ᠯᠧᠸᠢ ᠨᠠᠢ᠌ᠮᠠ
ᠲᠠᠬᠢᠯᠴᠢ ᠲᠣᠮᠢᠯᠠᠬᠤ ᠶᠣᠰᠣᠯᠠᠯ
1 ᠶᠣᠬᠣᠸᠠ ᠮᠣᠰᠧ ᠳᠤ ᠠᠢᠯᠠᠳᠤᠨ᠄ 2 《ᠠᠷᠣᠨ ᠪᠣᠯᠣᠨ ᠲᠡᠭᠦᠨ ᠦ ᠬᠥᠪᠡᠭᠦᠳ ᠢ ᠳᠠᠭᠠᠭᠤᠯᠤᠨ ᠲᠡᠳᠡᠨ ᠦ ᠬᠤᠪᠴᠠᠰᠤ᠂ ᠲᠣᠰᠣᠯᠠᠭᠠᠨ ᠤ ᠲᠣᠰᠣ᠂ ᠮᠥᠨ ᠨᠢᠭᠦᠯ ᠦᠨ ᠲᠠᠬᠢᠯ ᠤᠨ ᠪᠤᠬ᠎ᠠ᠂ ᠬᠣᠶᠠᠷ ᠬᠤᠴᠠ᠂ ᠨᠢᠭᠡ ᠰᠠᠭᠰᠤ ᠢᠰᠭᠡᠭᠡ ᠦᠭᠡᠢ ᠪᠣᠣᠪᠣ ᠵᠡᠷᠭᠡ ᠶᠢ ᠠᠪᠴᠢᠷᠠ᠂ 3 ᠪᠠᠰᠠ ᠨᠡᠢᠲᠡ ᠴᠢᠭᠤᠯᠭᠠᠨ ᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠴᠤᠭᠯᠠᠭᠤᠯ》 ᠭᠡᠪᠡ᠃ 4 ᠡᠢᠨ ᠬᠦ ᠶᠣᠬᠣᠸᠠ ᠶᠢᠨ ᠲᠤᠰᠢᠶᠠᠭᠰᠠᠨ ᠶᠣᠰᠣᠭᠠᠷ ᠮᠣᠰᠧ ᠭᠦᠢᠴᠡᠳᠬᠡᠪᠡ᠃ ᠨᠡᠢᠲᠡ ᠴᠢᠭᠤᠯᠭᠠᠨ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠴᠤᠭᠯᠠᠷᠠᠬᠤ ᠳᠤ᠂ 5 ᠮᠣᠰᠧ ᠨᠡᠢᠲᠡ ᠴᠤᠭᠯᠠᠭᠠᠨ ᠳᠤ ᠬᠠᠨᠳᠤᠨ᠄ 《ᠶᠣᠬᠣᠸᠠ ᠶᠢᠨ ᠬᠢ ᠭᠡᠵᠦ ᠲᠤᠰᠢᠶᠠᠭᠰᠠᠨ ᠵᠦᠢᠯ ᠢ ᠪᠢᠳᠡ ᠬᠢᠬᠦ ᠭᠡᠵᠦ ᠪᠠᠢᠨ᠎ᠠ》 ᠭᠡᠪᠡ᠃
6 ᠲᠡᠭᠡᠭᠡᠳ ᠠᠷᠣᠨ ᠪᠣᠯᠣᠨ ᠲᠡᠭᠦᠨ ᠦ ᠬᠥᠪᠡᠭᠦᠳ ᠢ ᠮᠣᠰᠧ ᠣᠢᠷᠠᠲᠤᠭᠤᠯᠤᠭᠠᠳ ᠲᠡᠳᠡᠨ ᠢ ᠤᠰᠤ ᠪᠠᠷ ᠤᠬᠢᠶᠠᠪᠠ᠃ 7 ᠲᠡᠷᠡ ᠠᠷᠣᠨ ᠳᠤ ᠳᠣᠲᠣᠷ ᠴᠠᠮᠴᠠ ᠡᠮᠦᠰᠬᠡᠵᠦ ᠪᠦᠰᠡ ᠪᠦᠰᠡᠯᠡᠭᠦᠯᠦᠨ᠂ ᠭᠠᠳᠠᠷ ᠴᠠᠮᠴᠠ ᠡᠮᠦᠰᠬᠡᠭᠡᠳ᠂ ᠡᠹᠣᠳ ᠵᠡᠭᠦᠯᠭᠡᠵᠦ᠂ ᠡᠹᠣᠳ ᠢ ᠲᠣᠭᠲᠠᠭᠠᠬᠤ ᠤᠷᠠᠨ ᠨᠡᠬᠡᠮᠡᠯ ᠪᠦᠰᠡ ᠪᠦᠰᠡᠯᠡᠭᠦᠯᠪᠡ᠃ 8 ᠲᠡᠷᠡ ᠪᠡᠷ ᠪᠡᠶ᠎ᠡ ᠳᠦᠨᠢ ᠴᠡᠭᠡᠵᠢᠪᠴᠢ ᠡᠮᠦᠰᠬᠡᠵᠦ᠂ ᠴᠡᠭᠡᠵᠢᠪᠴᠢᠨ ᠳᠤ ᠦᠷᠢᠮ ᠪᠣᠯᠣᠨ ᠲᠦᠮᠢᠮ ᠢ ᠬᠢᠯ᠎ᠡ᠃ 9 ᠲᠡᠷᠡ ᠪᠠᠰᠠ ᠲᠣᠯᠣᠭᠠᠢ ᠳᠤᠨᠢ ᠣᠷᠢᠶᠠᠯᠲᠠ ᠣᠷᠢᠶᠠᠵᠤ᠂ ᠣᠷᠢᠶᠠᠯᠲᠠ ᠶᠢᠨ ᠤᠷᠳᠤ ᠲᠠᠯ᠎ᠠ ᠳᠤᠨᠢ ᠠᠷᠢᠭᠤᠨ ᠲᠢᠲᠢᠮ ᠪᠣᠯᠬᠤ ᠠᠯᠲᠠᠨ ᠫᠠᠢᠵᠠ ᠲᠣᠭᠲᠠᠭᠠᠪᠠ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
10 ᠲᠡᠭᠡᠭᠡᠳ ᠮᠣᠰᠧ ᠲᠣᠰᠣᠯᠠᠯᠭ᠎ᠠ ᠶᠢᠨ ᠲᠣᠰᠣ ᠶᠢ ᠠᠪᠴᠤ᠂ ᠣᠷᠣᠰᠢᠬᠤᠢ ᠶᠢᠨ ᠴᠠᠴᠠᠷ ᠪᠣᠯᠣᠨ ᠲᠡᠭᠦᠨ ᠳᠣᠲᠣᠷᠠᠬᠢ ᠪᠦᠬᠦᠨ ᠢ ᠲᠣᠰᠣᠯᠠᠨ ᠠᠷᠢᠭᠤᠰᠬᠠᠵᠤ᠂ 11 ᠬᠡᠰᠡᠭ ᠲᠣᠰᠣ ᠶᠢ ᠲᠠᠬᠢᠯ ᠤᠨ ᠰᠢᠷᠡᠭᠡᠨ ᠳᠡᠭᠡᠷ᠎ᠡ ᠳᠣᠯᠣᠭᠠᠨ ᠤᠳᠠᠭ᠎ᠠ ᠰᠠᠴᠤᠭᠠᠳ ᠲᠠᠬᠢᠯ ᠤᠨ ᠰᠢᠷᠡᠭᠡ ᠪᠣᠯᠣᠨ ᠲᠡᠭᠦᠨ ᠦ ᠪᠦᠬᠦ ᠬᠡᠷᠡᠭᠰᠡᠯ᠂ ᠤᠬᠢᠶᠠᠯᠭ᠎ᠠ ᠶᠢᠨ ᠰᠠᠪᠠ ᠪᠣᠯᠣᠨ ᠲᠡᠭᠦᠨ ᠦ ᠰᠠᠭᠤᠷᠢ ᠶᠢ ᠲᠣᠰᠣᠯᠠᠨ ᠠᠷᠢᠭᠤᠰᠬᠠᠵᠤ᠂ 12 ᠪᠠᠰᠠ ᠬᠡᠰᠡᠭ ᠲᠣᠰᠣ ᠶᠢ ᠨᠢ ᠠᠷᠣᠨ ᠤ ᠲᠣᠯᠣᠭᠠᠢ ᠳᠡᠭᠡᠷ᠎ᠡ ᠠᠰᠬᠠᠨ ᠲᠣᠰᠣᠯᠠᠵᠤ ᠲᠡᠭᠦᠨ ᠢ ᠠᠷᠢᠭᠤᠰᠬᠠᠬᠪᠠ᠃ 13 ᠮᠣᠰᠧ ᠠᠷᠣᠨ ᠤ ᠬᠥᠪᠡᠭᠦᠳ ᠢ ᠠᠪᠴᠢᠷᠠᠵᠤ᠂ ᠴᠠᠮᠴᠠ ᠡᠮᠦᠰᠬᠡᠨ ᠪᠦᠰᠡ ᠪᠦᠰᠡᠯᠡᠭᠦᠯᠵᠦ ᠲᠣᠯᠣᠭᠠᠢ ᠳᠡᠭᠡᠷ᠎ᠡ ᠨᠢ ᠠᠯᠴᠢᠭᠤᠷ ᠤᠷᠢᠶᠠᠪᠠ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
14 ᠲᠡᠭᠡᠭᠡᠳ ᠨᠢᠭᠦᠯ ᠦᠨ ᠲᠠᠬᠢᠯ ᠤᠨ ᠪᠤᠬ᠎ᠠ ᠶᠢ ᠠᠪᠴᠢᠷᠠᠵᠤ᠂ ᠠᠷᠣᠨ ᠪᠣᠯᠣᠨ ᠲᠡᠭᠦᠨ ᠦ ᠬᠥᠪᠡᠭᠦᠳ ᠦᠨ ᠭᠠᠷ ᠢ ᠨᠢᠭᠦᠯ ᠦᠨ ᠲᠠᠬᠢᠯ ᠤᠨ ᠪᠤᠬ᠎ᠠ ᠶᠢᠨ ᠲᠣᠯᠣᠭᠠᠢ ᠳᠡᠭᠡᠷ᠎ᠡ ᠲᠠᠯᠪᠢᠭᠤᠯᠤᠭᠠᠳ 15 ᠪᠤᠬ᠎ᠠ ᠶᠢ ᠨᠢᠲᠤᠯᠪᠠ᠃ ᠮᠣᠰᠧ ᠴᠢᠰᠤᠨ ᠠᠴᠠ ᠨᠢ ᠠᠪᠴᠤ᠂ ᠬᠤᠷᠤᠭᠤ ᠪᠠᠷ ᠢᠶᠠᠨ ᠲᠠᠬᠢᠯ ᠤᠨ ᠰᠢᠷᠡᠭᠡᠨ ᠦ ᠡᠪᠡᠷ ᠤᠳ ᠤᠨ ᠳᠡᠭᠡᠷ᠎ᠡ ᠲᠣᠭᠣᠷᠢᠭᠤᠯᠤᠨ ᠨᠢᠯᠠᠭᠠᠳ ᠰᠢᠷᠡᠭᠡ ᠶᠢ ᠴᠡᠪᠡᠷᠰᠢᠭᠦᠯᠪᠡ᠃ ᠪᠤᠰᠤᠳ ᠴᠢᠰᠤ ᠶᠢ ᠰᠢᠷᠡᠭᠡᠨ ᠦ ᠰᠠᠭᠤᠷᠢ ᠤᠷᠤᠭᠤ ᠠᠰᠬᠠᠵᠤ ᠲᠡᠭᠦᠨ ᠦ ᠳᠡᠭᠡᠷ᠎ᠡ ᠭᠡᠮ ᠦᠨ ᠬᠡᠯᠲᠦᠷᠢᠭᠦᠯᠦᠯᠭᠡ ᠶᠢ ᠬᠢᠬᠦ ᠶᠢᠨ ᠲᠥᠯᠥᠭᠡ ᠲᠠᠬᠢᠯ ᠤᠨ ᠰᠢᠷᠡᠭᠡ ᠶᠢ ᠠᠷᠢᠭᠤᠰᠬᠠᠪᠠ᠃ 16 ᠮᠥᠨ ᠪᠦᠬᠦ ᠳᠣᠲᠣᠷ ᠥᠭᠡᠬᠦ᠂ ᠥᠨᠥᠴᠢᠨ ᠡᠯᠢᠭᠡ᠂ ᠬᠣᠶᠠᠷ ᠪᠥᠭᠡᠷ᠎ᠡ ᠶᠢ ᠥᠭᠡᠬᠦ ᠲᠠᠢ ᠨᠢ ᠠᠪᠴᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠪᠠ᠃ 17 ᠭᠡᠪᠡᠴᠦ ᠲᠡᠷᠡ ᠪᠤᠬ᠎ᠠ ᠶᠢ ᠠᠷᠠᠰᠤ᠂ ᠮᠢᠬ᠎ᠠ᠂ ᠰᠡᠪᠡᠰᠦ ᠲᠠᠢ ᠨᠢ ᠬᠠᠮᠲᠤ ᠬᠤᠸᠠᠷᠠᠨ ᠤ ᠭᠠᠳᠠᠨ᠎ᠠ ᠰᠢᠲᠠᠭᠠᠪᠠ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
18 ᠲᠡᠭᠡᠭᠡᠳ ᠰᠢᠲᠠᠭᠠᠯᠭᠠᠲᠤ ᠲᠠᠬᠢᠯ ᠤᠨ ᠬᠤᠴᠠ ᠶᠢ ᠠᠪᠴᠢᠷᠠᠵᠤ᠂ ᠠᠷᠣᠨ ᠪᠣᠯᠣᠨ ᠲᠡᠭᠦᠨ ᠦ ᠬᠥᠪᠡᠭᠦᠳ ᠦᠨ ᠭᠠᠷ ᠢ ᠬᠤᠴᠠ ᠶᠢᠨ ᠲᠣᠯᠣᠭᠠᠢ ᠳᠡᠭᠡᠷ᠎ᠡ ᠲᠠᠯᠪᠢᠭᠤᠯᠤᠭᠰᠠᠨ ᠪᠠ 19 ᠬᠤᠴᠠ ᠶᠢ ᠨᠢᠲᠤᠯᠪᠠ᠃ ᠮᠣᠰᠧ ᠴᠢᠰᠤ ᠶᠢ ᠨᠢ ᠲᠠᠬᠢᠯ ᠤᠨ ᠰᠢᠷᠡᠭᠡᠨ ᠳᠡᠭᠡᠷ᠎ᠡ ᠲᠣᠭᠣᠷᠢᠭᠤᠯᠤᠨ ᠰᠠᠴᠤᠭᠰᠠᠨ ᠤ ᠳᠠᠷᠠᠭ᠎ᠠ᠂ 20 ᠬᠤᠴᠠ ᠶᠢ ᠲᠤᠶᠠᠴᠢᠭᠠᠳ᠂ ᠲᠣᠯᠣᠭᠠᠢ᠂ ᠪᠤᠰᠤᠳ ᠲᠤᠶᠠᠴᠢᠭᠰᠠᠨ ᠬᠡᠰᠡᠭ ᠤᠳ ᠪᠣᠯᠣᠨ ᠥᠭᠡᠬᠦ ᠶᠢ ᠨᠢ ᠰᠢᠲᠠᠭᠠᠵᠠᠢ᠃ 21 ᠭᠡᠳᠡᠰᠦ ᠳᠣᠲᠣᠷ ᠪᠣᠯᠣᠨ ᠮᠥᠴᠢ ᠨᠦᠭᠦᠳ ᠢ ᠨᠢ ᠤᠰᠤ ᠪᠠᠷ ᠤᠬᠢᠶᠠᠪᠠ᠃ ᠲᠡᠭᠡᠭᠡᠳ ᠮᠣᠰᠧ ᠬᠤᠴᠠ ᠶᠢ ᠪᠦᠬᠦᠯᠢ ᠪᠠᠷ ᠨᠢ ᠰᠢᠲᠠᠭᠠᠯᠭᠠᠲᠤ ᠲᠠᠬᠢᠯ ᠪᠣᠯᠭᠠᠵᠤ᠂ ᠲᠠᠭᠠᠯᠠᠮᠵᠢᠲᠤ ᠠᠩᠬᠢᠯᠤᠭᠤᠨ ᠦᠨᠦᠷ᠂ ᠶᠣᠬᠣᠸᠠ ᠳᠤ ᠪᠠᠷᠢᠬᠤ ᠭᠠᠯ ᠤᠨ ᠲᠠᠬᠢᠯ ᠤᠨ ᠬᠤᠪᠢ ᠪᠠᠷ ᠲᠠᠬᠢᠯ ᠤᠨ ᠰᠢᠷᠡᠭᠡᠨ ᠳᠡᠭᠡᠷ᠎ᠡ ᠰᠢᠲᠠᠭᠠᠵᠠᠢ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
22 ᠳᠠᠷᠠᠭ᠎ᠠ ᠨᠢ ᠥᠭᠡᠷ᠎ᠡ ᠬᠤᠴᠠ᠂ ᠲᠤᠬᠠᠢᠯᠠᠪᠠᠯ ᠲᠣᠮᠢᠯᠠᠬᠤ ᠶᠣᠰᠣᠯᠠᠯ ᠤᠨ ᠬᠤᠴᠠ ᠶᠢ ᠠᠪᠴᠢᠷᠠᠵᠤ᠂ ᠠᠷᠣᠨ ᠪᠣᠯᠣᠨ ᠲᠡᠭᠦᠨ ᠦ ᠬᠥᠪᠡᠭᠦᠳ ᠦᠨ ᠭᠠᠷ ᠢ ᠬᠤᠴᠠ ᠶᠢᠨ ᠲᠣᠯᠣᠭᠠᠢ ᠳᠡᠭᠡᠷ᠎ᠡ ᠲᠠᠯᠪᠢᠭᠤᠯᠤᠭᠠᠳ 23 ᠬᠤᠴᠠ ᠶᠢ ᠨᠢᠲᠤᠯᠪᠠ᠃ ᠮᠣᠰᠧ ᠴᠢᠰᠤᠨ ᠠᠴᠠ ᠠᠪᠴᠤ ᠠᠷᠣᠨ ᠤ ᠪᠠᠷᠠᠭᠤᠨ ᠴᠢᠬᠢᠨ ᠤ ᠳᠡᠪᠢᠰᠬᠡᠷ ᠲᠦ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤ᠂ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠡᠭᠡᠷ᠎ᠡ ᠲᠦᠷᠬᠢᠪᠡ᠃ 24 ᠲᠡᠭᠡᠭᠡᠳ ᠮᠥᠨ ᠠᠷᠣᠨ ᠤ ᠬᠥᠪᠡᠭᠦᠳ ᠢ ᠣᠢᠷᠠᠲᠤᠭᠤᠯᠵᠤ᠂ ᠲᠡᠳᠡᠨ ᠦ ᠪᠠᠷᠠᠭᠤᠨ ᠴᠢᠬᠢᠨ ᠤ ᠳᠡᠪᠢᠰᠬᠡᠷ ᠲᠦ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤᠨ ᠳᠡᠭᠡᠷ᠎ᠡ᠂ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠡᠭᠡᠷ᠎ᠡ ᠴᠢᠰᠤᠨ ᠠᠴᠠ ᠲᠦᠷᠬᠢᠪᠡ᠃ ᠮᠣᠰᠧ ᠪᠤᠰᠤᠳ ᠴᠢᠰᠤ ᠶᠢ ᠲᠠᠬᠢᠯ ᠤᠨ ᠰᠢᠷᠡᠭᠡᠨ ᠳᠡᠭᠡᠭᠦᠷ ᠲᠣᠭᠣᠷᠢᠭᠤᠯᠤᠨ ᠰᠠᠴᠤᠪᠠ᠃ 25 ᠲᠡᠭᠡᠭᠡᠳ ᠥᠭᠡᠬᠦ᠂ ᠰᠡᠭᠦᠯ᠂ ᠪᠦᠬᠦ ᠳᠣᠲᠣᠷ ᠥᠭᠡᠬᠦ ᠶᠢ; ᠥᠨᠥᠴᠢᠨ ᠡᠯᠢᠭᠡ᠂ ᠬᠣᠶᠠᠷ ᠪᠥᠭᠡᠷ᠎ᠡ ᠶᠢ ᠥᠭᠡᠬᠦᠨ ᠦ ᠬᠢᠨᠢ ᠬᠠᠮᠲᠤ; ᠮᠥᠨ ᠪᠠᠷᠠᠭᠤᠨ ᠭᠤᠶ᠎ᠠ ᠶᠢ ᠨᠢ ᠠᠪᠤᠭᠰᠠᠨ ᠤ ᠳᠠᠷᠠᠭ᠎ᠠ᠂ 26 ᠶᠣᠬᠣᠸᠠ ᠶᠢᠨ ᠡᠮᠦᠨ᠎ᠡ ᠪᠠᠢᠭ᠎ᠠ ᠢᠰᠭᠡᠭᠡ ᠦᠭᠡᠢ ᠪᠣᠣᠪᠣ ᠶᠢᠨ ᠰᠠᠭᠰᠤᠨ ᠠᠴᠠ ᠨᠢᠭᠡ ᠢᠰᠭᠡᠭᠡ ᠦᠭᠡᠢ ᠪᠣᠣᠪᠣ᠂ ᠨᠢᠭᠡ ᠲᠣᠰᠣ ᠲᠠᠢ ᠪᠣᠣᠪᠣ ᠪᠣᠯᠣᠨ ᠨᠢᠭᠡ ᠬᠠᠭᠠᠷᠢᠭᠰᠠᠨ ᠪᠣᠣᠪᠣ ᠶᠢ ᠠᠪᠴᠤ᠂ ᠥᠭᠡᠬᠦ ᠨᠦᠭᠦᠳ ᠪᠣᠯᠣᠨ ᠪᠠᠷᠠᠭᠤᠨ ᠭᠤᠶ᠎ᠠ ᠳᠡᠭᠡᠷ᠎ᠡ ᠲᠠᠯᠪᠢᠪᠠ᠃ 27 ᠡᠨᠡ ᠪᠦᠬᠦᠨ ᠢ ᠮᠣᠰᠧ ᠠᠷᠣᠨ ᠪᠣᠯᠣᠨ ᠲᠡᠭᠦᠨ ᠦ ᠬᠥᠪᠡᠭᠦᠳ ᠦᠨ ᠭᠠᠷ ᠳᠡᠭᠡᠷ᠎ᠡ ᠲᠠᠯᠪᠢᠵᠤ᠂ ᠶᠣᠬᠣᠸᠠ ᠶᠢᠨ ᠡᠮᠦᠨ᠎ᠡ ᠳᠠᠯᠠᠯᠬᠤ ᠲᠠᠬᠢᠯ ᠪᠣᠯᠭᠠᠨ ᠲᠠᠯᠠᠯᠪᠠ᠃ 28 ᠲᠡᠭᠡᠭᠡᠳ ᠮᠣᠰᠧ ᠡᠳᠡᠭᠡᠷ ᠢ ᠲᠡᠳᠡᠨ ᠦ ᠭᠠᠷ ᠠᠴᠠ ᠠᠪᠴᠤ᠂ ᠰᠢᠲᠠᠭᠠᠯᠭᠠᠲᠤ ᠲᠠᠬᠢᠯ ᠤᠨ ᠬᠠᠮᠲᠤ ᠲᠣᠮᠢᠯᠠᠬᠤ ᠶᠣᠰᠣᠯᠠᠯ ᠤᠨ ᠲᠠᠭᠠᠯᠠᠮᠵᠢᠲᠤ ᠠᠩᠬᠢᠯᠤᠭᠤᠨ ᠦᠨᠦᠷᠲᠦ ᠲᠠᠬᠢᠯ᠂ ᠶᠣᠬᠣᠸᠠ ᠳᠤ ᠪᠠᠷᠢᠬᠤ ᠭᠠᠯ ᠤᠨ ᠲᠠᠬᠢᠯ ᠤᠨ ᠬᠤᠪᠢ ᠪᠠᠷ ᠲᠠᠬᠢᠯ ᠤᠨ ᠰᠢᠷᠡᠭᠡᠨ ᠳᠡᠭᠡᠷ᠎ᠡ ᠰᠢᠲᠠᠭᠠᠵᠠᠢ᠃ 29 ᠮᠣᠰᠧ ᠲᠣᠮᠢᠯᠠᠬᠤ ᠶᠣᠰᠣᠯᠠᠯ ᠤᠨ ᠬᠤᠴᠠ ᠠᠴᠠ ᠥᠪᠡᠷ ᠲᠤᠨᠢ ᠨᠣᠭᠳᠠᠭᠰᠠᠨ ᠬᠤᠪᠢ ᠪᠣᠯᠬᠤ ᠡᠪᠴᠢᠭᠦᠦ ᠶᠢ ᠠᠪᠴᠤ᠂ ᠶᠣᠬᠣᠸᠠ ᠶᠢᠨ ᠡᠮᠦᠨ᠎ᠡ ᠳᠠᠯᠠᠯᠬᠤ ᠲᠠᠬᠢᠯ ᠪᠣᠯᠭᠠᠨ ᠲᠠᠯᠠᠯᠪᠠ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
30 ᠮᠣᠰᠧ ᠲᠣᠰᠣᠯᠠᠯᠭ᠎ᠠ ᠶᠢᠨ ᠲᠣᠰᠣᠨ ᠠᠴᠠ ᠪᠣᠯᠣᠨ ᠲᠠᠬᠢᠯ ᠤᠨ ᠰᠢᠷᠡᠭᠡᠨ ᠳᠡᠭᠡᠷᠡᠬᠢ ᠴᠢᠰᠤᠨ ᠠᠴᠠ ᠠᠪᠴᠤ ᠠᠷᠣᠨ ᠪᠠ ᠲᠡᠭᠦᠨ ᠦ ᠬᠤᠪᠴᠠᠰᠤ᠂ ᠮᠥᠨ ᠲᠡᠭᠦᠨ ᠦ ᠬᠥᠪᠡᠭᠦᠳ ᠪᠣᠯᠣᠨ ᠲᠡᠳᠡᠨ ᠦ ᠬᠤᠪᠴᠠᠰᠤᠨ ᠳᠡᠭᠡᠷ᠎ᠡ ᠰᠠᠴᠤᠪᠠ᠃ ᠲᠡᠢᠨ ᠬᠦ ᠠᠷᠣᠨ ᠢ᠂ ᠲᠡᠭᠦᠨ ᠦ ᠬᠤᠪᠴᠠᠰᠤ ᠶᠢ᠂ ᠮᠥᠨ ᠲᠡᠭᠦᠨ ᠦ ᠬᠥᠪᠡᠭᠦᠳ ᠪᠣᠯᠣᠨ ᠲᠡᠳᠡᠨ ᠦ ᠬᠤᠪᠴᠠᠰᠤ ᠶᠢ ᠠᠷᠢᠭᠤᠰᠬᠠᠵᠠᠢ᠃
31 ᠲᠡᠭᠡᠭᠡᠳ ᠮᠣᠰᠧ ᠠᠷᠣᠨ ᠪᠣᠯᠣᠨ ᠲᠡᠭᠦᠨ ᠦ ᠬᠥᠪᠡᠭᠦᠳ ᠲᠦ᠄ 《ᠲᠠ ᠨᠠᠷ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠮᠢᠬ᠎ᠠ ᠶᠢ ᠴᠢᠨᠠᠵᠤ᠂ ᠲᠣᠮᠢᠯᠠᠬᠤ ᠶᠣᠰᠣᠯᠠᠯ ᠤᠨ ᠰᠠᠭᠰᠤᠨ ᠳᠠᠬᠢ ᠪᠣᠣᠪᠣ ᠲᠠᠢ ᠬᠠᠮᠲᠤ ᠢᠳᠡ᠃ ᠶᠣᠬᠣᠸᠠ ᠨᠠᠳᠠ ᠳᠤ᠄ 〈ᠠᠷᠣᠨ ᠪᠣᠯᠣᠨ ᠲᠡᠭᠦᠨ ᠦ ᠬᠥᠪᠡᠭᠦᠳ ᠯᠠ ᠡᠭᠦᠨ ᠢ ᠢᠳᠡᠵᠦ ᠪᠣᠯᠣᠨ᠎ᠠ〉 ᠭᠡᠵᠦ ᠬᠡᠯᠡᠭᠰᠡᠨ ᠶᠤᠮ᠃ 32 ᠭᠡᠪᠡᠴᠦ ᠲᠠ ᠨᠠᠷ ᠮᠢᠬ᠎ᠠ ᠪᠣᠯᠣᠨ ᠪᠣᠣᠪᠣ ᠶᠢᠨ ᠦᠯᠡᠳᠡᠪᠦᠷᠢ ᠢ ᠭᠠᠯ ᠳᠤ ᠰᠢᠲᠠᠭ᠎ᠠ᠃ 33 ᠭᠡᠬᠦ ᠳᠡᠭᠡᠨ ᠲᠠ ᠨᠠᠷ ᠲᠣᠮᠢᠯᠠᠬᠤ ᠶᠣᠰᠣᠯᠠᠯ 2 ᠢᠶᠠᠨ ᠳᠠᠭᠤᠰᠬᠤ ᠬᠦᠷᠲᠡᠯ᠎ᠡ᠂ ᠳᠣᠯᠣᠭ᠎ᠠ ᠬᠣᠨᠣᠭ ᠤᠨ ᠲᠤᠷᠰᠢ ᠠᠭᠤᠯᠵᠠᠯᠲᠠ ᠶᠢᠨ ᠴᠠᠴᠠᠷ ᠤᠨ ᠡᠭᠦᠳᠡᠨ ᠡᠴᠡ ᠭᠠᠳᠠᠭᠰᠢ ᠭᠠᠷᠴᠤ ᠪᠣᠯᠬᠤ ᠦᠭᠡᠢ᠃ ᠤᠴᠢᠷ ᠨᠢ ᠳᠣᠯᠣᠭᠠᠨ ᠬᠣᠨᠣᠭ ᠤᠨ ᠲᠤᠷᠰᠢ ᠶᠣᠬᠣᠸᠠ ᠲᠠ ᠨᠠᠷ ᠢ ᠲᠣᠮᠢᠯᠠᠬᠤ 3 ᠪᠣᠯᠣᠨ᠎ᠠ᠃ 34 ᠶᠣᠬᠣᠸᠠ ᠲᠠ ᠨᠠᠷ ᠤᠨ ᠲᠥᠯᠥᠭᠡ ᠭᠡᠮ ᠦᠨ ᠬᠡᠯᠲᠦᠷᠢᠭᠦᠯᠦᠯᠭᠡ ᠬᠢᠬᠦ ᠶᠣᠰᠣᠯᠠᠯ ᠢ ᠥᠨᠥᠳᠥᠷ ᠦᠨ ᠦᠢᠯᠡᠳᠦᠭᠰᠡᠨ ᠮᠡᠲᠦ ᠦᠢᠯᠡᠳᠬᠦ ᠶᠢ ᠲᠤᠰᠢᠶᠠᠭᠰᠠᠨ ᠶᠤᠮ᠃ 35 ᠲᠠ ᠨᠠᠷ ᠳᠣᠯᠣᠭᠠᠨ ᠬᠣᠨᠣᠭ ᠤᠨ ᠲᠤᠷᠰᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠡᠳᠦᠷᠵᠢᠨ ᠰᠥᠨᠢᠵᠢᠨ ᠪᠠᠢᠵᠤ᠂ ᠶᠣᠬᠣᠸᠠ ᠶᠢᠨ ᠵᠢᠭᠠᠪᠤᠷᠢ ᠶᠢ ᠰᠠᠬᠢ᠂ ᠡᠰᠡ ᠲᠡᠭᠡᠪᠡᠯ ᠦᠬᠦᠬᠦ ᠪᠣᠯᠣᠨ᠎ᠠ᠃ ᠪᠢ ᠡᠢᠮᠦ ᠲᠤᠰᠢᠶᠠᠯ ᠠᠪᠤᠭᠰᠠᠨ》 ᠭᠡᠯᠡ᠃ 36 ᠮᠣᠰᠧ ᠪᠠᠷ ᠳᠠᠮᠵᠢᠭᠤᠯᠤᠨ ᠶᠣᠬᠣᠸᠠ ᠶᠢᠨ ᠲᠤᠰᠢᠶᠠᠭᠰᠠᠨ ᠪᠦᠬᠦ ᠵᠦᠢᠯ ᠢ ᠠᠷᠣᠨ ᠪᠣᠯᠣᠨ ᠲᠡᠭᠦᠨ ᠦ ᠬᠥᠪᠡᠭᠦᠳ ᠡᠢᠨ ᠬᠦ ᠭᠦᠢᠴᠡᠳᠬᠡᠪᠡ᠃