1 2 3 4 5 6 7 8 9 10 11 12 13 14 15 16 17 18 19 20 21 22 23 24 25 26 27


ᠯᠧᠸᠢ ᠠᠷᠪᠠᠨ ᠳᠣᠯᠣᠭ᠎ᠠ
 ᠲᠣᠭᠲᠠᠭᠰᠠᠨ ᠭᠠᠵᠠᠷ ᠲᠤ ᠡᠷᠭᠦᠯ ᠡᠷᠭᠦᠬᠦ

1 ᠶᠣᠬᠣᠸᠠ ᠮᠣᠰᠧ ᠳᠤ ᠠᠢᠯᠠᠳᠤᠨ᠄ 2 《ᠠᠷᠣᠨ ᠪᠣᠯᠣᠨ ᠲᠡᠭᠦᠨ ᠦ ᠬᠥᠪᠡᠭᠦᠳ᠂ ᠮᠥᠨ ᠢᠰᠷᠧᠯᠴᠦᠳ ᠪᠦᠭᠦᠳᠡ ᠳᠦ ᠵᠠᠬᠢ᠄ ᠡᠨᠡ ᠪᠣᠯ ᠶᠣᠬᠣᠸᠠ ᠶᠢᠨ ᠲᠤᠰᠢᠶᠠᠯ ᠶᠤᠮ᠃ 3 ᠶᠠᠮᠠᠷ ᠨᠢᠭᠡ ᠢᠰᠷᠧᠯ ᠬᠥᠮᠦᠨ ᠦᠬᠡᠷ᠂ ᠡᠰᠡᠪᠡᠯ ᠬᠤᠷᠠᠭ᠎ᠠ᠂ ᠡᠰᠡᠪᠡᠯ ᠢᠮᠠᠭ᠎ᠠ ᠨᠢᠲᠤᠯᠬᠤ ᠭᠡᠪᠡᠯ 4 ᠠᠭᠤᠯᠵᠠᠯᠲᠠ ᠶᠢᠨ ᠮᠠᠢᠬᠠᠨ ᠤ ᠡᠭᠦᠳᠡᠨ ᠳᠦ ᠠᠪᠴᠢᠷᠠᠵᠤ ᠶᠣᠬᠣᠸᠠ ᠶᠢᠨ ᠣᠷᠣᠰᠢᠬᠤᠢ ᠶᠢᠨ ᠴᠠᠴᠠᠷ ᠤᠨ ᠡᠮᠦᠨ᠎ᠡ ᠡᠷᠭᠦᠯ ᠪᠣᠯᠭᠠᠨ ᠡᠷᠭᠦᠬᠦ ᠦᠭᠡᠢ ᠪᠠᠷ ᠬᠤᠸᠠᠷᠠᠨ ᠤ ᠡᠮᠦᠨ᠎ᠡ᠂ ᠡᠰᠡᠪᠡᠯ ᠬᠤᠸᠠᠷᠠᠨ ᠤ ᠭᠠᠳᠠᠨ᠎ᠠ ᠨᠢᠲᠤᠯᠬᠤ ᠲᠣᠬᠢᠶᠠᠯᠳᠤᠯ ᠳᠤ᠂ ᠲᠡᠷᠡ ᠬᠥᠮᠦᠨ ᠴᠢᠰᠤ ᠤᠷᠤᠰᠬᠠᠭᠰᠠᠨ ᠳᠤ ᠲᠣᠭᠠᠴᠠᠭᠳᠠᠨ᠎ᠠ᠂ ᠴᠢᠰᠤ ᠤᠷᠤᠰᠬᠠᠭᠰᠠᠨ ᠤᠴᠢᠷ ᠠᠷᠠᠳ ᠲᠦᠮᠡᠨ ᠦ ᠪᠠᠨ ᠳᠤᠮᠳᠠ ᠠᠴᠠ ᠲᠠᠰᠤᠯᠤᠭᠳᠠᠬᠤ ᠪᠣᠯᠣᠨ᠎ᠠ᠃ 5 ᠡᠢᠮᠦ ᠡᠴᠡ ᠢᠰᠷᠧᠯᠴᠦᠳ ᠬᠡᠭᠡᠷ᠎ᠡ ᠲᠠᠯ᠎ᠠ ᠳᠤ ᠨᠢᠲᠤᠯᠵᠤ ᠪᠤᠢ ᠲᠠᠬᠢᠯ ᠤᠳ ᠢᠶᠠᠨ ᠶᠣᠬᠣᠸᠠ ᠳᠤ ᠠᠪᠴᠢᠷᠠᠬᠤ ᠤᠴᠢᠷ ᠲᠠᠢ᠂ ᠲᠡᠳᠡᠭᠡᠷ ᠢᠶᠡᠨ ᠶᠣᠬᠣᠸᠠ ᠶᠢᠨ ᠡᠮᠦᠨ᠎ᠡ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠠᠪᠴᠢᠷᠠᠭᠠᠳ ᠲᠠᠬᠢᠯᠴᠢ ᠳᠤ ᠥᠭᠴᠦ᠂ ᠡᠪ ᠦᠨ ᠲᠠᠬᠢᠯ ᠪᠣᠯᠭᠠᠨ ᠡᠷᠭᠦᠪᠡᠯ᠂ 6 ᠲᠠᠬᠢᠯᠴᠢ ᠴᠢᠰᠤ ᠶᠢ ᠨᠢ ᠠᠭᠤᠯᠵᠠᠯᠲᠠ ᠶᠢᠨ ᠴᠠᠴᠠᠷ ᠤᠨ ᠡᠭᠦᠳᠡᠨ ᠳᠠᠬᠢ ᠶᠣᠬᠣᠸᠠ ᠶᠢᠨ ᠲᠠᠬᠢᠯ ᠤᠨ ᠰᠢᠷᠡᠭᠡ ᠤᠷᠤᠭᠤ ᠰᠠᠴᠤᠵᠤ᠂ ᠥᠭᠡᠬᠦ ᠶᠢ ᠨᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠰᠢᠲᠠᠭᠠᠨ᠎ᠠ᠃ 7 ᠲᠡᠢᠨ ᠬᠦ ᠲᠡᠳᠡ ᠵᠠᠪᠬᠠᠢᠷᠠᠨ ᠳᠠᠭᠠᠳᠠᠭ ᠪᠠᠢᠭᠰᠠᠨ ᠢᠮᠠᠭᠠᠨ ᠰᠢᠲᠦᠭᠡᠨ ᠨᠦᠭᠦᠳ 10  ᠲᠤ ᠲᠠᠬᠢᠯ ᠡᠷᠭᠦᠬᠦ ᠪᠡᠨ ᠪᠣᠯᠢᠬᠤ ᠶᠣᠰᠣᠲᠠᠢ᠃ ᠡᠨᠡ ᠨᠢ ᠲᠡᠳᠡᠨ ᠦ ᠦᠶ᠎ᠡ ᠶᠢᠨ ᠦᠶ᠎ᠡ ᠳᠦ ᠰᠠᠬᠢᠬᠤ ᠪᠠᠢᠩ᠋ᠭᠤ ᠶᠢᠨ ᠶᠣᠰᠣ ᠵᠢᠷᠤᠮ ᠪᠣᠯᠣᠨ᠎ᠠ᠃

8 ᠴᠢ ᠲᠡᠳᠡᠨ ᠳᠦ ᠵᠠᠬᠢ᠄ ᠢᠰᠷᠧᠯᠴᠦᠳ᠂ ᠡᠰᠡᠪᠡᠯ ᠲᠠ ᠨᠠᠷ ᠤᠨ ᠳᠤᠮᠳᠠ ᠰᠠᠭᠤᠵᠤ ᠪᠤᠢ ᠬᠠᠷᠢ ᠶᠢᠨ ᠬᠥᠮᠦᠨ ᠡᠴᠡ ᠬᠡᠨ ᠨᠢᠭᠡ ᠨᠢ ᠰᠢᠲᠠᠭᠠᠯᠭᠠᠲᠤ ᠲᠠᠬᠢᠯ ᠪᠤᠶᠤ ᠨᠢᠲᠤᠯᠬᠤ ᠲᠠᠬᠢᠯ ᠡᠷᠭᠦᠬᠦ ᠭᠡᠪᠡᠯ᠂ 9 ᠲᠠᠬᠢᠯ ᠢᠶᠠᠨ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠠᠪᠴᠢᠷᠠᠵᠤ ᠶᠣᠬᠣᠸᠠ ᠳᠤ ᠡᠷᠭᠦᠬᠦ ᠶᠣᠰᠣᠲᠠᠢ᠂ ᠡᠰᠡ ᠪᠥᠭᠡᠰᠦ ᠲᠡᠷᠡ ᠬᠥᠮᠦᠨ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ᠃
 ᠴᠢᠰᠤ ᠢᠳᠡᠵᠦ ᠪᠣᠯᠬᠤ ᠦᠭᠡᠢ

10 ᠢᠰᠷᠧᠯᠴᠦᠳ᠂ ᠡᠰᠡᠪᠡᠯ ᠲᠠ ᠨᠠᠷ ᠤᠨ ᠳᠤᠮᠳᠠ ᠰᠠᠭᠤᠵᠤ ᠪᠤᠢ ᠬᠠᠷᠢ ᠶᠢᠨ ᠬᠥᠮᠦᠨ ᠡᠴᠡ ᠬᠡᠨ ᠨᠢᠭᠡ ᠨᠢ ᠴᠢᠰᠤ ᠢᠳᠡᠪᠡᠯ᠂ ᠴᠢᠰᠤ ᠢᠳᠡᠳᠡᠭ ᠲᠡᠷᠡ ᠬᠥᠮᠦᠨ ᠤᠷᠤᠭᠤ ᠪᠢ ᠴᠢᠷᠠᠢ ᠪᠠᠷᠤᠢᠯᠠᠭᠠᠨ ᠲᠡᠭᠦᠨ ᠢ ᠠᠷᠠᠳ ᠲᠦᠮᠡᠨ ᠦ ᠬᠢᠨᠢ ᠳᠤᠮᠳᠠ ᠠᠴᠠ ᠲᠠᠰᠤᠯᠬᠤ ᠪᠣᠯᠣᠨ᠎ᠠ᠃ 11 ᠤᠴᠢᠷ ᠨᠢ ᠮᠢᠬᠠᠨ ᠪᠡᠶᠡᠲᠡᠨ ᠦ ᠠᠮᠢ ᠨᠢ ᠴᠢᠰᠤᠨ ᠳᠤᠨᠢ ᠪᠠᠢᠳᠠᠭ ᠶᠤᠮ᠃ ᠲᠡᠭᠦᠨ ᠢ ᠪᠢ ᠲᠠ ᠨᠠᠷ ᠢᠶᠠᠷ ᠲᠠᠬᠢᠯ ᠤᠨ ᠰᠢᠷᠡᠭᠡᠨ ᠳᠡᠭᠡᠷ᠎ᠡ ᠥᠪᠡᠷᠰᠡᠳ ᠦᠨ ᠴᠢᠨᠢ ᠠᠮᠢ ᠶᠢᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠯᠭᠡᠬᠦ ᠪᠡᠷ ᠲᠠ ᠨᠠᠷ ᠲᠤ ᠥᠭᠭᠥᠭᠰᠡᠨ ᠶᠤᠮ᠃ ᠤᠴᠢᠷ ᠨᠢ ᠴᠢᠰᠤ ᠠᠮᠢ ᠲᠠᠢ ᠪᠠᠢᠳᠠᠭ ᠪᠣᠯᠬᠣᠷ ᠭᠡᠮ ᠦᠨ ᠬᠡᠯᠲᠦᠷᠢᠭᠦᠯᠦᠯᠭᠡ ᠶᠢ ᠬᠢᠳᠡᠭ ᠶᠤᠮ᠃ 12 ᠲᠡᠢᠮᠦ ᠡᠴᠡ ᠲᠠ ᠨᠠᠷ ᠤᠨ ᠬᠡᠨ ᠨᠢ ᠴᠤ ᠴᠢᠰᠤ ᠢᠳᠡᠵᠦ ᠪᠣᠯᠬᠤ ᠦᠭᠡᠢ᠂ ᠮᠥᠨ ᠲᠠ ᠨᠠᠷ ᠤᠨ ᠳᠤᠮᠳᠠ ᠰᠠᠭᠤᠵᠤ ᠪᠤᠢ ᠬᠠᠷᠢ ᠶᠢᠨ ᠬᠥᠮᠦᠨ ᠴᠤ ᠴᠢᠰᠤ ᠢᠳᠡᠵᠦ ᠪᠣᠯᠬᠤ ᠦᠭᠡᠢ ᠭᠡᠵᠦ ᠪᠢ ᠢᠰᠷᠧᠯᠴᠦᠳ ᠲᠦ ᠬᠡᠯᠡᠭᠰᠡᠨ᠃ 13 ᠢᠰᠷᠧᠯᠴᠦᠳ᠂ ᠡᠰᠡᠪᠡᠯ ᠲᠠ ᠨᠠᠷ ᠤᠨ ᠳᠤᠮᠳᠠ ᠰᠠᠭᠤᠵᠤ ᠪᠤᠢ ᠬᠠᠷᠢ ᠶᠢᠨ ᠬᠥᠮᠦᠨ ᠡᠴᠡ ᠬᠡᠨ ᠨᠢᠭᠡ ᠨᠢ ᠢᠳᠡᠵᠦ ᠪᠣᠯᠬᠤ ᠠᠮᠢᠲᠠᠨ ᠪᠤᠶᠤ ᠰᠢᠪᠠᠭᠤ ᠶᠢ ᠠᠩᠨᠠᠭᠰᠠᠨ ᠲᠣᠬᠢᠶᠠᠯᠳᠤᠯ ᠳᠤ᠂ ᠲᠡᠭᠦᠨ ᠦ ᠴᠢᠰᠤ ᠶᠢ ᠠᠰᠬᠠᠨ ᠰᠢᠷᠣᠢ ᠪᠠᠷ ᠳᠠᠷᠤᠬᠤ ᠶᠣᠰᠣᠲᠠᠢ᠃

14 ᠬᠠᠮᠤᠭ ᠮᠢᠬᠠᠨ ᠪᠡᠶᠡᠲᠡᠨ ᠦ ᠠᠮᠢ᠂ ᠲᠡᠳᠡᠨ ᠦ ᠠᠮᠢ ᠪᠣᠯ ᠴᠢᠰᠤ ᠨᠢ ᠮᠥᠨ᠃ ᠲᠡᠢᠮᠦ ᠡᠴᠡ ᠪᠢ ᠢᠰᠷᠧᠯᠴᠦᠳ ᠲᠦ᠄ 〈ᠬᠠᠮᠤᠭ ᠮᠢᠬᠠᠨ ᠪᠡᠶᠡᠲᠡᠨ ᠦ ᠠᠮᠢ ᠨᠢ ᠲᠡᠳᠡᠨ ᠦ ᠴᠢᠰᠤ ᠪᠣᠯᠬᠣᠷ ᠲᠠ ᠨᠠᠷ ᠶᠠᠮᠠᠷ ᠴᠤ ᠮᠢᠬᠠᠨ ᠪᠡᠶᠡᠲᠡᠨ ᠦ ᠴᠢᠰᠤ ᠶᠢ ᠢᠳᠡᠵᠦ ᠪᠣᠯᠬᠤ ᠦᠭᠡᠢ᠃ ᠡᠭᠦᠨ ᠢ ᠢᠳᠡᠭᠰᠡᠨ ᠬᠥᠮᠦᠨ ᠪᠣᠯᠭᠠᠨ ᠲᠠᠰᠤᠯᠤᠭᠳᠠᠨ᠎ᠠ〉 ᠭᠡᠵᠦ ᠬᠡᠯᠡᠭᠰᠡᠨ᠃ 15 ᠠᠶᠠᠨᠳᠠᠭᠠᠨ ᠦᠬᠦᠭᠰᠡᠨ᠂ ᠡᠰᠡᠪᠡᠯ ᠲᠠᠰᠤᠳᠠᠭᠤᠯᠤᠭᠰᠠᠨ ᠠᠮᠢᠲᠠᠨ ᠠᠴᠠ ᠢᠳᠡᠭᠰᠡᠨ ᠬᠥᠮᠦᠨ᠂ ᠤᠤᠭᠠᠯ ᠬᠥᠮᠦᠨ ᠴᠤ ᠪᠠᠢ᠂ ᠬᠠᠷᠢ ᠶᠢᠨ ᠬᠥᠮᠦᠨ ᠴᠤ ᠪᠠᠢ ᠬᠤᠪᠴᠠᠰᠤ ᠪᠠᠨ ᠤᠬᠢᠶᠠᠵᠤ᠂ ᠤᠰᠤᠨ ᠳᠤ ᠤᠬᠢᠶᠠᠬᠤ ᠶᠣᠰᠣᠲᠠᠢ᠃ ᠭᠡᠬᠦ ᠳᠡᠭᠡᠨ ᠦᠳᠡᠰᠢ ᠪᠣᠯᠲᠠᠯ᠎ᠠ ᠪᠤᠵᠠᠷᠲᠤᠭᠰᠠᠨ ᠪᠠᠢᠵᠤ᠂ ᠳᠠᠷᠠᠭ᠎ᠠ ᠨᠢ ᠴᠡᠪᠡᠷ ᠪᠣᠯᠣᠨ᠎ᠠ᠃ 16 ᠬᠡᠷᠪᠡ ᠬᠤᠪᠴᠠᠰᠤ ᠪᠠᠨ ᠤᠬᠢᠶᠠᠬᠤ ᠦᠭᠡᠢ᠂ ᠡᠰᠡᠪᠡᠯ ᠪᠡᠶ᠎ᠡ ᠪᠡᠨ ᠤᠰᠤᠨ ᠳᠤ ᠤᠬᠢᠶᠠᠬᠤ ᠦᠭᠡᠢ ᠪᠣᠯ ᠭᠡᠮ ᠪᠤᠷᠤᠭᠤ ᠪᠠᠨ ᠡᠭᠦᠷᠬᠦ ᠪᠣᠯᠣᠨ᠎ᠠ》 ᠭᠡᠯ᠎ᠡ᠃