ᠯᠧᠸᠢ ᠬᠣᠷᠢᠨ ᠵᠢᠷᠭᠤᠭ᠎ᠠ
ᠳᠤᠭᠤᠯᠭᠠᠪᠤᠷᠢᠲᠠᠢ ᠪᠠᠢᠳᠠᠯ ᠤᠨ ᠬᠠᠷᠢᠭᠤ
1 ᠲᠠ ᠨᠠᠷ ᠬᠢᠮᠡᠯ ᠰᠢᠲᠦᠭᠡᠨ ᠪᠦᠦ ᠪᠦᠲᠦᠭᠡ᠃ ᠰᠡᠢᠯᠦᠮᠡᠯ ᠬᠥᠷᠥᠭ᠂ ᠴᠢᠯᠠᠭᠤᠨ ᠪᠠᠭᠠᠨ᠎ᠠ ᠴᠤ ᠪᠦᠦ ᠪᠣᠰᠬ᠎ᠠ᠃ ᠮᠥᠨ ᠪᠥᠬᠥᠢᠨ ᠮᠥᠷᠭᠥᠬᠦ ᠶᠢᠨ ᠲᠤᠯᠠᠳᠠ ᠴᠢᠯᠠᠭᠤᠨ ᠬᠥᠷᠥᠭ ᠢ ᠭᠠᠵᠠᠷ ᠨᠤᠲᠤᠭ ᠲᠠᠭᠠᠨ ᠪᠠᠢᠷᠢᠯᠠᠭᠤᠯᠵᠤ ᠪᠣᠯᠬᠤ ᠦᠭᠡᠢ᠃ ᠲᠠ ᠨᠠᠷ ᠤᠨ ᠪᠤᠷᠬᠠᠨ ᠪᠣᠯ ᠶᠣᠬᠣᠸᠠ ᠪᠢ᠃ 2 ᠲᠠ ᠨᠠᠷ ᠠᠮᠠᠷᠠᠯ ᠤᠨ ᠡᠳᠦᠷ ᠤᠳ ᠢ ᠮᠢᠨᠢ ᠰᠠᠬᠢ᠂ ᠠᠷᠢᠭᠤᠨ ᠭᠠᠵᠠᠷ ᠠᠴᠠ ᠮᠢᠨᠢ ᠡᠮᠢᠶᠡ᠃ ᠪᠢ ᠪᠣᠯ ᠶᠣᠬᠣᠸᠠ᠃
3 ᠬᠡᠷᠪᠡ ᠲᠠ ᠨᠠᠷ ᠵᠢᠷᠤᠮ ᠤᠳ ᠢ ᠮᠢᠨᠢ ᠮᠥᠷᠳᠡᠵᠦ᠂ ᠮᠢᠨᠦ ᠲᠤᠰᠢᠶᠠᠯ ᠤᠳ ᠢ ᠰᠠᠬᠢᠨ ᠪᠡᠶᠡᠯᠡᠭᠦᠯᠪᠡᠯ᠂ 4 ᠪᠣᠷᠣᠭᠠᠨ ᠬᠤᠷ᠎ᠠ ᠶᠢ ᠪᠢ ᠴᠠᠭ ᠲᠤᠨᠢ ᠣᠷᠣᠭᠤᠯᠬᠤ ᠲᠤᠯᠠ ᠭᠠᠵᠠᠷ ᠴᠢᠨᠢ ᠦᠷ᠎ᠡ ᠰᠢᠮ᠎ᠡ ᠪᠡᠨ ᠭᠠᠷᠭᠠᠨ᠂ ᠲᠠᠯᠠᠪᠠᠢ ᠶᠢᠨ ᠮᠣᠳᠣᠳ ᠵᠢᠮᠢᠰ ᠰᠠᠭᠤᠯᠭᠠᠨ᠎ᠠ᠃ 5 ᠦᠲᠦᠷᠮ᠎ᠡ ᠠᠪᠬᠤ ᠴᠠᠭ ᠴᠢᠨᠢ ᠦᠵᠦᠮ ᠦᠨ ᠬᠤᠷᠢᠶᠠᠯᠲᠠ ᠬᠦᠷᠲᠡᠯ᠎ᠡ᠂ ᠮᠥᠨ ᠦᠵᠦᠮ ᠦᠨ ᠬᠤᠷᠢᠶᠠᠯᠲᠠ ᠴᠢᠨᠢ ᠲᠠᠷᠢᠶᠠᠯᠠᠯᠲᠠ ᠶᠢᠨ ᠴᠠᠭ ᠬᠦᠷᠲᠡᠯ᠎ᠡ ᠦᠷᠭᠦᠯᠵᠢᠯᠡᠬᠦ ᠲᠤᠯᠠ ᠲᠠ ᠨᠠᠷ ᠬᠣᠭᠣᠯᠠ ᠬᠦᠨᠡᠰᠦ ᠪᠡᠨ ᠴᠠᠳᠲᠠᠯ᠎ᠠ ᠢᠳᠡᠵᠦ᠂ ᠨᠤᠲᠤᠭ ᠳᠡᠭᠡᠷ᠎ᠡ ᠪᠡᠨ ᠠᠶᠤᠯ ᠦᠭᠡᠢ ᠪᠠᠷ ᠠᠮᠢᠳᠤᠷᠠᠨ᠎ᠠ᠃ 6 ᠪᠢ ᠨᠤᠲᠤᠭ ᠲᠤ ᠴᠢᠨᠢ ᠡᠩᠬᠡ ᠠᠮᠤᠭᠤᠯᠠᠩ ᠢ ᠥᠭᠬᠦ ᠲᠤᠯᠠ ᠲᠠ ᠨᠠᠷ ᠠᠶᠤᠯ ᠲᠦᠭᠰᠢᠭᠦᠷᠢ ᠦᠭᠡᠢ ᠠᠮᠠᠷᠠᠬᠤ ᠪᠣᠯᠣᠨ᠎ᠠ᠃ ᠪᠢ ᠮᠥᠨ ᠵᠡᠷᠯᠢᠭ ᠠᠷᠢᠶᠠᠲᠠᠨ ᠨᠤᠭᠤᠳ ᠢ ᠨᠤᠲᠤᠭ ᠠᠴᠠ ᠴᠢᠨᠢ ᠬᠥᠭᠡᠭᠡᠵᠦ᠂ ᠢᠯᠳᠦ ᠶᠢ ᠨᠤᠲᠤᠭ ᠢᠶᠠᠷ ᠴᠢᠨᠢ ᠳᠠᠭᠠᠷᠢᠨ ᠥᠩᠭᠡᠷᠡᠭᠦᠯᠬᠦ ᠦᠭᠡᠢ᠂ 7 ᠲᠠ ᠨᠠᠷ ᠳᠠᠢᠰᠤᠨ ᠢᠶᠠᠨ ᠦᠯᠳᠡᠨ ᠬᠥᠭᠡᠭᠡᠵᠦ᠂ ᠲᠡᠳᠡ ᠲᠠ ᠨᠠᠷ ᠤᠨ ᠡᠮᠦᠨ᠎ᠡ ᠢᠯᠳᠦᠨ ᠳᠦ ᠤᠨᠠᠬᠤ ᠪᠣᠯᠣᠨ᠎ᠠ᠃ 8 ᠲᠠᠪᠤᠨ ᠬᠥᠮᠦᠨ ᠴᠢᠨᠢ ᠵᠠᠭᠤ ᠶᠢ ᠦᠯᠳᠡᠨ ᠬᠥᠭᠡᠭᠡᠵᠦ᠂ ᠵᠠᠭᠤᠨ ᠬᠥᠮᠦᠨ ᠴᠢᠨᠢ ᠲᠦᠮᠡ ᠶᠢ ᠦᠯᠳᠡᠨ ᠬᠥᠭᠡᠭᠡᠨ᠎ᠡ᠂ ᠳᠠᠢᠰᠤᠨ ᠨᠤᠭᠤᠳ ᠴᠢᠨᠢ ᠲᠠ ᠨᠠᠷ ᠤᠨ ᠡᠮᠦᠨ᠎ᠡ ᠢᠯᠳᠦᠨ ᠳᠦ ᠤᠨᠠᠬᠤ ᠪᠣᠯᠣᠨ᠎ᠠ᠃ 9 ᠪᠢ ᠲᠠ ᠨᠠᠷ ᠤᠨ ᠵᠦᠭ ᠨᠢᠭᠤᠷ ᠢᠶᠠᠨ ᠬᠠᠷᠠᠭᠤᠯᠵᠤ᠂ ᠲᠠ ᠨᠠᠷ ᠢ ᠦᠷᠡᠵᠢᠭᠦᠯᠵᠦ ᠣᠯᠠᠰᠢᠷᠠᠭᠤᠯᠬᠤ ᠪᠠᠷ ᠲᠠ ᠨᠠᠷ ᠲᠠᠢ ᠪᠠᠢᠭᠤᠯᠤᠭᠰᠠᠨ ᠭᠡᠷ᠎ᠡ ᠪᠡᠨ ᠪᠠᠲᠤᠵᠢᠭᠤᠯᠬᠤ ᠪᠣᠯᠣᠨ᠎ᠠ᠃ 10 ᠲᠠ ᠨᠠᠷ ᠬᠠᠭᠤᠴᠢᠨ ᠨᠥᠭᠡᠴᠡ ᠪᠡᠨ ᠢᠳᠡᠵᠦ᠂ ᠰᠢᠨ᠎ᠡ ᠶᠢ ᠣᠷᠣᠭᠤᠯᠬᠤ ᠶᠢᠨ ᠲᠤᠯᠠᠳᠠ ᠬᠠᠭᠤᠴᠢᠨ ᠢ ᠵᠠᠢᠴᠢᠯᠠᠨᠠ᠃ 11 ᠪᠢ ᠲᠠ ᠨᠠᠷ ᠤᠨ ᠳᠤᠮᠳᠠ ᠥᠪᠡᠷ ᠦᠨ ᠣᠷᠣᠰᠢᠬᠤᠢ ᠶᠢᠨ ᠴᠠᠴᠠᠷ ᠢ ᠪᠠᠷᠢᠵᠤ᠂ ᠮᠢᠨᠦ ᠰᠡᠳᠬᠢᠯ ᠲᠠ ᠨᠠᠷ ᠢ ᠦᠯᠦ ᠣᠭᠣᠷᠣᠨᠠ᠃ 12 ᠪᠢ ᠲᠠ ᠨᠠᠷ ᠤᠨ ᠳᠤᠮᠳᠠᠭᠤᠷ ᠠᠯᠬᠤᠨ᠎ᠠ᠂ ᠪᠢ ᠲᠠ ᠨᠠᠷ ᠤᠨ ᠪᠤᠷᠬᠠᠨ ᠪᠣᠯᠵᠤ᠂ ᠲᠠ ᠨᠠᠷ ᠮᠢᠨᠦ ᠠᠷᠠᠳ ᠲᠦᠮᠡᠨ ᠪᠣᠯᠣᠨ᠎ᠠ᠃ 13 ᠪᠢ ᠪᠣᠯ ᠶᠣᠬᠣᠸᠠ᠂ ᠲᠠ ᠨᠠᠷ ᠢ ᠶᠧᠵᠢᠫᠲ ᠡᠴᠡ ᠭᠠᠷᠭᠠᠵᠤ᠂ ᠲᠡᠳᠡ ᠨᠠᠷ ᠤᠨ ᠪᠣᠭᠣᠯᠴᠢᠯᠠᠯ ᠠᠴᠠ ᠴᠢᠯᠥᠭᠡᠯᠡᠭᠰᠡᠨ ᠲᠠ ᠨᠠᠷ ᠤᠨ ᠪᠤᠷᠬᠠᠨ ᠶᠤᠮ᠂ ᠲᠠ ᠨᠠᠷ ᠤᠨ ᠳᠡᠭᠡᠷᠡᠬᠢ ᠪᠤᠭᠤᠯᠠᠭ᠎ᠠ ᠶᠢᠨ ᠮᠣᠳᠣ ᠶᠢ ᠡᠪᠳᠡᠵᠦ᠂ ᠲᠠ ᠨᠠᠷ ᠢ ᠴᠢᠬᠡ ᠠᠯᠬᠤᠭᠤᠯᠤᠭᠰᠠᠨ᠃
ᠳᠤᠭᠤᠯᠭᠠᠪᠤᠷᠢ ᠦᠭᠡᠢ ᠪᠠᠢᠳᠠᠯ ᠤᠨ ᠬᠠᠷᠢᠭᠤ
14 ᠬᠡᠷᠪᠡ ᠲᠠ ᠨᠠᠷ ᠨᠠᠳᠠ ᠳᠤ ᠳᠤᠭᠤᠯᠭᠠᠪᠤᠷᠢ ᠦᠭᠡᠢ ᠪᠠᠢᠵᠤ᠂ ᠡᠨᠡ ᠪᠦᠬᠦ ᠲᠤᠰᠢᠶᠠᠯ ᠢ ᠪᠡᠶᠡᠯᠡᠭᠦᠯᠬᠦ ᠦᠭᠡᠢ ᠪᠠᠢᠪᠠᠯ; 15 ᠬᠡᠷᠪᠡ ᠵᠢᠷᠤᠮ ᠤᠳ ᠢ ᠮᠢᠨᠢ ᠣᠭᠣᠷᠪᠠᠯ; ᠬᠡᠷᠪᠡ ᠰᠡᠳᠬᠢᠯ ᠴᠢᠨᠢ ᠲᠣᠭᠲᠠᠭᠠᠯ ᠤᠳ ᠢ ᠮᠢᠨᠢ ᠵᠢᠭ᠍ᠰᠢᠭᠰᠡᠨ ᠢᠶᠡᠷ ᠪᠦᠬᠦ ᠲᠤᠰᠢᠶᠠᠯ ᠢ ᠮᠢᠨᠢ ᠪᠡᠶᠡᠯᠡᠭᠦᠯᠦᠯ ᠦᠭᠡᠢ᠂ ᠭᠡᠷ᠎ᠡ ᠶᠢ ᠮᠢᠨᠢ ᠵᠥᠷᠢᠴᠡᠪᠡᠯ᠂ 16 ᠪᠢ ᠲᠠ ᠨᠠᠷ ᠲᠤ ᠡᠢᠨ ᠬᠦ ᠦᠢᠯᠡᠳᠦᠨ᠎ᠡ᠄ ᠭᠡᠨᠡᠳᠲᠡ ᠶᠢᠨ ᠠᠶᠤᠮᠰᠢᠭ᠂ ᠬᠠᠳᠬᠤᠭ᠎ᠠ ᠪᠣᠯᠣᠨ ᠬᠠᠯᠠᠭᠤᠷᠠᠯ ᠢ ᠲᠠ ᠨᠠᠷ ᠲᠠᠭᠡᠷ᠎ᠡ ᠪᠠᠭᠤᠯᠭᠠᠬᠤ ᠪᠥᠭᠡᠳ ᠲᠡᠳᠡᠭᠡᠷ ᠨᠢ ᠨᠢᠳᠦ ᠶᠢ ᠴᠢᠨᠢ ᠰᠢᠷᠭᠢᠭᠡᠨ ᠰᠡᠳᠬᠢᠯ ᠢ ᠴᠢᠨᠢ ᠴᠥᠬᠥᠷᠡᠭᠦᠯᠦᠨᠡ᠃ ᠲᠠ ᠨᠠᠷ ᠳᠡᠷᠢᠶ᠎ᠠ ᠲᠠᠷᠢᠭᠰᠠᠨ ᠴᠤ ᠳᠠᠢᠰᠤᠨ ᠨᠤᠭᠤᠳ ᠴᠢᠨᠢ ᠪᠦᠭᠦᠳᠡ ᠶᠢ ᠢᠳᠡᠵᠦ ᠳᠠᠭᠤᠰᠬᠠᠬᠤ ᠲᠤᠯᠠ ᠲᠠᠯᠠᠭᠠᠷ ᠪᠣᠯᠣᠨ᠎ᠠ᠃ 17 ᠪᠢ ᠨᠢᠭᠤᠷ ᠢᠶᠠᠨ ᠲᠠ ᠨᠠᠷ ᠤᠨ ᠡᠰᠡᠷᠭᠦ ᠬᠠᠨᠳᠤᠭᠤᠯᠬᠤ ᠪᠠ ᠲᠠ ᠨᠠᠷ ᠳᠠᠢᠰᠤᠨ ᠤ ᠪᠠᠨ ᠡᠮᠦᠨ᠎ᠡ ᠴᠣᠬᠢᠭᠳᠠᠨ ᠤᠨᠠᠨ᠎ᠠ᠂ ᠦᠵᠡᠨ ᠶᠠᠳᠠᠭᠴᠢ ᠥᠰᠲᠡᠨ ᠨᠦᠭᠦᠳ ᠴᠢᠨᠢ ᠲᠠ ᠨᠠᠷ ᠢ ᠵᠠᠬᠢᠷᠴᠤ᠂ ᠬᠡᠨ ᠴᠤ ᠮᠥᠰᠬᠢᠭᠡ ᠦᠭᠡᠢ ᠪᠠᠢᠬᠤ ᠳᠤ ᠲᠠ ᠨᠠᠷ ᠵᠢᠭᠤᠲᠠᠨ᠎ᠠ᠃ 18 ᠲᠠ ᠨᠠᠷ ᠡᠳᠡᠭᠡᠷ ᠦᠨ ᠳᠠᠷᠠᠭ᠎ᠠ ᠴᠤ ᠨᠠᠳᠠ ᠳᠤ ᠳᠤᠭᠤᠯᠭᠠᠪᠤᠷᠢ ᠦᠭᠡᠢ ᠪᠠᠢᠪᠠᠯ᠂ ᠪᠢ ᠨᠢᠭᠦᠯ ᠤᠳ ᠤᠨ ᠴᠢᠨᠢ ᠤᠯᠠᠮ ᠢᠶᠠᠷ ᠰᠢᠳᠬᠡᠯ ᠢ ᠲᠠ ᠨᠠᠷ ᠤᠨ ᠳᠡᠭᠡᠷ᠎ᠡ ᠳᠣᠯᠣᠭ᠎ᠠ ᠳᠠᠬᠢᠨ ᠨᠡᠮᠡᠨ᠎ᠡ᠃ 19 ᠰᠦᠷ ᠬᠦᠴᠦᠨ ᠳᠡᠭᠡᠨ ᠡᠷᠳᠦᠭᠰᠡᠨ ᠰᠠᠭᠰᠠᠭᠤᠷᠠᠯ ᠢ ᠴᠢᠨᠢ ᠪᠢ ᠰᠦᠢᠷᠡᠭᠦᠯᠵᠦ᠂ ᠲᠩᠷᠢ ᠶᠢ ᠴᠢᠨᠢ ᠲᠡᠮᠦᠷ ᠮᠡᠲᠦ᠂ ᠭᠠᠵᠠᠷ ᠢ ᠴᠢᠨᠢ ᠬᠦᠷᠡᠯ ᠮᠡᠲᠦ ᠪᠣᠯᠭᠠᠨ᠎ᠠ᠃ 20 ᠭᠠᠵᠠᠷ ᠴᠢᠨᠢ ᠦᠷ᠎ᠡ ᠰᠢᠮ᠎ᠡ ᠪᠡᠨ ᠭᠠᠷᠭᠠᠬᠤ ᠦᠭᠡᠢ᠂ ᠭᠠᠵᠠᠷ ᠤᠨ ᠴᠢᠨᠢ ᠮᠣᠳᠣᠳ ᠦᠷ᠎ᠡ ᠵᠢᠮᠢᠰ ᠢᠶᠠᠨ ᠭᠠᠷᠭᠠᠬᠤ ᠦᠭᠡᠢ ᠤᠴᠢᠷ ᠠᠴᠠ ᠬᠠᠮᠤᠭ ᠬᠦᠴᠦ ᠴᠢᠳᠠᠯ ᠴᠢᠨᠢ ᠬᠣᠭᠣᠰᠣᠨ ᠦᠷᠡᠭᠳᠡᠨ᠎ᠡ᠃
21 ᠲᠡᠭᠡᠭᠰᠡᠨ ᠴᠤ᠂ ᠬᠡᠷᠪᠡ ᠲᠠ ᠨᠠᠷ ᠨᠠᠳᠠ ᠳᠤ ᠳᠠᠢᠰᠤᠩᠨᠠᠭᠰᠠᠭᠠᠷ ᠮᠢᠨᠦᠬᠢ ᠶᠢ ᠰᠣᠨᠣᠰᠬᠤ ᠳᠤᠷ᠎ᠠ ᠦᠭᠡᠢ ᠪᠠᠢᠪᠠᠯ᠂ ᠪᠢ ᠨᠢᠭᠦᠯ ᠤᠳ ᠤᠨ ᠴᠢᠨᠢ ᠤᠯᠠᠮ ᠢᠶᠠᠷ ᠲᠠ ᠨᠠᠷ ᠤᠨ ᠳᠡᠭᠡᠷ᠎ᠡ ᠭᠠᠢ ᠭᠠᠮᠰᠢᠭ ᠢ ᠳᠣᠯᠣᠭ᠎ᠠ ᠳᠠᠬᠢᠨ ᠨᠡᠮᠡᠬᠦ ᠪᠣᠯᠣᠨ᠎ᠠ᠃ 22 ᠲᠠ ᠨᠠᠷ ᠤᠨ ᠳᠤᠮᠳᠠ ᠪᠢ ᠬᠡᠭᠡᠷ᠎ᠡ ᠶᠢᠨ ᠠᠷᠢᠶᠠᠲᠠᠨ ᠢ ᠶᠠᠪᠤᠭᠤᠯᠤᠨ᠎ᠠ᠃ ᠲᠡᠷᠡ ᠪᠡᠷ ᠦᠷ᠎ᠡ ᠬᠡᠦᠬᠡᠳ ᠡᠴᠡ ᠴᠢᠨᠢ ᠬᠠᠭᠠᠴᠠᠭᠠᠬᠤ ᠪᠥᠭᠡᠳ ᠮᠠᠯ ᠰᠦᠷᠦᠭ ᠢ ᠴᠢᠨᠢ ᠤᠰᠠᠳᠬᠠᠵᠤ᠂ ᠬᠥᠮᠦᠨ ᠠᠮᠠ ᠶᠢ ᠴᠢᠨᠢ ᠴᠥᠭᠡᠷᠡᠭᠦᠯᠬᠦ ᠲᠤᠯᠠ ᠵᠠᠮ ᠬᠠᠷᠭᠤᠢ ᠴᠢᠨᠢ ᠡᠵᠡᠭᠦᠢᠷᠡᠬᠦ ᠪᠣᠯᠣᠨ᠎ᠠ᠃
23 ᠬᠡᠷᠪᠡ ᠲᠠ ᠨᠠᠷ ᠡᠳᠡᠭᠡᠷ ᠢᠶᠡᠷ ᠴᠤ ᠵᠠᠰᠠᠷᠠᠬᠤ ᠦᠭᠡᠢ᠂ ᠨᠠᠳᠠ ᠳᠤ ᠳᠠᠢᠰᠤᠩᠨᠠᠭᠰᠠᠭᠠᠷ ᠪᠠᠢᠪᠠᠯ᠂ 24 ᠪᠢ ᠴᠤ ᠥᠪᠡᠷ ᠢᠶᠡᠨ ᠲᠠ ᠨᠠᠷ ᠲᠤ ᠳᠠᠢᠰᠤᠩᠨᠠᠬᠤ ᠪᠥᠭᠡᠳ ᠨᠢᠭᠦᠯ ᠤᠳ ᠤᠨ ᠴᠢᠨᠢ ᠤᠯᠠᠮ ᠢᠶᠠᠷ ᠲᠠ ᠨᠠᠷ ᠢ ᠳᠣᠯᠣᠭ᠎ᠠ ᠳᠠᠬᠢᠨ ᠴᠣᠬᠢᠬᠤ ᠪᠣᠯᠣᠨ᠎ᠠ᠃ 25 ᠪᠢ ᠲᠠ ᠨᠠᠷ ᠤᠨ ᠳᠡᠭᠡᠷ᠎ᠡ ᠢᠯᠳᠦ ᠪᠠᠭᠤᠯᠭᠠᠵᠤ ᠭᠡᠷ᠎ᠡ ᠪᠡᠨ ᠵᠥᠷᠢᠴᠡᠭᠰᠡᠨ ᠦ ᠴᠢᠨᠢ ᠬᠠᠷᠢᠭᠤ ᠪᠣᠯᠭᠠᠨ᠎ᠠ᠃ ᠲᠠ ᠨᠠᠷ ᠬᠣᠲᠠ ᠨᠤᠭᠤᠳ ᠲᠠᠭᠠᠨ ᠬᠣᠷᠭᠣᠳᠠᠭᠰᠠᠨ ᠴᠤ ᠪᠢ ᠲᠠ ᠨᠠᠷ ᠤᠨ ᠳᠤᠮᠳᠠ ᠲᠠᠬᠤᠯ ᠢᠯᠡᠭᠡᠵᠦ᠂ ᠲᠠ ᠨᠠᠷ ᠢ ᠳᠠᠢᠰᠤᠨ ᠤ ᠴᠢᠨᠢ ᠭᠠᠷ ᠲᠤ ᠲᠤᠰᠢᠶᠠᠨ᠎ᠠ᠃ 26 ᠪᠢ ᠬᠣᠭᠣᠯᠠ ᠬᠦᠨᠡᠰᠦᠨ ᠦ ᠴᠢᠨᠢ ᠬᠠᠩ᠋ᠭᠠᠯᠭ᠎ᠠ ᠶᠢ ᠲᠠᠰᠤᠯᠬᠤ ᠳᠤ᠂ ᠲᠠ ᠨᠠᠷ ᠤᠨ ᠪᠣᠣᠪᠣ ᠶᠢ ᠠᠷᠪᠠᠨ ᠡᠮᠡᠭᠲᠡᠢ ᠨᠢᠭᠡ ᠵᠤᠤᠬᠠᠨ ᠳᠤ ᠵᠢᠩᠨᠡᠵᠦ᠂ ᠢᠳᠡᠬᠦ ᠪᠣᠣᠪᠣ ᠶᠢ ᠴᠢᠨᠢ ᠵᠢᠩᠯᠡᠵᠦ ᠬᠤᠪᠢᠶᠠᠬᠤ ᠲᠤᠯᠠ ᠲᠠ ᠨᠠᠷ ᠢᠳᠡᠭᠰᠡᠨ ᠴᠤ ᠦᠯᠦ ᠴᠠᠳᠬᠤ ᠪᠣᠯᠣᠨ᠎ᠠ᠃
27 ᠬᠡᠷᠪᠡ ᠢᠩᠭᠢᠭᠰᠡᠨ ᠴᠤ ᠲᠠ ᠨᠠᠷ ᠮᠢᠨᠦᠬᠢ ᠶᠢ ᠰᠣᠨᠣᠰᠬᠤ ᠦᠭᠡᠢ᠂ ᠨᠠᠳᠠ ᠳᠤ ᠳᠠᠢᠰᠤᠩᠨᠠᠭᠰᠠᠭᠠᠷ ᠪᠠᠢᠪᠠᠯ᠂ 28 ᠪᠢ ᠬᠢᠯᠢᠩ ᠲᠠᠢ ᠪᠠᠷ ᠲᠠ ᠨᠠᠷ ᠢ ᠳᠠᠢᠰᠤᠩᠨᠠᠵᠤ᠂ ᠨᠢᠭᠦᠯ ᠤᠳ ᠤᠨ ᠴᠢᠨᠢ ᠤᠯᠠᠮ ᠢᠶᠠᠷ ᠲᠠ ᠨᠠᠷ ᠢ ᠥᠪᠡᠷ ᠢᠶᠡᠨ ᠪᠢ ᠳᠣᠯᠣᠭ᠎ᠠ ᠳᠠᠬᠢᠨ ᠰᠢᠳᠬᠡᠬᠦ ᠲᠤᠯᠠ 29 ᠲᠠ ᠨᠠᠷ ᠬᠥᠪᠡᠭᠦᠨ ᠦ ᠪᠠᠨ ᠮᠢᠬ᠎ᠠ ᠶᠢ᠂ ᠮᠥᠨ ᠥᠬᠢᠨ ᠤ ᠪᠠᠨ ᠮᠢᠬ᠎ᠠ ᠶᠢ ᠢᠳᠡᠬᠦ ᠪᠣᠯᠣᠨ᠎ᠠ᠃ 30 ᠪᠢ ᠮᠥᠷᠭᠥᠯ ᠦᠨ ᠮᠠᠨᠳᠠᠯ ᠤᠳ ᠢ ᠴᠢᠨᠢ ᠤᠰᠠᠳᠬᠠᠵᠤ᠂ ᠤᠲᠤᠯᠭ᠎ᠠ ᠶᠢᠨ ᠰᠢᠷᠡᠭᠡ ᠨᠦᠭᠦᠳ ᠢ ᠴᠢᠨᠢ ᠴᠠᠪᠴᠢᠨ᠂ ᠲᠠ ᠨᠠᠷ ᠤᠨ ᠬᠡᠭᠦᠷ ᠢ ᠰᠢᠲᠦᠭᠡᠨ ᠨᠦᠭᠦᠳ ᠦᠨ ᠴᠢᠨᠢ ᠬᠡᠭᠦᠷ ᠳᠡᠭᠡᠷ᠎ᠡ ᠣᠪᠣᠭᠠᠯᠠᠬᠤ ᠪᠥᠭᠡᠳ ᠮᠢᠨᠦ ᠰᠡᠳᠬᠢᠯ ᠲᠠ ᠨᠠᠷ ᠢ ᠵᠢᠭᠰᠢᠬᠦ ᠪᠣᠯᠣᠨ᠎ᠠ᠃ 31 ᠪᠢ ᠬᠣᠲᠠ ᠨᠤᠭᠤᠳ ᠢ ᠴᠢᠨᠢ ᠪᠠᠯᠭᠠᠰᠤ ᠪᠣᠯᠭᠠᠨ᠂ ᠠᠷᠢᠭᠤᠨ ᠭᠠᠵᠠᠷ ᠤᠳ ᠢ ᠴᠢᠨᠢ ᠡᠵᠡᠭᠦᠢᠷᠡᠭᠦᠯᠦᠨᠡ᠃ ᠡᠷᠭᠦᠯ ᠦᠨ ᠴᠢᠨᠢ ᠠᠩᠬᠢᠯᠤᠭᠤᠨ ᠦᠨᠦᠷ ᠢ ᠴᠤ ᠪᠢ ᠦᠨᠦᠷᠯᠡᠬᠦ ᠦᠭᠡᠢ᠃ 32 ᠪᠢ ᠭᠠᠵᠠᠷ ᠨᠤᠲᠤᠭ ᠢ ᠴᠢᠨᠢ ᠪᠠᠯᠭᠠᠰᠤ ᠪᠣᠯᠭᠠᠬᠤ ᠤᠴᠢᠷ ᠲᠡᠭᠦᠨ ᠳᠡᠭᠡᠷ᠎ᠡ ᠰᠠᠭᠤᠷᠢᠰᠢᠬᠤ ᠭᠡᠰᠡᠨ ᠳᠠᠢᠰᠤᠨ ᠨᠤᠭᠤᠳ ᠴᠢᠨᠢ ᠡᠭᠦᠨ ᠳᠦ ᠪᠠᠯᠮᠠᠭᠳᠠᠨ ᠰᠠᠨᠳᠤᠷᠬᠤ ᠪᠣᠯᠣᠨ᠎ᠠ᠃ 33 ᠲᠠ ᠨᠠᠷ ᠢ ᠪᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ᠂ ᠢᠯᠳᠦ ᠰᠤᠭᠤᠯᠤᠨ ᠠᠷᠤ ᠠᠴᠠ ᠴᠢᠨᠢ ᠬᠥᠭᠡᠭᠡᠨ᠎ᠡ᠃ ᠨᠤᠲᠤᠭ ᠴᠢᠨᠢ ᠡᠵᠡᠭᠦᠢ ᠪᠣᠯᠵᠤ᠂ ᠬᠣᠲᠠ ᠨᠤᠭᠤᠳ ᠴᠢᠨᠢ ᠪᠠᠯᠭᠠᠰᠤ ᠪᠣᠯᠣᠨ᠎ᠠ᠃
34 ᠭᠠᠵᠠᠷ ᠨᠤᠲᠤᠭ ᠴᠢᠨᠢ ᠲᠡᠷᠡ ᠦᠶ᠎ᠡ ᠳᠦ ᠠᠮᠠᠷᠠᠯ ᠢᠶᠠᠨ ᠡᠳ᠋ᠯᠡᠬᠦ ᠪᠣᠯᠣᠨ᠎ᠠ᠃ ᠡᠵᠡᠭᠦᠢᠷᠡᠯ ᠦᠨ ᠪᠦᠬᠦ ᠬᠤᠭᠤᠴᠠᠭᠠᠨ ᠳᠤ ᠲᠠ ᠨᠠᠷ ᠢ ᠳᠠᠢᠰᠤᠨ ᠤ ᠪᠠᠨ ᠭᠠᠵᠠᠷ ᠲᠤ ᠪᠠᠢᠬᠤ ᠵᠠᠭᠤᠷ᠎ᠠ ᠡᠨᠡ ᠭᠠᠵᠠᠷ ᠠᠮᠠᠷᠠᠵᠤ᠂ ᠠᠮᠠᠷᠠᠯ ᠢᠶᠠᠨ ᠡᠳ᠋ᠯᠡᠬᠦ ᠪᠣᠯᠣᠨ᠎ᠠ᠃ 35 ᠲᠠ ᠨᠠᠷ ᠤᠨ ᠲᠡᠭᠦᠨ ᠳᠡᠭᠡᠷ᠎ᠡ ᠠᠮᠢᠳᠤᠷᠠᠵᠤ ᠪᠠᠢᠭᠰᠠᠨ ᠪᠦᠬᠦ ᠬᠤᠭᠤᠴᠠᠭᠠᠨ ᠳᠤ᠂ ᠠᠮᠠᠷᠠᠯ ᠤᠨ ᠴᠢᠨᠢ ᠦᠶ᠎ᠡ ᠪᠡᠷ ᠴᠤ ᠠᠮᠠᠷᠠᠵᠤ ᠪᠠᠢᠭ᠎ᠠ ᠦᠭᠡᠢ ᠡᠨᠡ ᠭᠠᠵᠠᠷ ᠡᠵᠡᠭᠦᠢᠷᠡᠯ ᠦᠨ ᠢᠶᠠᠨ ᠪᠦᠬᠦ ᠬᠤᠭᠤᠴᠠᠭᠠᠨ ᠳᠤ ᠠᠮᠠᠷᠠᠬᠤ ᠪᠣᠯᠣᠨ᠎ᠠ᠃ 36 ᠲᠠ ᠨᠠᠷ ᠤᠨ ᠳᠤᠮᠳᠠ ᠠᠮᠢᠳᠤ ᠦᠯᠡᠳᠡᠭᠰᠡᠳ ᠪᠠᠢᠯ᠎ᠠ ᠴᠤ᠂ ᠲᠡᠳᠡᠨ ᠦ ᠵᠢᠷᠦᠬᠡ ᠶᠢ ᠪᠢ ᠳᠠᠢᠰᠤᠨ ᠤ ᠬᠢᠨᠢ ᠨᠤᠲᠤᠭ ᠲᠤ ᠮᠣᠬᠣᠭᠠᠬᠤ ᠲᠤᠯᠠ ᠲᠡᠳᠡ ᠨᠠᠪᠴᠢᠨ ᠤ ᠰᠡᠷᠴᠢᠭᠢᠨᠡᠭᠡᠨ ᠳᠦ ᠰᠠᠨᠳᠤᠷᠬᠤ ᠪᠥᠭᠡᠳ ᠬᠡᠨ ᠴᠤ ᠮᠥᠰᠬᠢᠭᠡ ᠦᠭᠡᠢ ᠪᠠᠢᠬᠤ ᠳᠤ ᠢᠯᠳᠦᠨ ᠡᠴᠡ ᠵᠢᠭᠤᠲᠠᠬᠤ ᠮᠡᠲᠦ ᠪᠡᠷ ᠵᠢᠭᠤᠲᠠᠵᠤ᠂ ᠤᠨᠠᠬᠤ ᠪᠣᠯᠣᠨ᠎ᠠ᠂ 37 ᠬᠡᠨ ᠴᠤ ᠮᠥᠰᠬᠢᠭᠡ ᠦᠭᠡᠢ ᠪᠠᠢᠬᠤ ᠳᠤ ᠲᠡᠳᠡ ᠢᠯᠳᠦᠨ ᠦ ᠢᠷ ᠡᠴᠡ ᠮᠡᠲᠦ ᠵᠢᠭᠤᠲᠠᠵᠤ ᠪᠡᠶ᠎ᠡ ᠪᠡᠶ᠎ᠡ ᠳᠡᠭᠡᠷ᠎ᠡ ᠪᠡᠨ ᠪᠦᠳᠦᠷᠢᠬᠦ ᠪᠥᠭᠡᠳ ᠳᠠᠢᠰᠤᠨ ᠤ ᠪᠠᠨ ᠡᠮᠦᠨ᠎ᠡ ᠵᠣᠭᠰᠣᠵᠤ ᠴᠤ ᠴᠢᠳᠠᠬᠤ ᠦᠭᠡᠢ ᠪᠠᠢᠬᠤ ᠪᠣᠯᠣᠨ᠎ᠠ᠃ 38 ᠲᠠ ᠨᠠᠷ ᠦᠨᠳᠦᠰᠦᠲᠡᠨ ᠨᠦᠭᠦᠳ ᠦᠨ ᠳᠤᠮᠳᠠ ᠰᠦᠢᠷᠡᠵᠦ᠂ ᠳᠠᠢᠰᠤᠨ ᠤ ᠴᠢᠨᠢ ᠭᠠᠵᠠᠷ ᠲᠠ ᠨᠠᠷ ᠢ ᠵᠠᠯᠭᠢᠬᠤ ᠪᠣᠯᠣᠨ᠎ᠠ᠃ 39 ᠲᠠ ᠨᠠᠷ ᠠᠴᠠ ᠦᠯᠡᠳᠡᠭᠰᠡᠳ ᠴᠤ ᠭᠡᠮ ᠪᠤᠷᠤᠭᠤ ᠶᠢᠨ ᠢᠶᠠᠨ ᠤᠯᠠᠮ ᠠᠴᠠ ᠳᠠᠢᠰᠤᠨ ᠤ ᠪᠠᠨ ᠨᠤᠲᠤᠭ ᠲᠤ ᠲᠤᠢᠯᠳᠠᠵᠤ᠂ ᠮᠥᠨ ᠡᠴᠢᠭᠡ ᠡᠪᠦᠭᠡᠳ ᠦᠨ ᠢᠶᠠᠨ ᠭᠡᠮ ᠪᠤᠷᠤᠭᠤ ᠶᠢᠨ ᠤᠯᠠᠮ ᠠᠴᠠ ᠲᠤᠢᠯᠳᠠᠬᠤ ᠪᠣᠯᠣᠨ᠎ᠠ᠃
ᠲᠠᠩ᠋ᠭᠠᠷᠢᠭ ᠤᠨ ᠲᠥᠯᠥᠪᠥᠷᠢ
40 ᠬᠠᠷᠢᠨ ᠲᠡᠳᠡ ᠬᠡᠷᠪᠡ ᠥᠪᠡᠷᠰᠡᠳ ᠦᠨ ᠢᠶᠠᠨ ᠭᠡᠮ ᠪᠤᠷᠤᠭᠤ ᠶᠢ᠂ ᠮᠥᠨ ᠡᠴᠢᠭᠡ ᠡᠪᠦᠭᠡᠳ ᠦᠨ ᠢᠶᠠᠨ ᠭᠡᠮ ᠪᠤᠷᠤᠭᠤ ᠶᠢ ᠬᠦᠯᠢᠶᠡᠨ ᠵᠥᠪᠰᠢᠶᠡᠷᠡᠪᠡᠯ; ᠲᠡᠳᠡ ᠨᠠᠳᠠ ᠳᠤ ᠢᠲᠡᠭᠡᠮᠵᠢ ᠦᠭᠡᠢ ᠪᠠᠢᠵᠤ ᠨᠠᠮᠠᠶᠢ ᠳᠠᠢᠰᠤᠩᠨᠠᠭᠰᠠᠨ ᠲᠤᠯᠠ 41 ᠪᠢ ᠴᠤ ᠮᠥᠨ ᠲᠡᠳᠡᠨ ᠢ ᠳᠠᠢᠰᠤᠩᠨᠠᠨ᠂ ᠳᠠᠢᠰᠤᠨ ᠤ ᠬᠢᠨᠢ ᠨᠤᠲᠤᠭ ᠲᠤ ᠠᠪᠴᠢᠷᠠᠭᠰᠠᠨ ᠭᠡᠳᠡᠭ ᠢ ᠬᠦᠯᠢᠶᠡᠨ ᠵᠥᠪᠰᠢᠶᠡᠷᠡᠪᠡᠯ; ᠬᠡᠷᠪᠡ ᠲᠡᠳᠡᠨ ᠦ ᠵᠥᠷᠢᠭᠦᠳ 21 ᠵᠢᠷᠦᠬᠡ ᠰᠡᠳᠬᠢᠯ ᠳᠠᠷᠤᠤ ᠪᠣᠯᠵᠤ᠂ ᠭᠡᠮ ᠪᠤᠷᠤᠭᠤ ᠶᠢᠨ ᠢᠶᠠᠨ ᠰᠢᠳᠬᠡᠯ ᠢ ᠳᠤᠷᠠᠲᠠᠢ ᠬᠦᠯᠢᠶᠡᠨ ᠠᠪᠤᠪᠠᠯ᠂ 42 ᠪᠢ ᠶᠠᠺᠣᠪ ᠲᠠᠢ ᠪᠠᠢᠭᠤᠯᠤᠭᠰᠠᠨ ᠭᠡᠷ᠎ᠡ ᠪᠡᠨ ᠰᠠᠨᠠᠨ᠂ ᠪᠠᠰᠠ ᠢᠰᠠᠺ ᠲᠠᠢ ᠪᠠᠢᠭᠤᠯᠤᠭᠰᠠᠨ ᠭᠡᠷ᠎ᠡ᠂ ᠠᠪᠷᠠᠬᠠᠮ ᠲᠠᠢ ᠪᠠᠢᠭᠤᠯᠤᠭᠰᠠᠨ ᠭᠡᠷ᠎ᠡ ᠪᠡᠨ ᠰᠠᠨᠠᠵᠤ᠂ ᠡᠨᠡ ᠭᠠᠵᠠᠷ ᠢ ᠴᠤ ᠰᠠᠨᠠᠬᠤ ᠪᠣᠯᠣᠨ᠎ᠠ᠃ 43 ᠲᠡᠳᠡ ᠲᠡᠷᠡ ᠭᠠᠵᠠᠷ ᠢ ᠣᠷᠬᠢᠬᠤ ᠪᠣᠯᠪᠠᠴᠤ ᠲᠡᠷᠡ ᠭᠠᠵᠠᠷ ᠲᠡᠳᠡᠨ ᠢ ᠪᠠᠢᠬᠤ ᠦᠭᠡᠢ ᠳᠦ ᠡᠵᠡᠭᠦᠢ ᠬᠣᠭᠣᠰᠣᠨ ᠪᠠᠢᠭᠰᠠᠭᠠᠷ ᠠᠮᠠᠷᠠᠯ ᠢᠶᠠᠨ ᠡᠳ᠋ᠯᠡᠨ᠎ᠡ᠃ ᠡᠨᠡ ᠬᠣᠭᠣᠷᠣᠨᠳᠣ ᠲᠡᠳᠡ ᠲᠣᠭᠲᠠᠭᠠᠯ ᠤᠳ ᠢ ᠮᠢᠨᠢ ᠣᠭᠣᠷᠴᠤ᠂ ᠵᠢᠷᠤᠮ ᠤᠳ ᠢ ᠮᠢᠨᠢ ᠵᠢᠭ᠍ᠰᠢᠭᠰᠡᠨ ᠦ ᠪᠠᠨ ᠰᠢᠳᠬᠡᠯ ᠢ ᠬᠦᠯᠢᠶᠡᠨ ᠠᠪᠤᠨ᠎ᠠ᠃ 44 ᠬᠡᠳᠦᠢᠪᠡᠷ ᠲᠡᠢᠮᠦ ᠪᠠᠢᠯ᠎ᠠ ᠴᠤ ᠲᠡᠳᠡᠨ ᠢ ᠳᠠᠢᠰᠤᠨ ᠤ ᠪᠠᠨ ᠨᠤᠲᠤᠭ ᠲᠤ ᠪᠠᠢᠬᠤ ᠳᠤ ᠪᠢ ᠲᠡᠳᠡᠨ ᠢ ᠣᠭᠣᠷᠬᠤ ᠦᠭᠡᠢ᠂ ᠵᠢᠭᠰᠢᠬᠦ ᠦᠭᠡᠢ᠃ ᠲᠡᠢᠨ ᠬᠦ ᠲᠡᠳᠡᠨ ᠢ ᠪᠦᠷᠢᠮᠦᠰᠦᠨ ᠤᠰᠠᠳᠬᠠᠬᠤ ᠪᠤᠶᠤ ᠲᠡᠳᠡᠨ ᠲᠡᠢ ᠪᠠᠢᠭᠤᠯᠤᠭᠰᠠᠨ ᠭᠡᠷ᠎ᠡ ᠪᠡᠨ ᠵᠥᠷᠢᠴᠡᠬᠦ ᠦᠭᠡᠢ᠃ ᠲᠡᠳᠡᠨ ᠦ ᠪᠤᠷᠬᠠᠨ ᠪᠣᠯ ᠶᠣᠬᠣᠸᠠ ᠪᠢ᠃ 45 ᠪᠢ ᠲᠡᠳᠡᠨ ᠦ ᠲᠥᠯᠥᠭᠡ ᠡᠴᠢᠭᠡ ᠡᠪᠦᠭᠡᠳ ᠲᠡᠢ ᠨᠢ ᠪᠠᠢᠭᠤᠯᠤᠭᠰᠠᠨ ᠭᠡᠷ᠎ᠡ ᠪᠡᠨ ᠰᠠᠨᠠᠬᠤ ᠪᠣᠯᠣᠨ᠎ᠠ᠃ ᠪᠢ ᠲᠡᠳᠡᠨ ᠦ ᠪᠤᠷᠬᠠᠨ ᠪᠣᠯᠬᠤ ᠶᠢᠨ ᠲᠤᠯᠠᠳᠠ ᠲᠡᠳᠡᠨ ᠢ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠶᠧᠵᠢᠫᠲ ᠡᠴᠡ ᠭᠠᠷᠭᠠᠭᠰᠠᠨ ᠶᠤᠮ᠃ ᠪᠢ ᠪᠣᠯ ᠶᠣᠬᠣᠸᠠ〉》 ᠭᠡᠯᠡ᠃
46 ᠡᠳᠡᠭᠡᠷ ᠨᠢ ᠰᠢᠨᠠᠢ ᠠᠭᠤᠯᠠᠨ᠎ᠠ ᠶᠣᠬᠣᠸᠠ ᠶᠢᠨ ᠮᠣᠰᠧ ᠶᠢᠨ ᠭᠠᠷ ᠢᠶᠠᠷ ᠳᠠᠮᠵᠢᠭᠤᠯᠤᠨ ᠢᠰᠷᠧᠯᠴᠦᠳ ᠲᠦ ᠰᠣᠶᠣᠷᠬᠠᠭᠰᠠᠨ ᠵᠢᠷᠤᠮ ᠤᠳ᠂ ᠲᠣᠭᠲᠠᠭᠠᠯ ᠤᠳ ᠪᠣᠯᠣᠨ ᠬᠠᠤᠯᠢ ᠨᠤᠭᠤᠳ ᠶᠤᠮ᠃