ᠯᠧᠸᠢ ᠠᠷᠪᠠᠨ ᠳᠥᠷᠪᠡ
ᠠᠷᠠᠰᠤᠨ ᠤ ᠬᠠᠯᠳᠠᠪᠤᠷᠢᠲᠤ ᠡᠪᠡᠳᠴᠢᠨ ᠡᠴᠡ ᠴᠡᠪᠡᠷᠰᠢᠬᠦ
1 ᠶᠣᠬᠣᠸᠠ ᠮᠣᠰᠧ ᠳᠤ ᠠᠢᠯᠠᠳᠤᠨ᠄ 2 《ᠠᠷᠠᠰᠤᠨ ᠤ ᠬᠠᠯᠳᠠᠪᠤᠷᠢᠲᠤ ᠡᠪᠡᠳᠴᠢᠲᠡᠨ ᠢ ᠴᠡᠪᠡᠷᠰᠢᠭᠦᠯᠬᠦ ᠡᠳᠦᠷ ᠦᠨ ᠬᠠᠤᠯᠢ ᠪᠣᠯ ᠡᠨᠡ ᠶᠤᠮ᠄
3 ᠲᠠᠬᠢᠯᠴᠢ ᠬᠤᠸᠠᠷᠠᠨ ᠠᠴᠠ ᠭᠠᠳᠠᠭᠰᠢ ᠭᠠᠷᠴᠤ ᠲᠡᠭᠦᠨ ᠢ ᠰᠢᠯᠭᠠᠬᠤ ᠶᠣᠰᠣᠲᠠᠢ᠃ ᠬᠡᠷᠪᠡ ᠠᠷᠠᠰᠤᠨ ᠤ ᠬᠠᠯᠳᠠᠪᠤᠷᠢᠲᠤ ᠡᠪᠡᠳᠴᠢᠲᠡᠨ ᠦ ᠡᠪᠡᠳᠴᠢᠨ ᠡᠳᠡᠭᠡᠷᠡᠭᠰᠡᠨ ᠲᠣᠬᠢᠶᠠᠯᠳᠤᠯ ᠳᠤ᠂ 4 ᠲᠠᠬᠢᠯᠴᠢ ᠴᠡᠪᠡᠷᠰᠢᠭᠦᠯᠦᠯ ᠦᠨ ᠲᠥᠯᠥᠭᠡ ᠬᠡᠷᠡᠭᠯᠡᠬᠦ ᠬᠣᠶᠠᠷ ᠠᠮᠢᠳᠤ ᠴᠡᠪᠡᠷ ᠰᠢᠪᠠᠭᠤ᠂ ᠬᠤᠱᠢ ᠮᠣᠳᠣ᠂ ᠤᠯᠠᠭᠠᠨ ᠬᠦᠷᠡᠩ ᠤᠲᠠᠰᠤ᠂ ᠾᠢᠰᠣᠫ ᠵᠡᠷᠭᠡ ᠶᠢ ᠠᠪᠴᠢᠷᠠᠭᠤᠯᠵᠤ᠂ 5 ᠨᠢᠭᠡ ᠰᠢᠪᠠᠭᠤ ᠶᠢ ᠨᠢ ᠴᠡᠩᠭᠡᠭ ᠤᠰᠤᠨ ᠳᠡᠭᠡᠷ᠎ᠡ᠂ ᠰᠢᠪᠠᠷ ᠰᠠᠪᠠᠨ ᠳᠤ ᠨᠢᠳᠤᠯᠤᠭᠤᠯ᠃ 6 ᠬᠠᠷᠢᠨ ᠠᠮᠢᠳᠤ ᠰᠢᠪᠠᠭᠤ ᠶᠢ ᠨᠢ ᠬᠤᠱᠢ ᠮᠣᠳᠣ᠂ ᠤᠯᠠᠭᠠᠨ ᠬᠦᠷᠡᠩ ᠤᠲᠠᠰᠤ᠂ ᠾᠢᠰᠣᠫ ᠲᠠᠢ ᠬᠠᠮᠲᠤ ᠴᠡᠩᠭᠡᠭ ᠤᠰᠤᠨ ᠳᠡᠭᠡᠷ᠎ᠡ ᠨᠢᠳᠤᠯᠤᠭᠳᠠᠭᠰᠠᠨ ᠰᠢᠪᠠᠭᠤᠨ ᠤ ᠴᠢᠰᠤᠨ ᠳᠤ ᠳᠦᠷᠦᠵᠦ᠂ 7 ᠲᠡᠷᠡ ᠴᠢᠰᠤ ᠶᠢ ᠠᠷᠠᠰᠤᠨ ᠤ ᠬᠠᠯᠳᠠᠪᠤᠷᠢᠲᠤ ᠡᠪᠡᠳᠴᠢᠨ ᠡᠴᠡ ᠴᠡᠪᠡᠷᠰᠢᠭ᠍ᠴᠢ ᠬᠥᠮᠦᠨ ᠤᠷᠤᠭᠤ ᠳᠣᠯᠣᠭᠠᠨ ᠤᠳᠠᠭ᠎ᠠ ᠰᠠᠴᠤᠨ᠎ᠠ᠂ ᠡᠭᠦᠨ ᠦ ᠳᠠᠷᠠᠭ᠎ᠠ ᠲᠠᠬᠢᠯᠴᠢ ᠲᠡᠷᠡ ᠬᠥᠮᠦᠨ ᠢ ᠴᠡᠪᠡᠷ ᠭᠡᠵᠦ ᠵᠠᠷᠯᠠᠭᠠᠳ ᠥᠨᠥᠬᠢ ᠠᠮᠢᠳᠤ ᠰᠢᠪᠠᠭᠤ ᠶᠢ ᠬᠡᠭᠡᠷ᠎ᠡ ᠲᠠᠯ᠎ᠠ ᠳᠤ ᠰᠤᠯᠠᠯᠠᠨ ᠲᠠᠯᠪᠢᠨ᠎ᠠ᠃ 8 ᠴᠡᠪᠡᠷᠰᠢᠭ᠍ᠴᠢ ᠬᠥᠮᠦᠨ ᠬᠤᠪᠴᠠᠰᠤ ᠪᠠᠨ ᠤᠬᠢᠶᠠᠨ᠂ ᠪᠦᠬᠦ ᠦᠰᠦ ᠪᠡᠨ ᠬᠤᠰᠤᠵᠤ᠂ ᠤᠰᠤᠨ ᠳᠤ ᠣᠷᠣᠬᠤ ᠪᠥᠭᠡᠳ ᠴᠡᠪᠡᠷ ᠪᠣᠯᠣᠨ᠎ᠠ᠃ ᠡᠭᠦᠨ ᠦ ᠳᠠᠷᠠᠭ᠎ᠠ ᠲᠡᠷᠡ ᠬᠥᠮᠦᠨ ᠬᠤᠸᠠᠷᠠᠨ ᠳᠤ ᠣᠷᠣᠵᠤ ᠪᠣᠯᠣᠨ᠎ᠠ᠃ ᠭᠡᠪᠡᠴᠦ ᠳᠣᠯᠣᠭᠠᠨ ᠬᠣᠨᠣᠭ ᠤᠨ ᠲᠤᠷᠰᠢ ᠮᠠᠢᠬᠠᠨ ᠤ ᠪᠠᠨ ᠭᠠᠳᠠᠨ᠎ᠠ ᠪᠠᠢᠵᠤ᠂ 9 ᠳᠣᠯᠣᠳᠠᠬᠢ ᠡᠳᠦᠷ ᠪᠦᠬᠦ ᠦᠰᠦ ᠪᠡᠨ᠂ ᠲᠤᠬᠠᠢᠯᠠᠪᠠᠯ ᠲᠣᠯᠣᠭᠠᠢ ᠶᠢᠨ ᠦᠰᠦ᠂ ᠰᠠᠬᠠᠯ᠂ ᠬᠥᠮᠥᠰᠬᠡ ᠲᠡᠳᠦᠢ ᠦᠭᠡᠢ᠂ ᠪᠦᠬᠦ ᠦᠰᠦ ᠪᠡᠨ ᠬᠤᠰᠤᠬᠤ ᠶᠣᠰᠣᠲᠠᠢ᠃ ᠲᠡᠭᠡᠭᠡᠳ ᠬᠤᠪᠴᠠᠰᠤ ᠪᠠᠨ ᠤᠬᠢᠶᠠᠵᠤ᠂ ᠤᠰᠤᠨ ᠳᠤ ᠪᠡᠶ᠎ᠡ ᠪᠡᠨ ᠤᠬᠢᠶᠠᠬᠤ ᠪᠥᠭᠡᠳ ᠴᠡᠪᠡᠷ ᠪᠣᠯᠣᠨ᠎ᠠ᠃
10 ᠨᠠᠢ᠌ᠮᠠᠳᠠᠬᠢ ᠡᠳᠦᠷ ᠨᠢ ᠲᠡᠷᠡ ᠬᠥᠮᠦᠨ ᠰᠣᠭᠣᠭ ᠦᠭᠡᠢ ᠬᠣᠶᠠᠷ ᠡᠷ᠎ᠡ ᠬᠤᠷᠠᠭ᠎ᠠ᠂ ᠰᠣᠭᠣᠭ ᠦᠭᠡᠢ ᠨᠢᠭᠡ ᠥᠬᠢᠨ ᠬᠤᠷᠠᠭ᠎ᠠ ᠲᠠᠢ ᠬᠠᠮᠲᠤ ᠢᠳᠡᠭᠡᠨ ᠲᠠᠬᠢᠯ ᠳᠤ ᠵᠣᠷᠢᠭᠤᠯᠤᠨ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠭᠤᠷᠪᠠ 5 ᠶᠢᠨ ᠨᠠᠷᠢᠯᠢᠭ᠋ ᠭᠤᠯᠢᠷ ᠬᠢᠭᠡᠳ ᠨᠢᠭᠡ ᠯᠣᠭ 6 ᠲᠣᠰᠣ ᠠᠪᠴᠢᠷᠠᠬᠤ ᠶᠣᠰᠣᠲᠠᠢ᠃ 11 ᠴᠡᠪᠡᠷᠰᠢᠭᠦᠯᠦᠯ ᠬᠢᠬᠦ ᠲᠠᠬᠢᠯᠴᠢ ᠡᠴᠡ ᠴᠡᠪᠡᠷᠰᠢᠭ᠍ᠴᠢ ᠬᠥᠮᠦᠨ ᠢ ᠡᠷᠭᠦᠯ ᠤᠳ ᠲᠠᠢ ᠨᠢ ᠬᠠᠮᠲᠤ ᠶᠣᠬᠣᠸᠠ ᠶᠢᠨ ᠡᠮᠦᠨ᠎ᠡ᠂ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠵᠣᠭᠰᠣᠭᠠᠨ᠎ᠠ᠃ 12 ᠲᠡᠭᠡᠭᠡᠳ ᠲᠠᠬᠢᠯᠴᠢ ᠨᠢᠭᠡ ᠡᠷ᠎ᠡ ᠬᠤᠷᠠᠭ᠎ᠠ ᠶᠢ ᠨᠢ ᠠᠪᠴᠢᠷᠠᠵᠤ᠂ ᠨᠢᠭᠡ ᠯᠣᠭ ᠲᠣᠰᠣ ᠲᠠᠢ ᠬᠠᠮᠲᠤ ᠭᠡᠮ ᠦᠨ ᠲᠠᠬᠢᠯ ᠪᠣᠯᠭᠠᠨ ᠡᠷᠭᠦᠨ᠎ᠡ᠃ ᠲᠡᠳᠡᠭᠡᠷ ᠨᠢ ᠳᠠᠯᠠᠯᠬᠤ ᠲᠠᠬᠢᠯ ᠪᠣᠯᠬᠣᠷ ᠶᠣᠬᠣᠸᠠ ᠶᠢᠨ ᠡᠮᠦᠨ᠎ᠡ ᠳᠠᠯᠠᠯᠬᠤ ᠶᠣᠰᠣᠲᠠᠢ᠃ 13 ᠥᠨᠥᠬᠢ ᠬᠤᠷᠠᠭ᠎ᠠ ᠨᠢ ᠨᠢᠭᠦᠯ ᠦᠨ ᠲᠠᠬᠢᠯ ᠪᠣᠯᠣᠨ ᠰᠢᠲᠠᠭᠠᠯᠭᠠᠲᠤ ᠲᠠᠬᠢᠯ ᠢ ᠨᠢᠲᠤᠯᠳᠠᠭ ᠠᠷᠢᠭᠤᠨ ᠭᠠᠵᠠᠷ ᠳᠡᠭᠡᠷ᠎ᠡ ᠨᠢᠳᠤᠯᠤᠭᠳᠠᠨᠠ᠃ ᠨᠢᠭᠦᠯ ᠦᠨ ᠲᠠᠬᠢᠯ ᠤᠨ ᠠᠳᠠᠯᠢ ᠪᠠᠷ ᠭᠡᠮ ᠦᠨ ᠲᠠᠬᠢᠯ ᠴᠤ ᠲᠠᠬᠢᠯᠴᠢ ᠶᠢᠨ ᠬᠤᠪᠢ ᠪᠥᠭᠡᠳ ᠠᠷᠢᠭᠤᠨ ᠠᠴᠠ ᠠᠷᠢᠭᠤᠨ ᠶᠤᠮ᠃ 14 ᠲᠠᠬᠢᠯᠴᠢ ᠭᠡᠮ ᠦᠨ ᠲᠠᠬᠢᠯ ᠤᠨ ᠴᠢᠰᠤᠨ ᠠᠴᠠ ᠠᠪᠴᠤ᠂ ᠴᠡᠪᠡᠷᠰᠢᠭ᠍ᠴᠢ ᠶᠢᠨ ᠪᠠᠷᠠᠭᠤᠨ ᠴᠢᠬᠢᠨ ᠤ ᠳᠡᠪᠢᠰᠬᠡᠷ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤ᠂ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠤ ᠲᠦᠷᠬᠢᠨ᠎ᠡ᠃ 15 ᠲᠠᠬᠢᠯᠴᠢ ᠪᠠᠰᠠ ᠨᠢᠭᠡ ᠯᠣᠭ ᠲᠣᠰᠣᠨ ᠠᠴᠠ ᠠᠪᠴᠤ᠂ ᠵᠡᠭᠦᠨ ᠭᠠᠷ ᠤᠨ ᠢᠶᠠᠨ ᠠᠯᠠᠭᠠᠨ ᠳᠤ ᠴᠢᠳᠬᠤᠭᠠᠳ᠂ 16 ᠪᠠᠷᠠᠭᠤᠨ ᠭᠠᠷ ᠤᠨ ᠢᠶᠠᠨ ᠬᠤᠷᠤᠭᠤ ᠶᠢ ᠵᠡᠭᠦᠨ ᠠᠯᠠᠭᠠᠨ ᠳᠠᠬᠢ ᠲᠣᠰᠣᠨ ᠳᠤ ᠳᠦᠷᠦᠵᠦ᠂ ᠲᠣᠰᠣ ᠶᠢ ᠬᠤᠷᠤᠭᠤ ᠪᠠᠷ ᠢᠶᠠᠨ ᠶᠣᠬᠣᠸᠠ ᠶᠢᠨ ᠡᠮᠦᠨ᠎ᠡ ᠳᠣᠯᠣᠭᠠᠨ ᠤᠳᠠᠭ᠎ᠠ ᠰᠠᠴᠤᠨ᠎ᠠ᠃ 17 ᠠᠯᠠᠭᠠᠨ ᠳᠠᠬᠢ ᠦᠯᠡᠳᠡᠭᠰᠡᠨ ᠲᠣᠰᠣᠨ ᠠᠴᠠ ᠪᠠᠨ ᠬᠡᠰᠡᠭ ᠢ ᠴᠡᠪᠡᠷᠰᠢᠭ᠍ᠴᠢ ᠶᠢᠨ ᠪᠠᠷᠠᠭᠤᠨ ᠴᠢᠬᠢᠨ ᠤ ᠳᠡᠪᠢᠰᠬᠡᠷ ᠲᠦ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤ᠂ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠤ ᠭᠡᠮ ᠦᠨ ᠲᠠᠬᠢᠯ ᠤᠨ ᠴᠢᠰᠤᠨ ᠳᠡᠭᠡᠭᠦᠷ ᠳᠠᠪᠬᠤᠷ ᠲᠦᠷᠬᠢᠨ᠎ᠡ᠃ 18 ᠬᠠᠷᠢᠨ ᠲᠠᠬᠢᠯᠴᠢ ᠶᠢᠨ ᠠᠯᠠᠭᠠᠨ ᠳᠤ ᠦᠯᠡᠳᠡᠭᠰᠡᠨ ᠲᠣᠰᠣ ᠶᠢ ᠴᠡᠪᠡᠷᠰᠢᠭ᠍ᠴᠢ ᠶᠢᠨ ᠲᠣᠯᠣᠭᠠᠢ ᠳᠡᠭᠡᠷ᠎ᠡ ᠠᠰᠬᠠᠨ᠎ᠠ᠃ ᠡᠢᠨ ᠬᠦ ᠲᠠᠬᠢᠯᠴᠢ ᠶᠣᠬᠣᠸᠠ ᠶᠢᠨ ᠡᠮᠦᠨ᠎ᠡ ᠲᠡᠭᠦᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠨ᠎ᠡ᠃ 19 ᠡᠭᠦᠨ ᠦ ᠳᠠᠷᠠᠭ᠎ᠠ ᠲᠠᠬᠢᠯᠴᠢ ᠨᠢᠭᠦᠯ ᠦᠨ ᠲᠠᠬᠢᠯ ᠡᠷᠭᠦᠵᠦ᠂ ᠪᠤᠵᠠᠷ ᠠᠴᠠ ᠪᠠᠨ ᠴᠡᠪᠡᠷᠰᠢᠭ᠍ᠴᠢ ᠬᠥᠮᠦᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠬᠦ ᠪᠣᠯᠣᠨ᠎ᠠ᠃ ᠲᠡᠭᠡᠭᠡᠳ ᠰᠢᠲᠠᠭᠠᠯᠭᠠᠲᠤ ᠲᠠᠬᠢᠯ ᠤᠨ ᠮᠠᠯ ᠢ ᠨᠢᠲᠤᠯᠵᠤ᠂ 20 ᠲᠠᠬᠢᠯᠴᠢ ᠨᠢ ᠰᠢᠲᠠᠭᠠᠯᠭᠠᠲᠤ ᠲᠠᠬᠢᠯ ᠪᠣᠯᠣᠨ ᠢᠳᠡᠭᠡᠨ ᠲᠠᠬᠢᠯ ᠢ ᠲᠠᠬᠢᠯ ᠤᠨ ᠰᠢᠷᠡᠭᠡᠨ ᠳᠡᠭᠡᠷ᠎ᠡ ᠡᠷᠭᠦᠨ᠎ᠡ᠃ ᠡᠢᠨ ᠬᠦ ᠲᠠᠬᠢᠯᠴᠢ ᠲᠡᠭᠦᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠬᠥᠮᠦᠨ ᠴᠡᠪᠡᠷ ᠪᠣᠯᠣᠨ᠎ᠠ᠃
21 ᠬᠡᠷᠪᠡ ᠲᠡᠷᠡ ᠬᠥᠮᠦᠨ ᠨᠢ ᠶᠠᠳᠠᠭᠤ ᠠᠴᠠ ᠪᠣᠯᠵᠤ ᠡᠭᠦᠨ ᠢ ᠠᠪᠴᠢᠷᠠᠬᠤ ᠴᠢᠳᠠᠯ ᠦᠭᠡᠢ ᠪᠠᠢᠪᠠᠯ᠂ ᠥᠪᠡᠷ ᠦᠨ ᠢᠶᠠᠨ ᠲᠥᠯᠥᠭᠡ ᠬᠡᠯᠲᠦᠷᠢᠭᠦᠯᠦᠯᠭᠡ ᠶᠢ ᠬᠢᠯᠭᠡᠬᠦ ᠶᠢᠨ ᠲᠤᠯᠠᠳᠠ ᠳᠠᠯᠠᠯᠵᠤ ᠡᠷᠭᠦᠬᠦ ᠭᠡᠮ ᠦᠨ ᠲᠠᠬᠢᠯ ᠳᠠᠭᠠᠨ ᠨᠢᠭᠡ ᠡᠷ᠎ᠡ ᠬᠤᠷᠠᠭ᠎ᠠ᠂ ᠢᠳᠡᠭᠡᠨ ᠲᠠᠬᠢᠯ ᠳᠠᠭᠠᠨ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠨᠢᠭᠡ 7 ᠶᠢᠨ ᠨᠠᠷᠢᠯᠢᠭ᠋ ᠭᠤᠯᠢᠷ ᠢ ᠨᠢᠭᠡ ᠯᠣᠭ ᠲᠣᠰᠣ ᠲᠠᠢ ᠬᠠᠮᠲᠤ ᠠᠪᠴᠢᠷᠠᠬᠤ ᠪᠥᠭᠡᠳ 22 ᠮᠥᠨ ᠴᠢᠳᠠᠯ ᠤᠨ ᠢᠶᠠᠨ ᠬᠢᠷᠢ ᠪᠠᠷ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠠᠪᠴᠤ ᠨᠢᠭᠡ ᠶᠢ ᠨᠢ ᠨᠢᠭᠦᠯ ᠦᠨ ᠲᠠᠬᠢᠯ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠪᠣᠯᠭᠠᠨ ᠡᠷᠭᠦᠵᠦ ᠪᠣᠯᠣᠨ᠎ᠠ᠃ 23 ᠲᠡᠷᠡ ᠬᠥᠮᠦᠨ ᠡᠳᠡᠭᠡᠷ ᠢ ᠴᠡᠪᠡᠷᠰᠢᠯᠲᠡ ᠳᠡᠭᠡᠨ ᠵᠣᠷᠢᠭᠤᠯᠤᠨ ᠨᠠᠢ᠌ᠮᠠᠳᠠᠬᠢ ᠡᠳᠦᠷ ᠶᠣᠬᠣᠸᠠ ᠶᠢᠨ ᠡᠮᠦᠨ᠎ᠡ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠲᠠᠬᠢᠯᠴᠢ ᠳᠤ ᠠᠪᠴᠢᠷᠠᠬᠤ ᠶᠣᠰᠣᠲᠠᠢ᠃ 24 ᠲᠠᠬᠢᠯᠴᠢ ᠭᠡᠮ ᠦᠨ ᠲᠠᠬᠢᠯ ᠤᠨ ᠬᠤᠷᠠᠭ᠎ᠠ ᠪᠣᠯᠣᠨ ᠨᠢᠭᠡ ᠯᠣᠭ ᠲᠣᠰᠣ ᠶᠢ ᠠᠪᠴᠤ᠂ ᠳᠠᠯᠠᠯᠬᠤ ᠲᠠᠬᠢᠯ ᠪᠣᠯᠭᠠᠨ ᠶᠣᠬᠣᠸᠠ ᠶᠢᠨ ᠡᠮᠦᠨ᠎ᠡ ᠳᠠᠯᠠᠯᠤᠭᠰᠠᠨ ᠤ ᠳᠠᠷᠠᠭ᠎ᠠ᠂ 25 ᠭᠡᠮ ᠦᠨ ᠲᠠᠬᠢᠯ ᠤᠨ ᠬᠤᠷᠠᠭ᠎ᠠ ᠶᠢ ᠨᠢᠳᠤᠯᠤᠨᠠ᠃ ᠲᠠᠬᠢᠯᠴᠢ ᠭᠡᠮ ᠦᠨ ᠲᠠᠬᠢᠯ ᠤᠨ ᠴᠢᠰᠤᠨ ᠠᠴᠠ ᠠᠪᠤᠭᠠᠳ᠂ ᠴᠡᠪᠡᠷᠰᠢᠭ᠍ᠴᠢ ᠬᠥᠮᠦᠨ ᠦ ᠪᠠᠷᠠᠭᠤᠨ ᠴᠢᠬᠢᠨ ᠤ ᠳᠡᠪᠢᠰᠬᠡᠷ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤ᠂ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠡᠭᠡᠷ᠎ᠡ ᠨᠢᠯᠠᠬᠤ ᠪᠥᠭᠡᠳ 26 ᠥᠨᠥᠬᠢ ᠲᠣᠰᠣᠨ ᠠᠴᠠ ᠨᠢ ᠵᠡᠭᠦᠨ ᠭᠠᠷ ᠤᠨ ᠢᠶᠠᠨ ᠠᠯᠠᠭᠠᠨ ᠳᠤ ᠠᠰᠬᠠᠭᠠᠳ᠂ 27 ᠪᠠᠷᠠᠭᠤᠨ ᠭᠠᠷ ᠤᠨ ᠢᠶᠠᠨ ᠬᠤᠷᠤᠭᠤ ᠪᠠᠷ ᠵᠡᠭᠦᠨ ᠠᠯᠠᠭᠠᠨ ᠳᠠᠬᠢ ᠲᠣᠰᠣᠨ ᠠᠴᠠ ᠠᠪᠴᠤ ᠶᠣᠬᠣᠸᠠ ᠶᠢᠨ ᠡᠮᠦᠨ᠎ᠡ ᠳᠣᠯᠣᠭᠠᠨ ᠤᠳᠠᠭ᠎ᠠ ᠰᠠᠴᠤᠨ᠎ᠠ᠃ 28 ᠲᠠᠬᠢᠯᠴᠢ ᠴᠡᠪᠡᠷᠰᠢᠭ᠍ᠴᠢ ᠬᠥᠮᠦᠨ ᠦ ᠪᠠᠷᠠᠭᠤᠨ ᠴᠢᠬᠢᠨ ᠤ ᠳᠡᠪᠢᠰᠬᠡᠷ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤ᠂ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠡᠭᠡᠷ᠎ᠡ᠂ ᠠᠯᠠᠭᠠᠨ ᠳᠠᠭᠠᠨ ᠪᠠᠢᠭ᠎ᠠ ᠲᠣᠰᠣᠨ ᠠᠴᠠ ᠭᠡᠮ ᠦᠨ ᠲᠠᠬᠢᠯ ᠤᠨ ᠴᠢᠰᠤᠨ ᠳᠡᠭᠡᠭᠦᠷ ᠳᠠᠪᠬᠤᠷ ᠲᠦᠷᠬᠢᠬᠦ ᠪᠥᠭᠡᠳ 29 ᠠᠯᠠᠭᠠᠨ ᠳᠠᠭᠠᠨ ᠦᠯᠡᠳᠡᠭᠰᠡᠨ ᠲᠣᠰᠣ ᠶᠢ ᠴᠡᠪᠡᠷᠰᠢᠭ᠍ᠴᠢ ᠬᠥᠮᠦᠨ ᠦ ᠲᠣᠯᠣᠭᠠᠢ ᠳᠡᠭᠡᠷ᠎ᠡ ᠠᠰᠬᠠᠵᠤ ᠲᠡᠭᠦᠨ ᠦ ᠲᠥᠯᠥᠭᠡ ᠶᠣᠬᠣᠸᠠ ᠶᠢᠨ ᠡᠮᠦᠨ᠎ᠡ ᠭᠡᠮ ᠦᠨ ᠬᠡᠯᠲᠦᠷᠢᠭᠦᠯᠦᠯᠭᠡ ᠶᠢ ᠬᠢᠬᠦ ᠪᠣᠯᠣᠨ᠎ᠠ᠃ 30 ᠲᠡᠭᠡᠭᠡᠳ ᠥᠨᠥᠬᠢ ᠬᠥᠮᠦᠨ ᠦ ᠴᠢᠳᠠᠯ ᠤᠨ ᠢᠶᠠᠨ ᠬᠢᠷᠢ ᠪᠠᠷ ᠠᠪᠴᠢᠷᠠᠭᠰᠠᠨ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠳᠡᠭᠳᠡᠭᠡᠬᠡᠢ ᠶᠢ ᠠᠪᠴᠤ᠂ 31 ᠨᠢᠭᠡ ᠶᠢ ᠨᠢ ᠨᠢᠭᠦᠯ ᠦᠨ ᠲᠠᠬᠢᠯ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠪᠣᠯᠭᠠᠨ ᠢᠳᠡᠭᠡᠨ ᠲᠠᠬᠢᠯ ᠤᠨ ᠬᠠᠮᠲᠤ ᠡᠷᠭᠦᠬᠦ ᠪᠣᠯᠣᠨ᠎ᠠ᠃ ᠡᠢᠨ ᠬᠦ ᠲᠠᠬᠢᠯᠴᠢ ᠴᠡᠪᠡᠷᠰᠢᠭ᠍ᠴᠢ ᠬᠥᠮᠦᠨ ᠦ ᠲᠥᠯᠥᠭᠡ ᠶᠣᠬᠣᠸᠠ ᠶᠢᠨ ᠡᠮᠦᠨ᠎ᠡ ᠭᠡᠮ ᠦᠨ ᠬᠡᠯᠲᠦᠷᠢᠭᠦᠯᠦᠯᠭᠡ ᠶᠢ ᠬᠢᠨ᠎ᠡ᠃ 32 ᠡᠳᠡᠭᠡᠷ ᠨᠢ ᠠᠷᠠᠰᠤᠨ ᠤ ᠬᠠᠯᠳᠠᠪᠤᠷᠢᠲᠤ ᠡᠪᠡᠳᠴᠢᠨ ᠲᠤᠰᠤᠭᠠᠳ ᠥᠪᠡᠷ ᠦᠨ ᠢᠶᠠᠨ ᠴᠢᠳᠠᠯ ᠢᠶᠠᠷ ᠴᠡᠪᠡᠷᠰᠢᠯᠲᠡ ᠤᠨ ᠡᠷᠭᠦᠯ ᠢ ᠠᠪᠴᠢᠷᠠᠵᠤ ᠴᠢᠳᠠᠬᠤ ᠦᠭᠡᠢ ᠬᠥᠮᠦᠨ ᠳᠦ ᠵᠣᠷᠢᠭᠤᠯᠤᠭᠰᠠᠨ ᠬᠠᠤᠯᠢ ᠶᠤᠮ》 ᠭᠡᠪᠡ᠃
ᠬᠠᠯᠳᠠᠪᠤᠷᠢᠲᠤ ᠬᠥᠭᠡᠴᠦ ᠡᠴᠡ ᠴᠡᠪᠡᠷᠰᠢᠬᠦ
33 ᠮᠣᠰᠧ᠂ ᠠᠷᠣᠨ ᠳᠤ ᠶᠣᠬᠣᠸᠠ ᠠᠢᠯᠠᠳᠤᠨ᠄
34 《ᠲᠠ ᠨᠠᠷ ᠤᠨ ᠥᠮᠴᠢ ᠪᠣᠯᠭᠠᠨ ᠮᠢᠨᠦ ᠥᠭᠬᠦ ᠺᠠᠨᠠᠨ ᠨᠤᠲᠤᠭ ᠲᠤ ᠲᠠ ᠨᠠᠷ ᠣᠷᠣᠭᠰᠠᠨ ᠤ ᠳᠠᠷᠠᠭ᠎ᠠ᠂ ᠬᠡᠷᠪᠡ ᠲᠠ ᠨᠠᠷ ᠤᠨ ᠥᠮᠴᠢ ᠪᠣᠯᠣᠭᠰᠠᠨ ᠲᠡᠷᠡ ᠨᠤᠲᠤᠭ ᠤᠨ ᠠᠯᠢ ᠨᠢᠭᠡ ᠪᠠᠢᠰᠢᠩ ᠳᠤ ᠪᠢ ᠬᠥᠭᠡᠴᠦ ᠶᠢᠨ ᠲᠣᠯᠪᠣ ᠶᠢ ᠲᠠᠯᠪᠢᠪᠠᠯ᠂ 35 ᠲᠡᠷᠡ ᠪᠠᠢᠰᠢᠩ ᠤᠨ ᠡᠵᠡᠨ ᠲᠠᠬᠢᠯᠴᠢ ᠳᠤ ᠣᠴᠢᠵᠤ 〈ᠪᠠᠢᠰᠢᠩ ᠳᠤ ᠮᠢᠨᠢ ᠬᠥᠭᠡᠴᠦ ᠮᠡᠲᠦ ᠵᠦᠢᠯ ᠬᠠᠷᠠᠭᠲᠠᠯᠠ〉 ᠭᠡᠵᠦ ᠬᠡᠯᠡᠬᠦ ᠶᠣᠰᠣᠲᠠᠢ᠃ 36 ᠲᠠᠬᠢᠯᠴᠢ ᠬᠥᠭᠡᠴᠦ ᠶᠢ ᠦᠵᠡᠬᠦ ᠪᠡᠷ ᠣᠴᠢᠬᠤ ᠶᠢᠨ ᠡᠮᠦᠨ᠎ᠡ ᠲᠡᠷᠡ ᠪᠠᠢᠰᠢᠩ ᠢ ᠰᠤᠯᠠᠯᠠᠬᠤ ᠶᠢ ᠲᠤᠰᠢᠶᠠᠬᠤ ᠶᠣᠰᠣᠲᠠᠢ᠂ ᠡᠰᠡ ᠲᠡᠭᠡᠪᠡᠯ ᠪᠠᠢᠰᠢᠩ ᠳᠣᠲᠣᠷᠠᠬᠢ ᠪᠦᠬᠦ ᠵᠦᠢᠯ ᠪᠤᠵᠠᠷ ᠲᠤ ᠲᠣᠭᠠᠴᠠᠭᠳᠠᠨ᠎ᠠ᠃ ᠪᠠᠢᠰᠢᠩ ᠢ ᠰᠤᠯᠠᠯᠠᠭᠰᠠᠨ ᠤ ᠳᠠᠷᠠᠭ᠎ᠠ ᠯᠠ ᠲᠠᠬᠢᠯᠴᠢ ᠣᠴᠢᠵᠤ ᠦᠵᠡᠵᠦ ᠪᠣᠯᠣᠨ᠎ᠠ᠃ 37 ᠲᠡᠷᠡ ᠪᠡᠷ ᠬᠠᠨᠠᠨ ᠳᠡᠭᠡᠷᠡᠬᠢ ᠬᠥᠭᠡᠴᠦ ᠶᠢ ᠦᠵᠡᠬᠦ ᠳᠦ᠂ ᠬᠡᠷᠪᠡ ᠨᠣᠭᠣᠭᠠᠪᠲᠤᠷ᠂ ᠡᠰᠡᠪᠡᠯ ᠤᠯᠠᠪᠤᠷ ᠬᠣᠩ᠋ᠬᠣᠷ ᠲᠣᠯᠪᠣ ᠲᠠᠢ ᠪᠥᠭᠡᠳ ᠬᠣᠲᠣᠢᠵᠤ ᠬᠠᠷᠠᠭᠳᠠᠪᠠᠯ 38 ᠲᠠᠬᠢᠯᠴᠢ ᠪᠠᠢᠰᠢᠩ ᠤᠨ ᠡᠭᠦᠳᠡ ᠪᠡᠷ ᠭᠠᠷᠴᠤ᠂ ᠨᠥᠭᠥᠭᠡ ᠪᠠᠢᠰᠢᠩ ᠢ ᠳᠣᠯᠣᠭᠠᠨ ᠬᠣᠨᠣᠭ ᠢᠶᠠᠷ ᠲᠤᠰᠠᠭᠠᠷᠯᠠᠬᠤ ᠶᠣᠰᠣᠲᠠᠢ᠃ 39 ᠲᠠᠬᠢᠯᠴᠢ ᠳᠣᠯᠣᠳᠠᠬᠢ ᠡᠳᠦᠷ ᠪᠤᠴᠠᠵᠤ ᠢᠷᠡᠭᠡᠳ ᠦᠵᠡᠬᠦ ᠳᠦ᠂ ᠬᠡᠷᠪᠡ ᠤᠭ ᠬᠥᠭᠡᠴᠦ ᠪᠠᠢᠰᠢᠩ ᠤᠨ ᠬᠠᠨᠠᠨ ᠳᠡᠭᠡᠭᠦᠷ ᠲᠠᠷᠬᠠᠭᠰᠠᠨ ᠪᠠᠢᠪᠠᠯ᠂ 40 ᠬᠥᠭᠡᠴᠦ ᠲᠠᠢ ᠴᠢᠯᠠᠭᠤ ᠨᠤᠭᠤᠳ ᠢ ᠰᠠᠯᠭᠠᠨ ᠠᠪᠴᠤ᠂ ᠬᠣᠲᠠ ᠶᠢᠨ ᠭᠠᠳᠠᠨ᠎ᠠ ᠪᠤᠵᠠᠷ ᠭᠠᠵᠠᠷ ᠲᠤ ᠬᠠᠶᠠᠬᠤ ᠶᠢ ᠲᠤᠰᠢᠶᠠᠬᠤ ᠪᠥᠭᠡᠳ 41 ᠲᠡᠷᠡ ᠪᠠᠢᠰᠢᠩ ᠳᠣᠲᠣᠷᠠᠬᠢ ᠪᠦᠬᠦ ᠬᠠᠨ᠎ᠠ ᠶᠢ ᠬᠤᠰᠤᠭᠤᠯᠤᠭᠠᠳ᠂ ᠬᠤᠰᠤᠵᠤ ᠠᠪᠤᠭᠰᠠᠨ ᠴᠣᠬᠣᠢ ᠶᠢ ᠬᠣᠲᠠ ᠶᠢᠨ ᠭᠠᠳᠠᠨ᠎ᠠ ᠪᠤᠵᠠᠷ ᠭᠠᠵᠠᠷ ᠲᠤ ᠠᠰᠬᠠᠭᠤᠯᠤᠨᠠ᠃ 42 ᠲᠡᠳᠡᠭᠡᠷ ᠴᠢᠯᠠᠭᠤᠨ ᠤ ᠣᠷᠣᠨ ᠳᠤ ᠥᠭᠡᠷ᠎ᠡ ᠴᠢᠯᠠᠭᠤ ᠨᠤᠭᠤᠳ ᠢ ᠪᠠᠢᠷᠢᠯᠠᠭᠤᠯᠵᠤ᠂ ᠲᠡᠷᠡ ᠪᠠᠢᠰᠢᠩ ᠢ ᠥᠭᠡᠷ᠎ᠡ ᠴᠣᠬᠣᠢ ᠪᠠᠷ ᠳᠠᠬᠢᠨ ᠴᠣᠬᠣᠢᠳᠠᠬᠤ ᠶᠣᠰᠣᠲᠠᠢ᠃
43 ᠬᠠᠷᠢᠨ ᠴᠢᠯᠠᠭᠤ ᠨᠤᠭᠤᠳ ᠢ ᠨᠢ ᠰᠠᠯᠭᠠᠨ᠂ ᠪᠠᠢᠰᠢᠩ ᠢ ᠬᠤᠰᠤᠭᠠᠳ᠂ ᠳᠠᠬᠢᠨ ᠴᠣᠬᠣᠢᠳᠠᠭᠰᠠᠨ ᠤ ᠳᠠᠷᠠᠭ᠎ᠠ ᠬᠥᠭᠡᠴᠦ ᠪᠠᠢᠰᠢᠩ ᠳᠤ ᠳᠠᠬᠢᠨ ᠭᠠᠷᠴᠤ ᠲᠠᠷᠬᠠᠪᠠᠯ᠂ 44 ᠲᠠᠬᠢᠯᠴᠢ ᠣᠴᠢᠵᠤ ᠦᠵᠡᠬᠦ ᠶᠣᠰᠣᠲᠠᠢ᠃ ᠬᠡᠷᠪᠡ ᠪᠠᠢᠰᠢᠩ ᠳᠤ ᠬᠥᠭᠡᠴᠦ ᠦᠨᠡᠬᠡᠷ ᠲᠠᠷᠬᠠᠭᠰᠠᠨ ᠪᠠᠢᠪᠠᠯ ᠡᠨᠡ ᠨᠢ ᠬᠣᠣᠷᠲᠠᠢ ᠬᠥᠭᠡᠴᠦ ᠮᠥᠨ᠂ ᠲᠡᠷᠡ ᠪᠠᠢᠰᠢᠩ ᠪᠤᠵᠠᠷᠲᠤᠭᠰᠠᠨ ᠠᠵᠢ᠃ 45 ᠲᠡᠷᠡ ᠪᠠᠢᠰᠢᠩ ᠢ ᠴᠢᠯᠠᠭᠤ ᠨᠤᠭᠤᠳ᠂ ᠳ᠋ᠦᠨᠵᠡ ᠪᠣᠯᠣᠨ ᠪᠦᠬᠦ ᠰᠢᠪᠠᠭᠠᠰᠤ ᠲᠠᠢ ᠨᠢ ᠬᠠᠮᠲᠤ ᠪᠠᠭᠤᠯᠭᠠᠭᠠᠳ ᠬᠣᠲᠠ ᠶᠢᠨ ᠭᠠᠳᠠᠨ᠎ᠠ ᠪᠤᠵᠠᠷ ᠭᠠᠵᠠᠷ ᠤᠷᠤᠭᠤ ᠵᠥᠭᠡᠭᠡᠨ ᠠᠪᠠᠴᠢᠬᠤ ᠶᠣᠰᠣᠲᠠᠢ᠃ 46 ᠲᠤᠰᠠᠭᠠᠷᠯᠠᠵᠤ ᠪᠠᠢᠬᠤ ᠬᠤᠭᠤᠴᠠᠭᠠᠨ ᠳᠤ ᠪᠠᠢᠰᠢᠩ ᠳᠤ ᠣᠷᠣᠭᠰᠠᠨ ᠬᠥᠮᠦᠨ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃ 47 ᠲᠡᠷᠡ ᠪᠠᠢᠰᠢᠩ ᠳᠣᠲᠣᠷ᠎ᠠ ᠬᠡᠪᠲᠡᠭᠰᠡᠨ ᠬᠥᠮᠦᠨ ᠬᠤᠪᠴᠠᠰᠤ ᠪᠠᠨ ᠤᠬᠢᠶᠠᠬᠤ ᠪᠥᠭᠡᠳ ᠲᠡᠭᠦᠨ ᠳᠣᠲᠣᠷ᠎ᠠ ᠢᠳᠡᠭᠰᠡᠨ ᠬᠥᠮᠦᠨ ᠴᠤ ᠬᠤᠪᠴᠠᠰᠤ ᠪᠠᠨ ᠤᠬᠢᠶᠠᠬᠤ ᠶᠣᠰᠣᠲᠠᠢ᠃
48 ᠬᠠᠷᠢᠨ ᠲᠠᠬᠢᠯᠴᠢ ᠳᠣᠲᠣᠭᠰᠢ ᠣᠷᠣᠵᠤ ᠦᠵᠡᠬᠦ ᠳᠦ᠂ ᠪᠠᠢᠰᠢᠩ ᠢ ᠳᠠᠬᠢᠨ ᠴᠣᠬᠣᠢᠳᠠᠭᠰᠠᠨ ᠤ ᠳᠠᠷᠠᠭ᠎ᠠ᠂ ᠪᠠᠢᠰᠢᠩ ᠳᠤ ᠬᠥᠭᠡᠴᠦ ᠦᠨᠡᠬᠡᠷ ᠲᠠᠷᠬᠠᠭ᠎ᠠ ᠦᠭᠡᠢ ᠪᠠᠢᠬᠤ ᠲᠣᠬᠢᠶᠠᠯᠳᠤᠯ ᠳᠤ᠂ ᠬᠥᠭᠡᠴᠦ ᠠᠷᠢᠯᠤᠭᠰᠠᠨ ᠪᠣᠯᠬᠣᠷ ᠲᠠᠬᠢᠯᠴᠢ ᠲᠡᠷᠡ ᠪᠠᠢᠰᠢᠩ ᠢ ᠴᠡᠪᠡᠷ ᠭᠡᠵᠦ ᠵᠠᠷᠯᠠᠬᠤ ᠪᠣᠯᠣᠨ᠎ᠠ᠃ 49 ᠲᠡᠷᠡ ᠪᠠᠢᠰᠢᠩ ᠤᠨ ᠴᠡᠪᠡᠷᠰᠢᠭᠦᠯᠦᠯ ᠢ ᠬᠢᠬᠦ ᠶᠢᠨ ᠲᠤᠯᠠᠳᠠ ᠬᠣᠶᠠᠷ ᠰᠢᠪᠠᠭᠤ᠂ ᠬᠤᠱᠢ ᠮᠣᠳᠣ᠂ ᠤᠯᠠᠭᠠᠨ ᠬᠦᠷᠡᠩ ᠤᠲᠠᠰᠤ᠂ ᠾᠢᠰᠣᠫ ᠢ ᠠᠪᠴᠢᠷᠠᠭᠤᠯᠤᠨᠠ᠃ 50 ᠨᠢᠭᠡ ᠰᠢᠪᠠᠭᠤ ᠶᠢ ᠨᠢ ᠴᠡᠩᠭᠡᠭ ᠤᠰᠤᠨ ᠳᠡᠭᠡᠷ᠎ᠡ ᠰᠢᠪᠠᠷ ᠰᠠᠪᠠᠨ ᠳᠤ ᠨᠢᠲᠤᠯᠬᠤ ᠪᠥᠭᠡᠳ 51 ᠬᠤᠱᠢ ᠮᠣᠳᠣ᠂ ᠾᠢᠰᠣᠫ᠂ ᠤᠯᠠᠭᠠᠨ ᠬᠦᠷᠡᠩ ᠤᠲᠠᠰᠤ ᠶᠢ ᠠᠮᠢᠳᠤ ᠰᠢᠪᠠᠭᠤ ᠲᠠᠢ ᠬᠠᠮᠲᠤ ᠠᠪᠴᠤ᠂ ᠨᠢᠳᠤᠯᠤᠭᠳᠠᠭᠰᠠᠨ ᠰᠢᠪᠠᠭᠤᠨ ᠤ ᠴᠢᠰᠤ ᠪᠣᠯᠣᠨ ᠴᠡᠩᠭᠡᠭ ᠤᠰᠤᠨ ᠳᠤ ᠳᠦᠷᠦᠵᠦ ᠪᠠᠢᠰᠢᠩ ᠤᠷᠤᠭᠤ ᠳᠣᠯᠣᠭᠠᠨ ᠤᠳᠠᠭ᠎ᠠ ᠰᠠᠴᠤᠨ᠎ᠠ᠃ 52 ᠡᠢᠨ ᠬᠦ ᠰᠢᠪᠠᠭᠤᠨ ᠤ ᠴᠢᠰᠤ᠂ ᠴᠡᠩᠭᠡᠭ ᠤᠰᠤ᠂ ᠠᠮᠢᠳᠤ ᠰᠢᠪᠠᠭᠤ᠂ ᠬᠤᠱᠢ ᠮᠣᠳᠣ᠂ ᠾᠢᠰᠣᠫ᠂ ᠤᠯᠠᠭᠠᠨ ᠤᠲᠠᠰᠤ ᠪᠠᠷ ᠨᠥᠭᠥᠭᠡ ᠪᠠᠢᠰᠢᠩ ᠴᠡᠪᠡᠷᠰᠢᠬᠦ ᠶᠤᠮ᠃ 53 ᠡᠭᠦᠨ ᠦ ᠳᠠᠷᠠᠭ᠎ᠠ ᠠᠮᠢᠳᠤ ᠰᠢᠪᠠᠭᠤ ᠶᠢ ᠨᠢ ᠬᠣᠲᠠ ᠠᠴᠠ ᠭᠠᠳᠠᠭᠰᠢ ᠬᠡᠭᠡᠷ᠎ᠡ ᠲᠠᠯ᠎ᠠ ᠳᠤ ᠰᠤᠯᠠᠯᠠᠵᠤ ᠲᠠᠯᠪᠢᠨ᠎ᠠ᠃ ᠡᠢᠨ ᠬᠦ ᠲᠡᠷᠡ ᠪᠠᠢᠰᠢᠩ ᠤᠨ ᠲᠥᠯᠥᠭᠡ ᠴᠡᠪᠡᠷᠰᠢᠯᠲᠡ 8 ᠶᠢ ᠬᠢᠬᠦ ᠪᠥᠭᠡᠳ ᠲᠡᠷᠡ ᠨᠢ ᠴᠡᠪᠡᠷ ᠪᠣᠯᠬᠤ ᠶᠤᠮ》 ᠭᠡᠪᠡ᠃
54 ᠡᠳᠡᠭᠡᠷ ᠨᠢ ᠠᠷᠠᠰᠤᠨ ᠤ ᠶᠠᠩᠵᠤ ᠪᠦᠷᠢ ᠶᠢᠨ ᠬᠠᠯᠳᠠᠪᠤᠷᠢᠲᠤ ᠡᠪᠡᠳᠴᠢᠨ ᠪᠠ ᠬᠠᠮᠠᠭᠤ᠂ 55 ᠬᠤᠪᠴᠠᠰᠤ ᠪᠤᠶᠤ ᠪᠠᠢᠰᠢᠩ ᠳᠤ ᠭᠠᠷᠬᠤ ᠬᠥᠭᠡᠴᠦ᠂ 56 ᠭᠦᠪᠳᠦᠷᠦᠦ᠂ ᠶᠠᠷ᠎ᠠ᠂ ᠲᠣᠳᠣ ᠲᠣᠯᠪᠣ ᠵᠡᠷᠭᠡ ᠶᠢᠨ ᠲᠤᠬᠠᠢ᠂ 57 ᠡᠳᠡᠭᠡᠷ ᠨᠢ ᠶᠠᠮᠠᠷ ᠨᠥᠬᠥᠴᠡᠯ ᠳᠦ ᠪᠤᠵᠠᠷ᠂ ᠶᠠᠮᠠᠷ ᠨᠥᠬᠥᠴᠡᠯ ᠳᠦ ᠴᠡᠪᠡᠷ ᠭᠡᠳᠡᠭ ᠢ ᠵᠢᠭᠠᠬᠤ ᠳᠤ ᠵᠣᠷᠢᠭᠤᠯᠤᠭᠰᠠᠨ ᠬᠠᠤᠯᠢ ᠶᠤᠮ᠃ ᠠᠷᠠᠰᠤᠨ ᠤ ᠬᠠᠯᠳᠠᠪᠤᠷᠢᠲᠤ ᠡᠪᠡᠳᠴᠢᠨ ᠤ ᠬᠠᠤᠯᠢ ᠨᠢ ᠡᠢᠮᠦ ᠪᠢᠯᠡ᠃