ᠯᠧᠸᠢ ᠬᠣᠷᠢᠨ ᠭᠤᠷᠪᠠ
ᠲᠣᠭᠲᠠᠭᠠᠭᠳᠠᠭᠰᠠᠨ ᠪᠠᠶᠠᠷ ᠤᠳ
1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠳᠠᠷᠠᠭᠠᠬᠢ ᠨᠢ ᠶᠣᠬᠣᠸᠠ ᠶᠢᠨ ᠪᠠᠶᠠᠷ ᠤᠳ ᠶᠤᠮ᠃ ᠮᠢᠨᠦ ᠲᠣᠪᠯᠠᠭᠰᠠᠨ ᠡᠳᠡᠭᠡᠷ ᠪᠠᠶᠠᠷ ᠢ ᠲᠠ ᠨᠠᠷ ᠠᠷᠢᠭᠤᠨ ᠴᠤᠭᠯᠠᠭᠠᠨ ᠤ ᠡᠳᠦᠷ ᠬᠡᠮᠡᠨ ᠵᠠᠷᠯᠠᠬᠤ ᠶᠣᠰᠣᠲᠠᠢ᠃
ᠠᠮᠠᠷᠠᠯ ᠤᠨ ᠡᠳᠦᠷ
3 ᠵᠢᠷᠭᠤᠭᠠᠨ ᠡᠳᠦᠷ ᠦᠨ ᠲᠤᠷᠰᠢ ᠠᠵᠢᠯ ᠬᠢᠵᠦ ᠪᠣᠯᠣᠨ᠎ᠠ᠂ ᠬᠠᠷᠢᠨ ᠳᠣᠯᠣᠳᠠᠬᠢ ᠡᠳᠦᠷ ᠨᠢ ᠪᠦᠷᠢᠨ ᠠᠮᠠᠷᠠᠯ ᠤᠨ ᠠᠷᠢᠭᠤᠨ ᠴᠤᠭᠯᠠᠭᠠᠨ ᠲᠠᠢ ᠡᠳᠦᠷ ᠶᠤᠮ᠃ ᠶᠠᠮᠠᠷ ᠴᠤ ᠠᠵᠢᠯ ᠪᠦᠦ ᠬᠢ᠃ ᠲᠠ ᠨᠠᠷ ᠤᠨ ᠠᠮᠢᠳᠤᠷᠠᠬᠤ ᠪᠦᠬᠦ ᠭᠠᠵᠠᠷ ᠲᠤ ᠶᠣᠬᠣᠸᠠ ᠳᠤ ᠵᠣᠷᠢᠭᠤᠯᠬᠤ ᠠᠮᠠᠷᠠᠯ ᠤᠨ ᠡᠳᠦᠷ ᠨᠢ ᠡᠨᠡ ᠶᠤᠮ᠃
ᠭᠡᠲᠦᠯᠭᠡᠭᠰᠡᠨ ᠦ ᠪᠠᠶᠠᠷ
4 ᠶᠣᠬᠣᠸᠠ ᠶᠢᠨ ᠲᠣᠪᠯᠠᠭᠰᠠᠨ ᠪᠠᠶᠠᠷ ᠤᠳ ᠨᠢ ᠳᠠᠷᠠᠭᠠᠬᠢ ᠶᠤᠮ᠄ ᠡᠳᠡᠭᠡᠷ ᠦᠨ ᠲᠥᠯᠥᠭᠡ ᠲᠠ ᠨᠠᠷ ᠠᠷᠢᠭᠤᠨ ᠴᠤᠭᠯᠠᠭᠠᠨ ᠪᠣᠯᠣᠨ᠎ᠠ ᠬᠡᠮᠡᠨ ᠲᠣᠪᠯᠠᠭᠰᠠᠨ ᠴᠠᠭ ᠲᠠᠭᠠᠨ ᠵᠠᠷᠯᠠᠬᠤ ᠶᠣᠰᠣᠲᠠᠢ᠃ 5 ᠶᠣᠬᠣᠸᠠ ᠶᠢᠨ ᠭᠡᠲᠦᠯᠭᠡᠭᠰᠡᠨ ᠦ ᠪᠠᠶᠠᠷ ᠪᠣᠯ ᠡᠬᠢᠨ ᠤ ᠰᠠᠷ᠎ᠠ ᠶᠢᠨ ᠠᠷᠪᠠᠨ ᠳᠥᠷᠪᠡᠨ ᠦ ᠡᠳᠦᠷ᠂ ᠨᠠᠷᠠ ᠰᠢᠩᠭᠡᠬᠦ ᠡᠴᠡ ᠡᠮᠦᠨ᠎ᠡ 15 ᠡᠬᠢᠯᠡᠬᠦ ᠪᠣᠯᠣᠨ᠎ᠠ᠃ 6 ᠡᠭᠦᠨ ᠦ ᠳᠠᠷᠠᠭ᠎ᠠ ᠶᠣᠬᠣᠸᠠ ᠶᠢᠨ ᠢᠰᠭᠡᠭᠡ ᠦᠭᠡᠢ ᠪᠣᠣᠪᠣ ᠶᠢᠨ ᠪᠠᠶᠠᠷ᠂ ᠮᠥᠨ ᠰᠠᠷ᠎ᠠ ᠶᠢᠨ ᠠᠷᠪᠠᠨ ᠲᠠᠪᠤᠨ ᠤ ᠡᠳᠦᠷ ᠲᠦ ᠪᠣᠯᠣᠨ᠎ᠠ᠃ ᠲᠠ ᠨᠠᠷ ᠳᠣᠯᠣᠭᠠᠨ ᠡᠳᠦᠷ ᠦᠨ ᠲᠤᠷᠰᠢ ᠢᠰᠭᠡᠭᠡ ᠦᠭᠡᠢ ᠪᠣᠣᠪᠣ ᠢᠳᠡᠬᠦ ᠤᠴᠢᠷᠲᠠᠢ᠃ 7 ᠡᠬᠢᠨ ᠤ ᠡᠳᠦᠷ ᠨᠢ ᠠᠷᠢᠭᠤᠨ ᠴᠤᠭᠯᠠᠭᠠᠨ ᠲᠠᠢ᠂ ᠲᠠ ᠨᠠᠷ ᠶᠠᠮᠠᠷ ᠴᠤ ᠠᠵᠢᠯ ᠪᠦᠦ ᠬᠢ᠃ 8 ᠬᠠᠷᠢᠨ ᠲᠠ ᠨᠠᠷ ᠭᠠᠯ ᠤᠨ ᠲᠠᠬᠢᠯ ᠢ ᠳᠣᠯᠣᠭᠠᠨ ᠬᠣᠨᠣᠭ ᠤᠨ ᠲᠤᠷᠰᠢ ᠶᠣᠬᠣᠸᠠ ᠳᠤ ᠡᠷᠭᠦᠬᠦ ᠶᠣᠰᠣᠲᠠᠢ᠃ ᠳᠣᠯᠣᠳᠠᠬᠢ ᠡᠳᠦᠷ ᠴᠤ ᠠᠷᠢᠭᠤᠨ ᠴᠤᠭᠯᠠᠭᠠᠨ ᠲᠠᠢ᠂ ᠶᠠᠮᠠᠷ ᠴᠤ ᠠᠵᠢᠯ ᠪᠦᠦ ᠬᠢ》 ᠭᠡᠯᠡ᠃
ᠠᠩ᠋ᠬᠠᠨ ᠤ ᠦᠷ᠎ᠡ ᠵᠢᠮᠢᠰ ᠤᠨ ᠪᠠᠶᠠᠷ
9 ᠶᠣᠬᠣᠸᠠ ᠮᠣᠰᠧ ᠳᠤ ᠠᠢᠯᠠᠳᠤᠨ᠄
10 《ᠢᠰᠷᠧᠯᠴᠦᠳ ᠲᠦ ᠵᠠᠬᠢ᠄ ᠲᠠ ᠨᠠᠷ ᠮᠢᠨᠦ ᠥᠭᠬᠦ ᠨᠤᠲᠤᠭ ᠲᠤ ᠣᠷᠣᠭᠠᠳ ᠤᠷᠭᠤᠴᠠ ᠶᠢ ᠨᠢ ᠬᠤᠷᠢᠶᠠᠪᠠᠯ ᠤᠷᠭᠤᠴᠠ ᠶᠢᠨ ᠢᠶᠠᠨ ᠠᠩ᠋ᠬᠠᠨ ᠤ ᠦᠷ᠎ᠡ ᠲᠠᠷᠢᠶᠠᠨ ᠪᠣᠭᠣᠳᠠᠯ ᠢ ᠠᠪᠴᠤ ᠲᠠᠬᠢᠯᠴᠢ ᠳᠤ ᠣᠴᠢ᠂ 11 ᠲᠠᠬᠢᠯᠴᠢ ᠲᠠ ᠨᠠᠷ ᠤᠨ ᠡᠮᠦᠨ᠎ᠡ ᠡᠴᠡ ᠲᠡᠷᠡ ᠪᠣᠭᠣᠳᠠᠯ ᠢ ᠶᠣᠬᠣᠸᠠ ᠳᠤ ᠬᠦᠯᠢᠶᠡᠨ ᠠᠪᠤᠭᠤᠯᠬᠤ ᠶᠢᠨ ᠲᠤᠯᠠᠳᠠ ᠲᠡᠭᠦᠨ ᠦ ᠡᠮᠦᠨ᠎ᠡ ᠳᠠᠯᠠᠯᠬᠤ ᠪᠣᠯᠣᠨ᠎ᠠ᠃ ᠬᠠᠷᠢᠨ ᠠᠮᠠᠷᠠᠯ ᠤᠨ ᠳᠠᠷᠠᠭᠠᠬᠢ ᠡᠳᠦᠷ ᠯᠠ ᠳᠠᠯᠠᠯᠬᠤ ᠶᠣᠰᠣᠲᠠᠢ᠃ 12 ᠲᠠ ᠨᠠᠷ ᠪᠣᠭᠣᠳᠠᠯ ᠢᠶᠠᠨ ᠳᠠᠯᠠᠯᠬᠤ ᠡᠳᠦᠷ ᠲᠡᠭᠡᠨ ᠰᠣᠭᠣᠭ ᠦᠭᠡᠢ ᠡᠷ᠎ᠡ ᠬᠤᠷᠠᠭ᠎ᠠ ᠶᠢ ᠶᠣᠬᠣᠸᠠ ᠳᠤ ᠰᠢᠲᠠᠭᠠᠯᠭᠠᠲᠤ ᠲᠠᠬᠢᠯ ᠪᠣᠯᠭᠠᠨ᠂ 13 ᠢᠳᠡᠭᠡᠨ ᠡᠷᠭᠦᠯ ᠦᠨ ᠬᠤᠪᠢ ᠪᠠᠷ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠬᠣᠶᠠᠷ ᠤᠨ ᠬᠡᠮᠵᠢᠶ᠎ᠡ ᠲᠠᠢ 16 ᠨᠠᠷᠢᠯᠢᠭ᠋ ᠭᠤᠯᠢᠷ ᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ᠂ ᠾᠢᠨ ᠤ ᠳᠥᠷᠪᠡᠨ ᠦ ᠨᠢᠭᠡ 17 ᠶᠢᠨ ᠳᠠᠷᠠᠰᠤ ᠶᠢ ᠤᠮᠳᠠᠭᠠᠨ ᠡᠷᠭᠦᠯ ᠪᠣᠯᠭᠠᠨ ᠡᠷᠭᠦ᠃ 14 ᠪᠤᠷᠬᠠᠨ ᠳᠠᠭᠠᠨ ᠲᠠᠬᠢᠯ ᠠᠪᠴᠢᠷᠠᠬᠤ ᠲᠡᠷᠡ ᠡᠳᠦᠷ ᠪᠣᠯᠲᠠᠯ᠎ᠠ ᠲᠠ ᠨᠠᠷ ᠪᠣᠣᠪᠣ ᠴᠤ᠂ ᠬᠠᠭᠤᠷᠤᠭᠰᠠᠨ ᠲᠠᠷᠢᠶᠠᠨ ᠲᠦᠷᠦᠭᠦᠦ ᠴᠤ᠂ ᠰᠢᠨ᠎ᠡ ᠲᠠᠷᠢᠶᠠᠨ ᠲᠦᠷᠦᠭᠦᠦ ᠴᠤ ᠢᠳᠡᠵᠦ ᠪᠣᠯᠬᠤ ᠦᠭᠡᠢ᠃ ᠡᠨᠡ ᠨᠢ ᠲᠠ ᠨᠠᠷ ᠤᠨ ᠦᠶ᠎ᠡ ᠶᠢᠨ ᠦᠶ᠎ᠡ ᠳᠦ ᠠᠮᠢᠳᠤᠷᠠᠬᠤ ᠭᠠᠵᠠᠷ ᠪᠣᠯᠭᠠᠨ ᠳᠠᠭᠠᠨ ᠰᠠᠬᠢᠬᠤ ᠶᠣᠰᠣᠲᠠᠢ ᠪᠠᠢᠩ᠋ᠭᠤ ᠶᠢᠨ ᠵᠢᠷᠤᠮ ᠪᠣᠯᠣᠨ᠎ᠠ᠃
ᠳᠣᠯᠣᠭᠠᠨ ᠭᠠᠷᠠᠭ ᠤᠨ ᠪᠠᠶᠠᠷ
15 ᠲᠡᠷᠡ ᠠᠮᠠᠷᠠᠯ ᠤᠨ ᠡᠳᠦᠷ ᠦᠨ ᠳᠠᠷᠠᠭᠠᠬᠢ ᠡᠳᠦᠷ᠂ ᠲᠤᠬᠠᠢᠯᠠᠪᠠᠯ ᠳᠠᠯᠠᠯᠤᠨ ᠡᠷᠭᠦᠬᠦ ᠪᠣᠭᠣᠳᠠᠯ ᠢ ᠠᠪᠴᠢᠷᠠᠭᠰᠠᠨ ᠲᠡᠷᠡ ᠡᠳᠦᠷ ᠡᠴᠡ ᠪᠡᠨ ᠡᠬᠢᠯᠡᠨ ᠳᠣᠯᠣᠭᠠᠨ ᠪᠦᠲᠦᠨ ᠭᠠᠷᠠᠭ ᠢ ᠲᠣᠭᠠᠯᠠᠪᠠᠯ᠂ 16 ᠳᠣᠯᠣᠳᠠᠬᠢ ᠠᠮᠠᠷᠠᠯ ᠤᠨ ᠡᠳᠦᠷ ᠦᠨ ᠳᠠᠷᠠᠭᠠᠬᠢ ᠡᠳᠦᠷ ᠢ ᠣᠷᠣᠭᠤᠯᠤᠭᠠᠳ ᠲᠠᠪᠢ ᠬᠣᠨᠣᠭ ᠪᠣᠯᠣᠨ᠎ᠠ᠃ ᠰᠡᠭᠦᠯ ᠦᠨ ᠡᠳᠦᠷ ᠨᠢ ᠰᠢᠨ᠎ᠡ ᠦᠷ᠎ᠡ ᠲᠠᠷᠢᠶ᠎ᠠ ᠶᠢ ᠶᠣᠬᠣᠸᠠ ᠳᠤ ᠢᠳᠡᠭᠡᠨ ᠲᠠᠬᠢᠯ ᠪᠣᠯᠭᠠᠨ ᠡᠷᠭᠦ᠂ 17 ᠲᠤᠬᠠᠢᠯᠠᠪᠠᠯ ᠲᠠ ᠨᠠᠷ ᠰᠠᠭᠤᠳᠠᠭ ᠭᠠᠵᠠᠷ ᠠᠴᠠ ᠪᠠᠨ ᠤᠷᠭᠤᠴᠠ ᠶᠢᠨ ᠢᠶᠠᠨ ᠠᠩ᠋ᠬᠠᠨ ᠤ ᠦᠷ᠎ᠡ ᠲᠠᠷᠢᠶ᠎ᠠ ᠪᠠᠷ ᠬᠢᠭᠰᠡᠨ ᠬᠣᠶᠠᠷ ᠪᠣᠣᠪᠣ ᠶᠢ ᠠᠪᠴᠢᠷᠠᠵᠤ ᠶᠣᠬᠣᠸᠠ ᠳᠤ ᠳᠠᠯᠠᠯᠤᠨ ᠡᠷᠭᠦᠬᠦ ᠶᠣᠰᠣᠲᠠᠢ᠃ ᠲᠡᠷᠡ ᠪᠣᠣᠪᠣ ᠶᠢ ᠡᠹᠠ ᠶᠢᠨ ᠠᠷᠪᠠᠨ ᠤ ᠬᠣᠶᠠᠷ ᠤᠨ ᠬᠡᠮᠵᠢᠶ᠎ᠡ ᠲᠠᠢ 18 ᠨᠠᠷᠢᠯᠢᠭ᠋ ᠭᠤᠯᠢᠷ ᠲᠤ ᠢᠰᠭᠡᠭᠦᠷ ᠬᠣᠯᠢᠵᠤ ᠬᠠᠭᠰᠠᠭᠠᠵᠤ ᠬᠢ᠃ 18 ᠡᠨᠡ ᠪᠣᠣᠪᠣ ᠲᠠᠢ ᠬᠠᠮᠲᠤ ᠰᠣᠭᠣᠭ ᠦᠭᠡᠢ ᠳᠣᠯᠣᠭᠠᠨ ᠡᠷ᠎ᠡ ᠬᠤᠷᠠᠭ᠎ᠠ᠂ ᠨᠢᠭᠡ ᠵᠠᠯᠠᠭᠤ ᠪᠤᠬ᠎ᠠ ᠪᠣᠯᠣᠨ ᠬᠣᠶᠠᠷ ᠬᠤᠴᠠ ᠡᠷᠭᠦᠨ᠎ᠡ᠃ ᠡᠳᠡᠭᠡᠷ ᠢ ᠰᠢᠲᠠᠭᠠᠯᠭᠠᠲᠤ ᠲᠠᠬᠢᠯ᠂ ᠶᠣᠬᠣᠸᠠ ᠳᠤ ᠲᠠᠭᠠᠯᠠᠮᠵᠢᠲᠤ ᠠᠩᠬᠢᠯᠤᠭᠤᠨ ᠦᠨᠦᠷ ᠲᠡᠢ ᠭᠠᠯ ᠤᠨ ᠲᠠᠬᠢᠯ ᠪᠣᠯᠭᠠᠨ ᠢᠳᠡᠭᠡᠨ ᠡᠷᠭᠦᠯ ᠪᠠ ᠤᠮᠳᠠᠭᠠᠨ ᠡᠷᠭᠦᠯ ᠲᠡᠢ ᠬᠠᠮᠲᠤ ᠶᠣᠬᠣᠸᠠ ᠳᠤ ᠡᠷᠭᠦ᠃ 19 ᠲᠡᠭᠦᠨᠴᠢᠯᠡᠨ ᠨᠢᠭᠦᠯ ᠦᠨ ᠲᠠᠬᠢᠯ ᠳᠤ ᠨᠢᠭᠡ ᠤᠬᠤᠨ᠎ᠠ᠂ ᠡᠪ ᠦᠨ ᠲᠠᠬᠢᠯ ᠳᠤ ᠬᠣᠶᠠᠷ ᠡᠷ᠎ᠡ ᠬᠤᠷᠠᠭ᠎ᠠ ᠡᠷᠭᠦ᠃ 20 ᠲᠠᠬᠢᠯᠴᠢ ᠲᠡᠷᠡ ᠬᠣᠶᠠᠷ ᠬᠤᠷᠠᠭ᠎ᠠ ᠶᠢ ᠠᠩ᠋ᠬᠠᠨ ᠤ ᠦᠷ᠎ᠡ ᠲᠠᠷᠢᠶᠠᠨ ᠤ ᠪᠣᠣᠪᠣ ᠲᠠᠢ ᠬᠠᠮᠲᠤ ᠳᠠᠯᠠᠯᠬᠤ ᠲᠠᠬᠢᠯ ᠪᠣᠯᠭᠠᠨ ᠶᠣᠬᠣᠸᠠ ᠶᠢᠨ ᠡᠮᠦᠨ᠎ᠡ ᠳᠠᠯᠠᠯᠤᠨ᠎ᠠ᠃ ᠡᠨᠡ ᠨᠢ ᠶᠣᠬᠣᠸᠠ ᠳᠤ ᠵᠣᠷᠢᠭᠤᠯᠤᠭᠰᠠᠨ ᠠᠷᠢᠭᠤᠨ ᠡᠷᠭᠦᠯ ᠪᠥᠭᠡᠳ ᠲᠠᠬᠢᠯᠴᠢ ᠶᠢᠨ ᠬᠤᠪᠢ ᠪᠣᠯᠬᠤ ᠶᠤᠮ᠃ 21 ᠲᠡᠷᠡ ᠡᠳᠦᠷ ᠲᠠ ᠨᠠᠷ ᠠᠷᠢᠭᠤᠨ ᠴᠤᠭᠯᠠᠭᠠᠨ ᠬᠢᠬᠦ ᠶᠢ ᠵᠠᠷᠯᠠᠵᠤ᠂ ᠶᠠᠮᠠᠷ ᠴᠤ ᠠᠵᠢᠯ ᠪᠦᠦ ᠬᠢ᠃ ᠡᠨᠡ ᠨᠢ ᠲᠠ ᠨᠠᠷ ᠤᠨ ᠠᠮᠢᠳᠤᠷᠠᠬᠤ ᠪᠦᠬᠦ ᠭᠠᠵᠠᠷ ᠲᠤ ᠦᠶ᠎ᠡ ᠶᠢᠨ ᠦᠶ᠎ᠡ ᠳᠡᠭᠡᠨ ᠰᠠᠬᠢᠬᠤ ᠶᠣᠰᠣᠲᠠᠢ ᠪᠠᠢᠩ᠋ᠭᠤ ᠶᠢᠨ ᠵᠢᠷᠤᠮ ᠶᠤᠮ᠃
22 ᠲᠠ ᠨᠠᠷ ᠭᠠᠵᠠᠷ ᠤᠨ ᠢᠶᠠᠨ ᠤᠷᠭᠤᠴᠠ ᠶᠢ ᠬᠤᠷᠢᠶᠠᠬᠤ ᠳᠠᠭᠠᠨ ᠲᠠᠯᠠᠪᠠᠢ ᠶᠢᠨ ᠢᠶᠠᠨ ᠥᠨᠴᠥᠭ ᠪᠤᠯᠤᠩ ᠳᠤ ᠬᠦᠷᠲᠡᠯ᠎ᠡ ᠭᠦᠢᠴᠡᠳ ᠬᠤᠷᠢᠶᠠᠬᠤ ᠬᠡᠷᠡᠭ ᠦᠭᠡᠢ᠃ ᠮᠥᠨ ᠤᠷᠭᠤᠴᠠ ᠶᠢᠨ ᠢᠶᠠᠨ ᠣᠷᠬᠢᠭᠳᠠᠭᠰᠠᠨ ᠲᠦᠷᠦᠭᠦᠦ ᠶᠢ ᠪᠦᠦ ᠲᠡᠭᠦᠵᠦ ᠠᠪ᠃ ᠡᠳᠡᠭᠡᠷ ᠢ ᠲᠠ ᠨᠠᠷ ᠶᠠᠳᠠᠭᠤᠰ ᠪᠣᠯᠣᠨ ᠬᠠᠷᠢ ᠶᠢᠨ ᠬᠢᠨ ᠳᠤ ᠦᠯᠡᠳᠡᠭᠡ᠃ ᠲᠠ ᠨᠠᠷ ᠤᠨ ᠪᠤᠷᠬᠠᠨ ᠪᠣᠯ ᠶᠣᠬᠣᠸᠠ ᠪᠢ》 ᠭᠡᠯᠡ᠃
ᠪᠦᠷᠢᠶ᠎ᠡ ᠦᠯᠢᠶᠡᠯᠲᠡ ᠶᠢᠨ ᠪᠠᠶᠠᠷ
23 ᠶᠣᠬᠣᠸᠠ ᠮᠣᠰᠧ ᠳᠤ ᠠᠢᠯᠠᠳᠤᠨ᠄ 24 《ᠢᠰᠷᠧᠯᠴᠦᠳ ᠲᠦ ᠵᠠᠬᠢ᠄ ᠳᠣᠯᠣᠳᠤᠭᠠᠷ ᠰᠠᠷ᠎ᠠ ᠶᠢᠨ ᠨᠢᠭᠡᠨ ᠨᠢ ᠲᠠ ᠨᠠᠷ ᠤᠨ ᠠᠮᠠᠷᠠᠬᠤ᠂ ᠪᠦᠷᠢᠶ᠎ᠡ ᠦᠯᠢᠶᠡᠨ ᠲᠡᠮᠳᠡᠭᠯᠡᠬᠦ ᠠᠷᠢᠭᠤᠨ ᠴᠤᠭᠯᠠᠭᠠᠨ ᠤ ᠡᠳᠦᠷ ᠪᠣᠯᠣᠨ᠎ᠠ᠃ 25 ᠲᠠ ᠨᠠᠷ ᠶᠠᠮᠠᠷ ᠴᠤ ᠪᠠᠢᠩ᠋ᠭᠤ ᠶᠢᠨ ᠠᠵᠢᠯ ᠢᠶᠠᠨ ᠪᠦᠦ ᠬᠢ᠂ ᠬᠠᠷᠢᠨ ᠶᠣᠬᠣᠸᠠ ᠳᠤ ᠭᠠᠯ ᠤᠨ ᠲᠠᠬᠢᠯ ᠡᠷᠭᠦ》 ᠭᠡᠯᠡ᠃
ᠬᠡᠯᠲᠦᠷᠢᠭᠦᠯᠦᠯᠭᠡ ᠶᠢᠨ ᠡᠳᠦᠷ
26 ᠶᠣᠬᠣᠸᠠ ᠮᠣᠰᠧ ᠳᠤ ᠠᠢᠯᠠᠳᠤᠨ᠄ 27 《ᠳᠣᠯᠣᠳᠤᠭᠠᠷ ᠰᠠᠷ᠎ᠠ ᠶᠢᠨ ᠠᠷᠪᠠᠨ ᠨᠢ ᠬᠡᠯᠲᠦᠷᠢᠭᠦᠯᠦᠯᠭᠡ ᠶᠢᠨ ᠡᠳᠦᠷ ᠪᠣᠯᠬᠤ ᠶᠤᠮ᠃ ᠲᠠ ᠨᠠᠷ ᠠᠷᠢᠭᠤᠨ ᠴᠤᠭᠯᠠᠭᠠᠨ ᠬᠢᠵᠦ᠂ ᠥᠪᠡᠷ ᠢ ᠪᠠᠨ ᠲᠡᠪᠴᠢᠨ 19 ᠶᠣᠬᠣᠸᠠ ᠳᠤ ᠭᠠᠯ ᠤᠨ ᠲᠠᠬᠢᠯ ᠡᠷᠭᠦ᠃ 28 ᠡᠨᠡ ᠨᠢ ᠶᠣᠬᠣᠸᠠ ᠪᠤᠷᠬᠠᠨ ᠤ ᠪᠠᠨ ᠡᠮᠦᠨ᠎ᠡ ᠲᠠ ᠨᠠᠷ ᠤᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠬᠦ ᠬᠡᠯᠲᠦᠷᠢᠭᠦᠯᠦᠯᠭᠡ ᠶᠢᠨ ᠡᠳᠦᠷ ᠪᠣᠯᠬᠣᠷ ᠡᠨᠡ ᠡᠳᠦᠷ ᠶᠠᠮᠠᠷ ᠴᠤ ᠠᠵᠢᠯ ᠪᠦᠦ ᠬᠢ᠃ 29 ᠡᠨᠡ ᠡᠳᠦᠷ ᠥᠪᠡᠷ ᠢ ᠪᠠᠨ ᠲᠡᠪᠴᠢᠬᠦ ᠦᠭᠡᠢ ᠬᠥᠮᠦᠨ ᠪᠦᠷᠢ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ᠃ 30 ᠡᠨᠡ ᠡᠳᠦᠷ ᠶᠠᠮᠠᠷ ᠨᠢᠭᠡ ᠠᠵᠢᠯ ᠬᠢᠭᠰᠡᠨ ᠬᠥᠮᠦᠨ ᠪᠠᠢᠪᠠᠯ᠂ ᠪᠢ ᠲᠡᠭᠦᠨ ᠢ ᠠᠷᠠᠳ ᠲᠦᠮᠡᠨ ᠦ ᠬᠢᠨᠢ ᠳᠤᠮᠳᠠ ᠠᠴᠠ ᠤᠰᠠᠳᠬᠠᠬᠤ ᠪᠣᠯᠣᠨ᠎ᠠ᠃ 31 ᠶᠠᠮᠠᠷ ᠴᠤ ᠠᠵᠢᠯ ᠪᠦᠦ ᠬᠢ᠃ ᠡᠨᠡ ᠨᠢ ᠲᠠ ᠨᠠᠷ ᠤᠨ ᠠᠮᠢᠳᠤᠷᠠᠬᠤ ᠪᠦᠬᠦ ᠭᠠᠵᠠᠷ ᠲᠤ ᠦᠶ᠎ᠡ ᠶᠢᠨ ᠦᠶ᠎ᠡ ᠳᠡᠭᠡᠨ ᠰᠠᠬᠢᠬᠤ ᠶᠣᠰᠣᠲᠠᠢ ᠪᠠᠢᠩ᠋ᠭᠤ ᠶᠢᠨ ᠵᠢᠷᠤᠮ ᠶᠤᠮ᠃ 32 ᠡᠨᠡ ᠨᠢ ᠲᠠ ᠨᠠᠷ ᠤᠨ ᠲᠡᠭᠦᠰ ᠠᠮᠠᠷᠠᠯ ᠤᠨ ᠡᠳᠦᠷ᠂ ᠥᠪᠡᠷ ᠢ ᠪᠠᠨ ᠲᠡᠪᠴᠢᠬᠦ ᠡᠳᠦᠷ ᠶᠤᠮ᠃ ᠮᠥᠨ ᠰᠠᠷ᠎ᠠ ᠶᠢᠨ ᠶᠢᠰᠦᠨ ᠦ ᠦᠳᠡᠰᠢ ᠡᠴᠡ ᠳᠠᠷᠠᠭᠠᠬᠢ ᠡᠳᠦᠷ ᠦᠨ ᠦᠳᠡᠰᠢ ᠬᠦᠷᠲᠡᠯᠡᠬᠢ ᠡᠨᠡ ᠠᠮᠠᠷᠠᠯ ᠤᠨ ᠡᠳᠦᠷ ᠲᠠ ᠨᠠᠷ ᠠᠮᠠᠷᠠᠬᠤ ᠪᠣᠯᠣᠨ᠎ᠠ》 ᠭᠡᠪᠡ᠃
ᠮᠠᠢᠬᠠᠨ ᠤ ᠪᠠᠶᠠᠷ
33 ᠶᠣᠬᠣᠸᠠ ᠮᠣᠰᠧ ᠳᠤ ᠠᠢᠯᠠᠳᠤᠨ᠄ 34 《ᠢᠰᠷᠧᠯᠴᠦᠳ ᠲᠦ ᠵᠠᠬᠢ᠄ ᠡᠨᠡ ᠳᠣᠯᠣᠳᠤᠭᠠᠷ ᠰᠠᠷ᠎ᠠ ᠶᠢᠨ ᠠᠷᠪᠠᠨ ᠲᠠᠪᠤᠨ ᠠᠴᠠ ᠡᠬᠢᠯᠡᠨ ᠳᠣᠯᠣᠭᠠᠨ ᠬᠣᠨᠣᠭ ᠤᠨ ᠲᠤᠷᠰᠢ ᠶᠣᠬᠣᠸᠠ ᠳᠤ ᠵᠣᠷᠢᠭᠤᠯᠬᠤ ᠮᠠᠢᠬᠠᠨ ᠤ ᠪᠠᠶᠠᠷ ᠪᠣᠯᠣᠨ᠎ᠠ᠃ 35 ᠡᠬᠢᠨ ᠤ ᠡᠳᠦᠷ ᠨᠢ ᠠᠷᠢᠭᠤᠨ ᠴᠤᠭᠯᠠᠭᠠᠨ ᠲᠠᠢ᠃ ᠲᠠ ᠨᠠᠷ ᠶᠠᠮᠠᠷ ᠴᠤ ᠪᠠᠢᠩ᠋ᠭᠤ ᠶᠢᠨ ᠠᠵᠢᠯ ᠢᠶᠠᠨ ᠪᠦᠦ ᠬᠢ᠂ 36 ᠳᠣᠯᠣᠭᠠᠨ ᠬᠣᠨᠣᠭ ᠤᠨ ᠲᠤᠷᠰᠢ ᠶᠣᠬᠣᠸᠠ ᠳᠤ ᠭᠠᠯ ᠤᠨ ᠲᠠᠬᠢᠯ ᠡᠷᠭᠦ᠃ ᠨᠠᠢ᠌ᠮᠠᠳᠠᠬᠢ ᠡᠳᠦᠷ ᠨᠢ ᠠᠷᠢᠭᠤᠨ ᠴᠤᠭᠯᠠᠭᠠᠨ ᠬᠢᠵᠦ ᠶᠣᠬᠣᠸᠠ ᠳᠤ ᠭᠠᠯ ᠤᠨ ᠲᠠᠬᠢᠯ ᠡᠷᠭᠦ᠂ ᠡᠨᠡ ᠨᠢ ᠲᠡᠭᠦᠰᠬᠡᠯ ᠦᠨ ᠴᠤᠭᠯᠠᠭᠠᠨ ᠪᠣᠯᠬᠤ ᠶᠤᠮ᠂ ᠲᠠ ᠨᠠᠷ ᠶᠠᠮᠠᠷ ᠴᠤ ᠠᠵᠢᠯ ᠪᠦᠦ ᠬᠢ᠃
37 (ᠡᠳᠡᠭᠡᠷ ᠨᠢ ᠶᠣᠬᠣᠸᠠ ᠶᠢᠨ ᠲᠣᠭᠲᠠᠭᠠᠭᠰᠠᠨ ᠪᠠᠶᠠᠷ ᠤᠳ᠂ ᠲᠤᠰ ᠲᠤᠰ ᠤᠨ ᠬᠢᠨᠢ ᠦᠶ᠎ᠡ ᠪᠡᠷ ᠲᠠ ᠨᠠᠷ ᠠᠷᠢᠭᠤᠨ ᠴᠤᠭᠯᠠᠭᠠᠨ ᠢ ᠵᠠᠷᠯᠠᠵᠤ᠂ ᠶᠣᠬᠣᠸᠠ ᠳᠤ ᠭᠠᠯ ᠤᠨ ᠲᠠᠬᠢᠯ ᠤᠳ᠂ ᠲᠤᠬᠠᠢᠯᠠᠪᠠᠯ ᠰᠢᠲᠠᠭᠠᠯᠭᠠᠲᠤ ᠲᠠᠬᠢᠯ᠂ ᠢᠳᠡᠭᠡᠨ ᠡᠷᠭᠦᠯ᠂ ᠨᠢᠲᠤᠯᠬᠤ ᠲᠠᠬᠢᠯ᠂ ᠤᠮᠳᠠᠭᠠᠨ ᠡᠷᠭᠦᠯ ᠵᠡᠷᠭᠡ ᠶᠢ ᠡᠷᠭᠦᠬᠦ ᠶᠣᠰᠣᠲᠠᠢ᠂ 38 ᠡᠳᠡᠭᠡᠷ ᠪᠠᠶᠠᠷ ᠤᠳ ᠢ ᠶᠣᠬᠣᠸᠠ ᠶᠢᠨ ᠲᠣᠭᠲᠠᠮᠠᠯ ᠠᠮᠠᠷᠠᠯ ᠤᠨ ᠡᠳᠦᠷ ᠤᠳ ᠠᠴᠠ ᠲᠤᠰᠠᠭᠠᠷᠯᠠᠵᠤ᠂ ᠡᠳᠡᠭᠡᠷ ᠲᠠᠬᠢᠯ ᠢ ᠲᠠ ᠨᠠᠷ ᠤᠨ ᠪᠤᠰᠤᠳ ᠬᠠᠨᠳᠢᠪ ᠡᠷᠭᠦᠯ᠂ ᠠᠯᠢᠪᠠ ᠠᠮᠠᠨ ᠥᠴᠢᠭ ᠤᠨ ᠡᠷᠭᠦᠯ ᠪᠣᠯᠣᠨ ᠠᠯᠢᠪᠠ ᠰᠠᠢᠨ ᠳᠤᠷ᠎ᠠ ᠶᠢᠨ ᠡᠷᠭᠦᠯ ᠡᠴᠡ ᠠᠩᠭᠢᠳᠠ ᠪᠠᠢᠯᠭᠠᠬᠤ ᠶᠣᠰᠣᠲᠠᠢ᠃)
39 ᠲᠠ ᠨᠠᠷ ᠭᠠᠵᠠᠷ ᠤᠨ ᠦᠷ᠎ᠡ ᠲᠠᠷᠢᠶ᠎ᠠ ᠶᠢ ᠬᠤᠷᠢᠶᠠᠭᠰᠠᠨ ᠤ ᠳᠠᠷᠠᠭ᠎ᠠ᠂ ᠳᠣᠯᠣᠳᠤᠭᠠᠷ ᠰᠠᠷ᠎ᠠ ᠶᠢᠨ ᠠᠷᠪᠠᠨ ᠲᠠᠪᠤᠨ ᠤ ᠡᠳᠦᠷ ᠡᠴᠡ ᠡᠬᠢᠯᠡᠨ ᠳᠣᠯᠣᠭᠠᠨ ᠬᠣᠨᠣᠭ ᠤᠨ ᠲᠤᠷᠰᠢ ᠡᠨᠡ ᠪᠠᠶᠠᠷ ᠢ ᠶᠣᠬᠣᠸᠠ ᠳᠤ ᠵᠣᠷᠢᠭᠤᠯᠤᠨ ᠲᠡᠮᠳᠡᠭᠯᠡᠬᠦ ᠶᠣᠰᠣᠲᠠᠢ᠃ ᠡᠬᠢᠨ ᠤ ᠡᠳᠦᠷ ᠪᠣᠯ ᠲᠡᠭᠦᠰ ᠠᠮᠠᠷᠠᠯᠲᠠ ᠶᠢᠨ ᠡᠳᠦᠷ᠂ ᠨᠠᠢ᠌ᠮᠠᠳᠠᠬᠢ ᠡᠳᠦᠷ ᠴᠤ ᠲᠡᠭᠦᠰ ᠠᠮᠠᠷᠠᠯ ᠤᠨ ᠡᠳᠦᠷ ᠪᠣᠯᠣᠨ᠎ᠠ᠃ 40 ᠡᠬᠢᠨ ᠤ ᠡᠳᠦᠷ ᠲᠠ ᠨᠠᠷ ᠮᠣᠳᠣᠨ ᠤ ᠰᠢᠯᠢᠳᠡᠭ ᠦᠷ᠎ᠡ ᠵᠢᠮᠢᠰ ᠬᠢᠭᠡᠳ ᠳᠠᠯᠳᠠᠤ ᠮᠣᠳᠣ᠂ ᠨᠠᠪᠴᠢᠷᠬᠠᠭ ᠮᠣᠳᠣ᠂ ᠡᠰᠡᠪᠡᠯ ᠭᠣᠣᠯ ᠤᠨ ᠪᠤᠷᠭᠠᠰᠤᠨ ᠤ ᠮᠥᠴᠢᠷ ᠠᠪᠴᠤ᠂ ᠳᠣᠯᠣᠭᠠᠨ ᠬᠣᠨᠣᠭ ᠤᠨ ᠲᠤᠷᠰᠢ ᠶᠣᠬᠣᠸᠠ ᠪᠤᠷᠬᠠᠨ ᠤ ᠪᠠᠨ ᠡᠮᠦᠨ᠎ᠡ ᠪᠠᠶᠠᠰᠤᠭᠲᠤᠨ᠃ 41 ᠵᠢᠯ ᠪᠦᠷᠢ ᠡᠨᠡ ᠭᠠᠷᠠᠭ ᠢ ᠶᠣᠬᠣᠸᠠ ᠳᠤ ᠵᠣᠷᠢᠭᠤᠯᠤᠭᠰᠠᠨ ᠪᠠᠶᠠᠷ ᠪᠣᠯᠭᠠᠨ ᠲᠡᠮᠳᠡᠭᠯᠡᠬᠦ ᠤᠴᠢᠷᠲᠠᠢ᠃ ᠡᠨᠡ ᠨᠢ ᠲᠠ ᠨᠠᠷ ᠤᠨ ᠦᠶ᠎ᠡ ᠶᠢᠨ ᠦᠶ᠎ᠡ ᠳᠡᠭᠡᠨ ᠰᠠᠬᠢᠬᠤ ᠶᠣᠰᠣᠲᠠᠢ ᠪᠠᠢᠩ᠋ᠭᠤ ᠶᠢᠨ ᠵᠢᠷᠤᠮ ᠶᠤᠮ᠂ ᠡᠨᠡ ᠪᠠᠶᠠᠷ ᠢ ᠳᠣᠯᠣᠳᠤᠭᠠᠷ ᠰᠠᠷ᠎ᠠ ᠳᠤ ᠲᠡᠮᠳᠡᠭᠯᠡᠬᠦ ᠤᠴᠢᠷᠲᠠᠢ᠃ 42 ᠲᠠ ᠨᠠᠷ ᠳᠣᠯᠣᠭᠠᠨ ᠬᠣᠨᠣᠭ ᠮᠠᠢᠬᠠᠨ ᠳᠤ ᠰᠠᠭᠤᠬᠤ ᠪᠣᠯᠣᠨ᠎ᠠ᠃ ᠢᠰᠷᠧᠯ ᠤᠨ ᠠᠯᠢᠪᠠ ᠤᠤᠭᠠᠯ ᠬᠥᠮᠦᠨ ᠮᠠᠢᠬᠠᠨ ᠳᠤ ᠰᠠᠭᠤᠬᠤ ᠶᠣᠰᠣᠲᠠᠢ᠃ 43 ᠲᠡᠭᠡᠭᠰᠡᠨ ᠢᠶᠡᠷ ᠢᠰᠷᠧᠯᠴᠦᠳ ᠢ ᠶᠧᠵᠢᠫᠲ ᠡᠴᠡ ᠭᠠᠷᠭᠠᠬᠤ ᠳᠠᠭᠠᠨ ᠲᠡᠳᠡᠨ ᠢ ᠮᠠᠢᠬᠠᠨ ᠳᠤ ᠰᠠᠭᠤᠯᠭᠠᠭᠰᠠᠨ ᠢ ᠮᠢᠨᠢ ᠲᠠ ᠨᠠᠷ ᠤᠨ ᠬᠣᠢᠴᠢ ᠦᠶ᠎ᠡ ᠶᠢᠨ ᠬᠢᠨ ᠮᠡᠳᠡᠬᠦ ᠪᠣᠯᠣᠨ᠎ᠠ᠃ ᠲᠠ ᠨᠠᠷ ᠤᠨ ᠪᠤᠷᠬᠠᠨ ᠪᠣᠯ ᠶᠣᠬᠣᠸᠠ ᠪᠢ》 ᠭᠡᠪᠡ᠃
44 ᠲᠡᠢᠨ ᠬᠦ ᠮᠣᠰᠧ ᠢᠰᠷᠧᠯᠴᠦᠳ ᠲᠦ ᠶᠣᠬᠣᠸᠠ ᠶᠢᠨ ᠲᠣᠪᠯᠠᠭᠰᠠᠨ ᠪᠠᠶᠠᠷ ᠤᠳ ᠢ ᠵᠠᠷᠯᠠᠪᠠ᠃