᠸᠠ ᠶᠢᠨ ᠲᠠᠭᠠᠯᠠᠯ ᠳᠤ ᠨᠡᠢᠴᠡᠭᠦᠯᠬᠦ ᠶᠢᠨ ᠲᠤᠯᠠᠳᠠ ᠲᠡᠷᠡ ᠬᠥᠮᠦᠨ ᠰᠣᠭᠣᠭ ᠦᠭᠡᠢ ᠡᠷ᠎ᠡ ᠮᠠᠯ ᠢ ᠠᠭᠤᠯᠵᠠᠯᠲᠠ ᠶᠢᠨ ᠮᠠᠢᠬᠠᠨ ᠤ ᠡᠭᠦᠳᠡᠨ ᠳᠦ ᠡᠷᠭᠦᠬᠦ ᠶᠣᠰᠣᠲᠠᠢ᠃ 4 ᠲᠡᠷᠡ ᠬᠥᠮᠦᠨ ᠰᠢᠲᠠᠭᠠᠯᠭᠠᠲᠤ ᠲᠠᠬᠢᠯ ᠤᠨ ᠲᠣᠯᠣᠭᠠᠢ ᠳᠡᠭᠡᠷ᠎ᠡ ᠭᠠᠷ ᠢᠶᠠᠨ ᠲᠠᠯᠪᠢᠨ᠎ᠠ᠂ ᠡᠨᠡ ᠨᠢ ᠲᠡᠷᠡ ᠬᠥᠮᠦᠨ ᠦ ᠲᠠᠬᠢᠯ ᠶᠣᠬᠣᠸᠠ ᠳᠤ ᠲᠠᠭᠠᠯᠠᠭᠳᠠᠵᠤ᠂ ᠲᠡᠭᠦᠨ ᠦ ᠲᠥᠯᠥᠭᠡᠬᠢ ᠨᠢᠭᠦᠯ ᠦᠨ ᠬᠡᠯᠲᠦᠷᠢᠭᠦᠯᠦᠯ ᠢ ᠬᠢᠬᠦ ᠶᠢᠨ ᠲᠤᠯᠠᠳᠠ ᠶᠤᠮ᠃ 5 ᠲᠡᠷᠡ ᠬᠥᠮᠦᠨ ᠨᠥᠭᠥᠭᠡ ᠪᠤᠬ᠎ᠠ ᠶᠢ ᠶᠣᠬᠣᠸᠠ ᠶᠢᠨ ᠡᠮᠦᠨ᠎ᠡ ᠨᠢᠲᠤᠯᠬᠤ ᠶᠣᠰᠣᠲᠠᠢ᠃ ᠲᠡᠭᠡᠪᠡᠯ ᠠᠷᠣᠨ ᠤ ᠬᠥᠪᠡᠭᠦᠳ ᠪᠣᠯᠬᠤ ᠲᠠᠬᠢᠯᠴᠢᠳ ᠴᠢᠰᠤ ᠶᠢ ᠨᠢ ᠠᠪᠴᠢᠷᠠᠵᠤ᠂ ᠠᠭᠤᠯᠵᠠᠯᠲᠠ ᠶᠢᠨ ᠮᠠᠢᠬᠠᠨ ᠤ ᠡᠭᠦᠳᠡᠨ ᠳᠠᠬᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠨ᠎ᠠ᠃ 6 ᠲᠡᠷᠡ ᠬᠥᠮᠦᠨ ᠰᠢᠲᠠᠭᠠᠯᠭᠠᠲᠤ ᠲᠠᠬᠢᠯ ᠢ ᠥᠪᠴᠢᠵᠦ᠂ ᠲᠤᠶᠠᠴᠢᠬᠤ ᠶᠣᠰᠣᠲᠠᠢ᠃ 7 ᠲᠡᠭᠡᠪᠡᠯ ᠲᠠᠬᠢᠯᠴᠢ ᠠᠷᠣᠨ ᠤ ᠬᠥᠪᠡᠭᠦᠳ ᠲᠠᠬᠢᠯ ᠤᠨ ᠰᠢᠷᠡᠭᠡᠨ ᠳᠡᠭᠡᠷ᠎ᠡ ᠭᠠᠯ ᠲᠦᠯᠡᠵᠦ᠂ ᠭᠠᠯ ᠳᠡᠭᠡᠷ᠎ᠡ ᠲᠦᠯᠡᠭᠡ ᠥᠷᠥᠨ᠎ᠡ᠃ 8 ᠠᠷᠣᠨ ᠤ ᠬᠥᠪᠡᠭᠦᠳ ᠪᠣᠯᠬᠤ ᠲᠠᠬᠢᠯᠴᠢᠳ ᠲᠣᠯᠣᠭᠠᠢ᠂ ᠥᠭᠡᠬᠦ ᠵᠡᠷᠭᠡ ᠪᠦᠬᠦ ᠬᠡᠰᠡᠭ ᠢ ᠲᠠᠬᠢᠯ ᠤᠨ ᠰᠢᠷᠡᠭᠡᠨ ᠳᠡᠭᠡᠷᠡᠬᠢ ᠭᠠᠯ ᠤᠨ ᠲᠦᠯᠡᠭᠡᠨ ᠳᠡᠭᠡᠷ᠎ᠡ ᠥᠷᠥᠨ᠎ᠡ᠃ 9 ᠡᠷᠭᠦᠬᠦ ᠬᠥᠮᠦᠨ ᠨᠢ ᠭᠡᠳᠡᠰᠦ ᠳᠣᠲᠣᠷ ᠪᠣᠯᠣᠨ ᠮᠥᠴᠢ ᠨᠦᠭᠦᠳ ᠢ ᠨᠢ ᠤᠰᠤ ᠪᠠᠷ ᠤᠬᠢᠶᠠᠬᠤ ᠪᠥᠭᠡᠳ ᠲᠠᠬᠢᠯᠴᠢ ᠡᠨᠡ ᠪᠦᠬᠦᠨ ᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠪᠣᠯ ᠰᠢᠲᠠᠭᠠᠯᠭᠠᠲᠤ ᠲᠠᠬᠢᠯ ᠪᠥᠭᠡᠳ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠶᠤᠮ᠃

10 ᠬᠡᠷᠪᠡ ᠡᠷᠭᠦᠯ ᠨᠢ ᠬᠣᠨᠢ᠂ ᠡᠰᠡᠪᠡᠯ ᠢᠮᠠᠭᠠᠨ ᠤ ᠰᠢᠲᠠᠭᠠᠯᠭᠠᠲᠤ ᠲᠠᠬᠢᠯ ᠪᠠᠢᠪᠠᠯ ᠲᠡᠷᠡ ᠪᠡᠷ ᠰᠣᠭᠣᠭ ᠦᠭᠡᠢ ᠡᠷ᠎ᠡ ᠮᠠᠯ ᠡᠷᠭᠦᠬᠦ ᠶᠣᠰᠣᠲᠠᠢ᠃ 11 ᠲᠡᠷᠡ ᠬᠥᠮᠦᠨ ᠡᠭᠦᠨ ᠢ ᠶᠣᠬᠣᠸᠠ ᠶᠢᠨ ᠡᠮᠦᠨ᠎ᠡ᠂ ᠲᠠᠬᠢᠯ ᠤᠨ ᠰᠢᠷᠡᠭᠡᠨ ᠦ ᠬᠣᠢᠲᠤ ᠲᠠᠯ᠎ᠠ ᠳᠤ ᠨᠢᠲᠤᠯᠵᠤ᠂ ᠠᠷᠣᠨ ᠤ ᠬᠥᠪᠡᠭᠦᠳ ᠪᠣᠯᠬᠤ ᠲᠠᠬᠢᠯᠴᠢᠳ ᠴᠢᠰᠤ ᠶᠢ ᠨᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠨ᠎ᠠ᠃ 12 ᠡᠷᠭᠦᠭᠴᠢ ᠲᠡᠭᠦᠨ ᠢ ᠲᠤᠶᠠᠴᠢᠬᠤ ᠪᠥᠭᠡᠳ ᠨᠢᠭᠡ ᠲᠠᠬᠢᠯᠴᠢ ᠲᠣᠯᠣᠭᠠᠢ ᠪᠣᠯᠣᠨ ᠥᠭᠡᠬᠦ ᠶᠢ ᠨᠢ ᠲᠠᠬᠢᠯ ᠤᠨ ᠰᠢᠷᠡᠭᠡᠨ ᠳᠡᠭᠡᠷᠡᠬᠢ ᠭᠠᠯ ᠤᠨ ᠲᠦᠯᠡᠭᠡᠨ ᠳᠡᠭᠡᠷ᠎ᠡ ᠥᠷᠥᠬᠦ ᠪᠣᠯᠣᠨ᠎ᠠ᠃ 13 ᠡᠷᠭᠦᠭᠴᠢ ᠨᠢ ᠭᠡᠳᠡᠰᠦ ᠳᠣᠲᠣᠷ ᠪᠣᠯᠣᠨ ᠮᠥᠴᠢ ᠨᠦᠭᠦᠳ ᠢ ᠨᠢ ᠤᠰᠤ ᠪᠠᠷ ᠤᠬᠢᠶᠠᠵᠤ᠂ ᠲᠠᠬᠢᠯᠴᠢ ᠡᠨᠡ ᠪᠦᠬᠦᠨ ᠢ ᠠᠪᠴᠢᠷᠠᠵᠤ᠂ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠪᠣᠯ ᠰᠢᠲᠠᠭᠠᠯᠭᠠᠲᠤ ᠲᠠᠬᠢᠯ ᠪᠥᠭᠡᠳ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠶᠤᠮ᠃

14 ᠬᠡᠷᠪᠡ ᠶᠣᠬᠣᠸᠠ ᠳᠤ ᠪᠠᠷᠢᠬᠤ ᠡᠷᠭᠦᠯ ᠨᠢ ᠰᠢᠪᠠᠭᠤᠨ ᠤ ᠰᠢᠲᠠᠭᠠᠯᠭᠠᠲᠤ ᠲᠠᠬᠢᠯ ᠪᠠᠢᠪᠠᠯ ᠲᠡᠷᠡ ᠬᠥᠮᠦᠨ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠳᠡᠭᠳᠡᠭᠡᠬᠡᠢ ᠡᠷᠭᠦᠬᠦ ᠶᠣᠰᠣᠲᠠᠢ᠃ 15 ᠲᠠᠬᠢᠯᠴᠢ ᠡᠭᠦᠨ ᠢ ᠲᠠᠬᠢᠯ ᠤᠨ ᠰᠢᠷᠡᠭᠡᠨ ᠳᠦ ᠠᠪᠴᠢᠷᠠᠭᠰᠠᠨ ᠤ ᠳᠠᠷᠠᠭ᠎ᠠ᠂ ᠲᠣᠯᠣᠭᠠᠢ ᠶᠢ ᠨᠢ ᠮᠤᠰᠬᠢᠨ ᠲᠠᠰᠤᠯᠤᠭᠠᠳ ᠲᠠᠬᠢᠯ ᠤᠨ ᠰᠢᠷᠡᠭᠡᠨ ᠳᠡᠭᠡᠷ᠎ᠡ ᠰᠢᠲᠠᠭᠠᠵᠤ᠂ ᠴᠢᠰᠤ ᠶᠢ ᠨᠢ ᠲᠠᠬᠢᠯ ᠤᠨ ᠰᠢᠷᠡᠭᠡᠨ ᠦ ᠬᠠᠵᠠᠭᠤ ᠤᠷᠤᠭᠤ ᠭᠣᠭᠣᠵᠢᠭᠤᠯᠬᠤ ᠪᠥᠭᠡᠳ 16 ᠲᠡᠭᠦᠨ ᠦ ᠬᠥᠶᠥᠭᠡ ᠶᠢ ᠥᠳᠥᠨ ᠦ ᠬᠢᠨᠢ ᠬᠠᠮᠲᠤ ᠰᠠᠯᠭᠠᠨ ᠠᠪᠴᠤ ᠲᠠᠬᠢᠯ ᠤᠨ ᠰᠢᠷᠡᠭᠡᠨ ᠦ ᠵᠡᠭᠦᠨ ᠲᠠᠯ᠎ᠠ ᠳᠠᠬᠢ ᠦᠨᠡᠰᠦ ᠠᠰᠬᠠᠳᠠᠭ ᠭᠠᠵᠠᠷ ᠲᠤ ᠬᠠᠶᠠᠵᠤ᠂ 17 ᠰᠢᠪᠠᠭᠤ ᠶᠢ ᠤᠷᠠᠬᠤ ᠶᠣᠰᠣᠲᠠᠢ᠃ ᠬᠠᠷᠢᠨ ᠳᠠᠯᠠᠪᠴᠢ ᠶᠢ ᠨᠢ ᠪᠡᠶ᠎ᠡ ᠡᠴᠡ ᠨᠢ ᠰᠠᠯᠭᠠᠬᠤ ᠦᠭᠡᠢ ᠪᠠᠢᠬᠤ ᠬᠡᠷᠡᠭᠲᠡᠢ᠃ ᠲᠠᠬᠢᠯᠴᠢ ᠡᠭᠦᠨ ᠢ ᠲᠠᠬᠢᠯ ᠤᠨ ᠰᠢᠷᠡᠭᠡᠨ ᠳᠡᠭᠡᠷᠡᠬᠢ ᠭᠠᠯ ᠤᠨ ᠲᠦᠯᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠨᠢ ᠰᠢᠲᠠᠭᠠᠯᠭᠠᠲᠤ ᠲᠠᠬᠢᠯ ᠪᠥᠭᠡᠳ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠶᠤᠮ᠃