1 2 3 4 5 6 7 8 9 10 11 12 13 14 15 16 17 18 19 20 21 22 23 24 25 26 27


ᠯᠧᠸᠢ ᠭᠤᠷᠪᠠ
 ᠡᠪ ᠦᠨ ᠲᠠᠬᠢᠯ

1 ᠬᠡᠨ ᠨᠢᠭᠡ ᠨᠢ ᠡᠪ ᠦᠨ ᠲᠠᠬᠢᠯ ᠡᠷᠭᠦᠬᠦ ᠲᠣᠬᠢᠶᠠᠯᠳᠤᠯ ᠳᠤ᠂ ᠦᠬᠡᠷ ᠦᠨ ᠰᠦᠷᠦᠭ ᠡᠴᠡ ᠡᠷᠭᠦᠬᠦ ᠭᠡᠪᠡᠯ᠂ ᠡᠷ᠎ᠡ ᠮᠠᠯ ᠴᠤ ᠪᠠᠢᠭᠰᠠᠨ᠂ ᠡᠮ᠎ᠡ ᠮᠠᠯ ᠴᠤ ᠪᠠᠢᠭᠰᠠᠨ ᠰᠣᠭᠣᠭ ᠦᠭᠡᠢ ᠶᠢ ᠶᠣᠬᠣᠸᠠ ᠶᠢᠨ ᠡᠮᠦᠨ᠎ᠡ ᠡᠷᠭᠦᠬᠦ ᠶᠣᠰᠣᠲᠠᠢ᠃ 2 ᠲᠡᠷᠡ ᠬᠥᠮᠦᠨ ᠭᠠᠷ ᠢᠶᠠᠨ ᠲᠠᠬᠢᠯ ᠤᠨ ᠮᠠᠯ ᠤᠨ ᠢᠶᠠᠨ ᠲᠣᠯᠣᠭᠠᠢ ᠳᠡᠭᠡᠷ᠎ᠡ ᠲᠠᠯᠪᠢᠬᠤ ᠪᠠ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠨᠢᠲᠤᠯᠬᠤ ᠶᠣᠰᠣᠲᠠᠢ᠃ ᠲᠡᠭᠡᠪᠡᠯ ᠠᠷᠣᠨ ᠤ ᠬᠥᠪᠡᠭᠦᠳ ᠪᠣᠯᠬᠤ ᠲᠠᠬᠢᠯᠴᠢᠳ ᠴᠢᠰᠤ ᠶᠢ ᠨᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠨ᠎ᠠ᠃ 3 ᠡᠷᠭᠦᠭᠴᠢ ᠨᠢ ᠡᠪ ᠦᠨ ᠲᠠᠬᠢᠯ ᠢ ᠶᠣᠬᠣᠸᠠ ᠳᠤ ᠭᠠᠯ ᠤᠨ ᠲᠠᠬᠢᠯ ᠪᠣᠯᠭᠠᠨ ᠡᠷᠭᠦᠬᠦ ᠪᠡᠷ ᠪᠦᠬᠦ ᠳᠣᠲᠣᠷ ᠥᠭᠡᠬᠦ ᠶᠢ ᠰᠡᠮᠡᠵᠡᠨ ᠥᠭᠡᠬᠦ ᠲᠠᠢ ᠨᠢ ᠬᠠᠮᠲᠤ᠂ 4 ᠬᠣᠶᠠᠷ ᠪᠥᠭᠡᠷ᠎ᠡ ᠶᠢ ᠤᠭᠤᠴᠠᠨ ᠤ ᠬᠠᠪᠢ ᠳᠠᠬᠢ ᠥᠭᠡᠬᠦ ᠲᠠᠢ ᠨᠢ ᠬᠠᠮᠲᠤ᠂ ᠪᠠᠰᠠ ᠥᠨᠥᠴᠢᠨ ᠡᠯᠢᠭᠡ ᠶᠢ ᠪᠥᠭᠡᠷ᠎ᠡ ᠲᠠᠢ ᠨᠢ ᠬᠠᠮᠲᠤ ᠰᠠᠯᠭᠠᠨ ᠠᠪᠴᠢᠷᠠᠬᠤ ᠶᠣᠰᠣᠲᠠᠢ᠃ 5 ᠲᠡᠭᠡᠪᠡᠯ ᠠᠷᠣᠨ ᠤ ᠬᠥᠪᠡᠭᠦᠳ ᠡᠳᠡᠭᠡᠷ ᠢ ᠲᠠᠬᠢᠯ ᠤᠨ ᠰᠢᠷᠡᠭᠡᠨ ᠳᠡᠭᠡᠷ᠎ᠡ᠂ ᠨᠣᠴᠣᠵᠤ ᠪᠤᠢ ᠲᠦᠯᠡᠭᠡᠨ ᠳᠡᠭᠡᠷ᠎ᠡ ᠰᠢᠲᠠᠭᠠᠯᠭᠠᠲᠤ ᠲᠠᠬᠢᠯ ᠤᠨ ᠬᠠᠮᠲᠤ ᠰᠢᠲᠠᠭᠠᠬᠤ ᠪᠣᠯᠣᠨ᠎ᠠ᠃ ᠡᠨᠡ ᠨᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠶᠤᠮ᠃

6 ᠬᠡᠷᠪᠡ ᠶᠣᠬᠣᠸᠠ ᠳᠤ ᠡᠷᠭᠦᠬᠦ ᠡᠪ ᠦᠨ ᠲᠠᠬᠢᠯ ᠢ ᠬᠣᠨᠢᠨ ᠰᠦᠷᠦᠭ ᠡᠴᠡ ᠡᠷᠭᠦᠬᠦ ᠭᠡᠪᠡᠯ᠂ ᠲᠠᠬᠢᠯ ᠨᠢ ᠡᠷ᠎ᠡ ᠮᠠᠯ ᠴᠤ ᠪᠠᠢᠭᠰᠠᠨ᠂ ᠡᠮ᠎ᠡ ᠮᠠᠯ ᠴᠤ ᠪᠠᠢᠭᠰᠠᠨ᠂ ᠰᠣᠭᠣᠭ ᠦᠭᠡᠢ ᠪᠠᠢᠬᠤ ᠶᠣᠰᠣᠲᠠᠢ᠃ 7 ᠬᠡᠷᠪᠡ ᠬᠤᠷᠠᠭ᠎ᠠ ᠡᠷᠭᠦᠬᠦ ᠭᠡᠪᠡᠯ᠂ ᠲᠡᠭᠦᠨ ᠢ ᠪᠠᠨ ᠶᠣᠬᠣᠸᠠ ᠶᠢᠨ ᠡᠮᠦᠨ᠎ᠡ ᠠᠪᠴᠢᠷᠠᠵᠤ 8 ᠭᠠᠷ ᠢᠶᠠᠨ ᠲᠠᠬᠢᠯ ᠤᠨ ᠬᠤᠷᠠᠭ᠎ᠠ ᠶᠢᠨ ᠢᠶᠠᠨ ᠲᠣᠯᠣᠭᠠᠢ ᠳᠡᠭᠡᠷ᠎ᠡ ᠲᠠᠯᠪᠢᠬᠤ ᠪᠠ ᠠᠭᠤᠯᠵᠠᠯᠲᠠ ᠶᠢᠨ ᠴᠠᠴᠠᠷ ᠤᠨ ᠡᠮᠦᠨ᠎ᠡ ᠲᠡᠭᠦᠨ ᠢ ᠨᠢᠲᠤᠯᠬᠤ ᠶᠣᠰᠣᠲᠠᠢ᠃ ᠲᠡᠭᠡᠪᠡᠯ ᠠᠷᠣᠨ ᠤ ᠬᠥᠪᠡᠭᠦᠳ ᠴᠢᠰᠤ ᠶᠢ ᠨᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠨ᠎ᠠ᠃ 9 ᠡᠷᠭᠦᠭᠴᠢ ᠨᠢ ᠡᠪ ᠦᠨ ᠲᠠᠬᠢᠯ ᠢ ᠶᠣᠬᠣᠸᠠ ᠳᠤ ᠭᠠᠯ ᠤᠨ ᠲᠠᠬᠢᠯ ᠪᠣᠯᠭᠠᠨ ᠡᠷᠭᠦᠬᠦ ᠪᠡᠷ ᠥᠭᠡᠬᠦ᠂ ᠲᠤᠬᠠᠢᠯᠠᠪᠠᠯ ᠤᠭᠤᠴᠠᠨ ᠤ ᠬᠢᠨᠢ ᠤᠭ ᠢᠶᠠᠷ ᠰᠠᠯᠭᠠᠬᠤ ᠰᠡᠭᠦᠯ ᠦᠨ ᠪᠦᠬᠦ ᠥᠭᠡᠬᠦ᠂ ᠪᠦᠬᠦ ᠳᠣᠲᠣᠷ ᠥᠭᠡᠬᠦ ᠶᠢ ᠰᠡᠮᠡᠵᠡᠨ ᠥᠭᠡᠬᠦ ᠲᠠᠢ ᠨᠢ ᠬᠠᠮᠲᠤ᠂ 10 ᠬᠣᠶᠠᠷ ᠪᠥᠭᠡᠷ᠎ᠡ ᠶᠢ ᠤᠭᠤᠴᠠᠨ ᠤ ᠬᠠᠪᠢ ᠳᠠᠬᠢ ᠥᠭᠡᠬᠦ ᠲᠠᠢ ᠨᠢ ᠬᠠᠮᠲᠤ᠂ ᠪᠠᠰᠠ ᠥᠨᠥᠴᠢᠨ ᠡᠯᠢᠭᠡ ᠶᠢ ᠨᠢ ᠪᠥᠭᠡᠷ᠎ᠡ ᠲᠠᠢ ᠨᠢ ᠬᠠᠮᠲᠤ ᠰᠠᠯᠭᠠᠨ ᠠᠪᠴᠢᠷᠠᠬᠤ ᠶᠣᠰᠣᠲᠠᠢ᠃ 11 ᠲᠡᠭᠡᠪᠡᠯ ᠲᠠᠬᠢᠯᠴᠢ ᠡᠳᠡᠭᠡᠷ ᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠨᠢ ᠶᠣᠬᠣᠸᠠ ᠳᠤ ᠪᠠᠷᠢᠬᠤ ᠭᠠᠯ ᠤᠨ ᠢᠳᠡᠭᠡᠨ ᠲᠠᠬᠢᠯ ᠶᠤᠮ᠃

12 ᠬᠡᠷᠪᠡ ᠲᠠᠬᠢᠯ ᠨᠢ ᠢᠮᠠᠭ᠎ᠠ ᠪᠠᠢᠪᠠᠯ ᠲᠡᠭᠦᠨ ᠢ ᠶᠣᠬᠣᠸᠠ ᠶᠢᠨ ᠡᠮᠦᠨ᠎ᠡ ᠠᠪᠴᠢᠷᠠᠵᠤ᠂ 13 ᠲᠣᠯᠣᠭᠠᠢ ᠳᠡᠭᠡᠷ᠎ᠡ ᠨᠢ ᠭᠠᠷ ᠢᠶᠠᠨ ᠲᠠᠯᠪᠢᠬᠤ ᠪᠠ ᠲᠡᠭᠦᠨ ᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠨᠢᠲᠤᠯᠬᠤ ᠶᠣᠰᠣᠲᠠᠢ᠃ ᠲᠡᠭᠡᠪᠡᠯ ᠠᠷᠣᠨ ᠤ ᠬᠥᠪᠡᠭᠦᠳ ᠴᠢᠰᠤ ᠶᠢ ᠨᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠨ᠎ᠠ᠃ 14 ᠡᠷᠭᠦᠭᠴᠢ ᠨᠢ ᠡᠭᠦᠨ ᠢ ᠶᠣᠬᠣᠸᠠ ᠳᠤ ᠭᠠᠯ ᠤᠨ ᠲᠠᠬᠢᠯ ᠪᠣᠯᠭᠠᠨ ᠡᠷᠭᠦᠬᠦ ᠪᠡᠷ ᠪᠦᠬᠦ ᠳᠣᠲᠣᠷ ᠥᠭᠡᠬᠦ ᠶᠢ ᠰᠡᠮᠡᠵᠡᠨ ᠥᠭᠡᠬᠦ ᠲᠠᠢ ᠨᠢ ᠬᠠᠮᠲᠤ᠂ 15 ᠬᠣᠶᠠᠷ ᠪᠥᠭᠡᠷ᠎ᠡ ᠶᠢ ᠤᠭᠤᠴᠠᠨ ᠤ ᠬᠠᠪᠢ ᠳᠠᠬᠢ ᠥᠭᠡᠬᠦ ᠲᠠᠢ ᠨᠢ ᠬᠠᠮᠲᠤ᠂ ᠪᠠᠰᠠ ᠥᠨᠥᠴᠢᠨ ᠡᠯᠢᠭᠡ ᠶᠢ ᠪᠥᠭᠡᠷ᠎ᠡ ᠲᠠᠢ ᠨᠢ ᠬᠠᠮᠲᠤ ᠰᠠᠯᠭᠠᠨ ᠠᠪᠴᠢᠷᠠᠬᠤ ᠶᠣᠰᠣᠲᠠᠢ᠃ 16 ᠲᠡᠭᠡᠪᠡᠯ ᠲᠠᠬᠢᠯᠴᠢ ᠡᠳᠡᠭᠡᠷ ᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠨᠢ ᠲᠠᠭᠠᠯᠠᠮᠵᠢᠲᠤ ᠠᠩᠬᠢᠯᠤᠭᠤᠨ ᠦᠨᠦᠷ᠂ ᠭᠠᠯ ᠤᠨ ᠢᠳᠡᠭᠡᠨ ᠲᠠᠬᠢᠯ ᠶᠤᠮ᠃

17 ᠲᠠ ᠨᠠᠷ ᠠᠯᠢᠪᠠ ᠥᠭᠡᠬᠦ᠂ ᠠᠯᠢᠪᠠ ᠴᠢᠰᠤ ᠶᠢ ᠪᠦᠦ ᠢᠳᠡ᠂ ᠡᠨᠡ ᠨᠢ ᠲᠠ ᠨᠠᠷ ᠤᠨ ᠠᠮᠢᠳᠤᠷᠠᠬᠤ ᠭᠠᠵᠠᠷ ᠪᠦᠷᠢ ᠳᠡᠭᠡᠨ ᠦᠶ᠎ᠡ ᠤᠯᠠᠮᠵᠢᠯᠠᠨ ᠰᠠᠬᠢᠬᠤ ᠡᠭᠦᠷᠢᠳᠡ ᠶᠢᠨ ᠶᠣᠰᠣ ᠵᠢᠷᠤᠮ ᠪᠣᠯᠬᠤ ᠶᠤᠮ》 ᠭᠡᠯ᠎ᠡ᠃