ᠯᠧᠸᠢ ᠳᠣᠯᠣᠭ᠎ᠠ
1 ᠭᠡᠮ ᠦᠨ ᠲᠠᠬᠢᠯ ᠤᠨ ᠬᠠᠤᠯᠢ ᠭᠡᠪᠡᠯ᠂ ᠭᠡᠮ ᠦᠨ ᠲᠠᠬᠢᠯ ᠨᠢ ᠠᠷᠢᠭᠤᠨ ᠠᠴᠠ ᠠᠷᠢᠭᠤᠨ ᠶᠤᠮ᠃ 2 ᠡᠭᠦᠨ ᠢ ᠲᠡᠳᠡ ᠰᠢᠲᠠᠭᠠᠯᠭᠠᠲᠤ ᠲᠠᠬᠢᠯ ᠢ ᠨᠢᠲᠤᠯᠳᠠᠭ ᠭᠠᠵᠠᠷ ᠲᠤ ᠨᠢᠲᠤᠯᠵᠤ᠂ ᠴᠢᠰᠤ ᠶᠢ ᠨᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠦᠷᠴᠢᠬᠦ ᠶᠣᠰᠣᠲᠠᠢ᠃ 3 ᠲᠡᠭᠦᠨ ᠡᠴᠡ ᠪᠦᠬᠦ ᠥᠭᠡᠬᠦ᠂ ᠲᠤᠬᠠᠢᠯᠠᠪᠠᠯ ᠰᠡᠭᠦᠯ ᠦᠨ ᠥᠭᠡᠬᠦ᠂ ᠳᠣᠲᠣᠷ ᠥᠭᠡᠬᠦ ᠶᠢ᠂ 4 ᠬᠣᠶᠠᠷ ᠪᠥᠭᠡᠷ᠎ᠡ ᠶᠢ ᠤᠭᠤᠴᠠᠨ ᠤ ᠬᠠᠪᠢ ᠳᠠᠬᠢ ᠥᠭᠡᠬᠦ ᠲᠠᠢ ᠨᠢ ᠬᠠᠮᠲᠤ᠂ ᠪᠥᠭᠡᠷ᠎ᠡ ᠲᠠᠢ ᠬᠠᠮᠲᠤ ᠪᠠᠰᠠ ᠥᠨᠥᠴᠢᠨ ᠡᠯᠢᠭᠡ ᠶᠢ ᠰᠠᠯᠭᠠᠨ ᠠᠪᠴᠢᠷᠠᠬᠤ ᠶᠣᠰᠣᠲᠠᠢ᠃ 5 ᠲᠠᠬᠢᠯᠴᠢ ᠲᠡᠳᠡᠭᠡᠷ ᠢ ᠶᠣᠬᠣᠸᠠ ᠳᠤ ᠭᠠᠯ ᠤᠨ ᠲᠠᠬᠢᠯ ᠪᠣᠯᠭᠠᠨ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠪᠣᠯ ᠭᠡᠮ ᠦᠨ ᠲᠠᠬᠢᠯ ᠶᠤᠮ᠃ 6 ᠲᠠᠬᠢᠯᠴᠢ ᠶᠢᠨ ᠭᠡᠷ ᠪᠦᠯᠢ ᠶᠢᠨ ᠡᠷ᠎ᠡ ᠬᠦᠢᠰᠦᠲᠡᠨ ᠪᠣᠯᠭᠠᠨ ᠲᠡᠭᠦᠨ ᠢ ᠢᠳᠡᠵᠦ ᠪᠣᠯᠣᠨ᠎ᠠ᠃ ᠭᠡᠪᠡᠴᠦ ᠠᠷᠢᠭᠤᠨ ᠭᠠᠵᠠᠷ ᠲᠤ ᠯᠠ ᠢᠳᠡᠬᠦ ᠶᠣᠰᠣᠲᠠᠢ᠃ ᠡᠨᠡ ᠨᠢ ᠠᠷᠢᠭᠤᠨ ᠠᠴᠠ ᠠᠷᠢᠭᠤᠨ ᠪᠢᠯᠡ᠃
7 ᠭᠡᠮ ᠦᠨ ᠲᠠᠬᠢᠯ ᠳᠤ ᠴᠤ᠂ ᠨᠢᠭᠦᠯ ᠦᠨ ᠲᠠᠬᠢᠯ ᠳᠤ ᠴᠤ ᠲᠣᠬᠢᠷᠠᠬᠤ ᠨᠡᠢᠲᠡ ᠶᠢᠨ ᠬᠠᠤᠯᠢ ᠭᠡᠪᠡᠯ᠂ ᠠᠯᠢ ᠡᠷᠭᠦᠯ ᠨᠢ ᠴᠤ᠂ ᠲᠡᠷᠡ ᠡᠷᠭᠦᠯ ᠢᠶᠡᠷ ᠭᠡᠮ ᠦᠨ ᠬᠡᠯᠲᠦᠷᠢᠭᠦᠯᠦᠯᠭᠡ ᠬᠢᠵᠦ ᠪᠠᠢᠭ᠎ᠠ ᠲᠠᠬᠢᠯᠴᠢ ᠶᠢᠨ ᠬᠢ ᠪᠣᠯᠬᠤ ᠶᠤᠮ᠃ 8 ᠬᠡᠨ ᠨᠢᠭᠡᠨ ᠦ ᠲᠥᠯᠥᠭᠡ ᠰᠢᠲᠠᠭᠠᠯᠭᠠᠲᠤ ᠲᠠᠬᠢᠯ ᠡᠷᠭᠦᠬᠦ ᠲᠠᠬᠢᠯᠴᠢ ᠶᠢᠨ ᠬᠤᠪᠢ ᠳᠤ᠂ ᠡᠷᠭᠦᠭᠰᠡᠨ ᠰᠢᠲᠠᠭᠠᠯᠭᠠᠲᠤ ᠲᠠᠬᠢᠯ ᠤᠨ ᠮᠠᠯ ᠤᠨ ᠬᠢᠨᠢ ᠠᠷᠠᠰᠤ ᠨᠢ ᠲᠡᠭᠦᠨ ᠦ ᠬᠤᠪᠢ ᠪᠣᠯᠣᠨ᠎ᠠ᠃ 9 ᠵᠤᠤᠬᠠᠨ ᠳᠡᠭᠡᠷ᠎ᠡ ᠬᠠᠭᠰᠠᠭᠠᠭᠰᠠᠨ᠂ ᠰᠠᠪᠠᠨ ᠳᠤ ᠬᠢᠭᠰᠡᠨ᠂ ᠬᠠᠭᠠᠷᠢᠭᠤᠯ ᠳᠡᠭᠡᠷ᠎ᠡ ᠬᠢᠭᠰᠡᠨ ᠢᠳᠡᠭᠡᠨ ᠡᠷᠭᠦᠯ ᠪᠣᠯᠭᠠᠨ ᠨᠢ ᠪᠦᠭᠦᠳᠡᠭᠡᠷ ᠢᠶᠡᠨ ᠡᠳᠡᠭᠡᠷ ᠢ ᠡᠷᠭᠦᠭᠰᠡᠨ ᠲᠠᠬᠢᠯᠴᠢ ᠶᠢᠨ ᠬᠤᠪᠢ ᠪᠣᠯᠣᠨ᠎ᠠ᠃ 10 ᠲᠣᠰᠣ ᠲᠠᠢ ᠪᠠᠭᠰᠤᠷᠠᠭᠰᠠᠨ ᠴᠤ᠂ ᠬᠠᠭᠤᠷᠠᠢ ᠪᠠᠢᠭᠰᠠᠨ ᠴᠤ ᠢᠳᠡᠭᠡᠨ ᠲᠠᠬᠢᠯ ᠨᠢ ᠪᠦᠭᠦᠳᠡ ᠠᠷᠣᠨ ᠤ ᠪᠦᠬᠦ ᠬᠥᠪᠡᠭᠦᠨ ᠳᠦ ᠲᠡᠩᠴᠡᠭᠦᠦ ᠨᠣᠭᠳᠠᠨ᠎ᠠ᠃
11 ᠶᠣᠬᠣᠸᠠ ᠳᠤ ᠪᠠᠷᠢᠬᠤ ᠡᠪ ᠦᠨ ᠲᠠᠬᠢᠯ ᠤᠨ ᠬᠠᠤᠯᠢ ᠭᠡᠪᠡᠯ᠂ 12 ᠬᠥᠮᠦᠨ ᠲᠠᠯᠠᠷᠬᠠᠯ ᠤᠨ ᠤᠴᠢᠷ ᠢᠶᠠᠷ ᠡᠷᠭᠦᠬᠦ ᠳᠡᠭᠡᠨ ᠲᠡᠷᠡ ᠬᠦ ᠲᠠᠯᠠᠷᠬᠠᠯ ᠤᠨ ᠡᠷᠭᠦᠯ ᠲᠡᠢ ᠬᠠᠮᠲᠤ ᠲᠣᠰᠣ ᠲᠠᠢ ᠪᠠᠭᠰᠤᠷᠠᠭᠰᠠᠨ ᠢᠰᠭᠡᠭᠡ ᠦᠭᠡᠢ ᠪᠣᠭᠣᠷᠰᠣᠭ᠂ ᠲᠣᠰᠣ ᠲᠦᠷᠬᠢᠭᠰᠡᠨ ᠢᠰᠭᠡᠭᠡ ᠦᠭᠡᠢ ᠬᠠᠭᠠᠷᠢᠭᠰᠠᠨ ᠪᠣᠣᠪᠣ᠂ ᠨᠠᠷᠢᠯᠢᠭ᠋ ᠭᠤᠯᠢᠷ ᠢ ᠲᠣᠰᠣ ᠲᠠᠢ ᠰᠠᠢᠲᠤᠷ ᠪᠠᠭᠰᠤᠷᠠᠭᠰᠠᠨ ᠪᠣᠭᠣᠷᠰᠣᠭ ᠢ ᠡᠷᠭᠦᠬᠦ ᠶᠣᠰᠣᠲᠠᠢ᠃ 13 ᠲᠠᠯᠠᠷᠬᠠᠯ ᠤᠨ ᠲᠥᠯᠥᠭᠡ ᠡᠪ ᠦᠨ ᠲᠠᠬᠢᠯ ᠡᠷᠭᠦᠬᠦ ᠲᠣᠬᠢᠶᠠᠯᠳᠤᠯ ᠳᠤ᠂ ᠲᠡᠭᠦᠨ ᠲᠡᠢ ᠬᠠᠮᠲᠤ ᠢᠰᠭᠡᠭᠦᠷ ᠲᠡᠢ ᠪᠣᠭᠣᠷᠰᠣᠭ ᠢ ᠡᠷᠭᠦᠵᠦ ᠪᠣᠯᠣᠨ᠎ᠠ᠃ 14 ᠡᠢᠮᠦ ᠡᠷᠭᠦᠯ ᠤᠳ ᠤᠨ ᠲᠥᠷᠥᠯ ᠪᠦᠷᠢ ᠡᠴᠡ ᠨᠢᠭᠡ ᠶᠢ ᠠᠪᠴᠤ ᠬᠠᠨᠳᠢᠪ ᠪᠣᠯᠭᠠᠨ ᠶᠣᠬᠣᠸᠠ ᠳᠤ ᠡᠷᠭᠦᠨ᠎ᠡ᠃ ᠲᠡᠭᠡᠪᠡᠯ ᠲᠡᠳᠡᠭᠡᠷ ᠨᠢ ᠡᠪ ᠦᠨ ᠲᠠᠬᠢᠯ ᠤᠨ ᠴᠢᠰᠤ ᠶᠢ ᠰᠠᠴᠤᠭᠰᠠᠨ ᠲᠠᠬᠢᠯᠴᠢ ᠶᠢᠨ ᠬᠢ ᠪᠣᠯᠣᠨ᠎ᠠ᠃ 15 ᠲᠠᠯᠠᠷᠬᠠᠯ ᠤᠨ ᠲᠥᠯᠥᠭᠡ ᠡᠷᠭᠦᠭᠰᠡᠨ ᠡᠪ ᠦᠨ ᠲᠠᠬᠢᠯ ᠤᠨ ᠡᠷᠭᠦᠯ ᠦᠨ ᠮᠢᠬ᠎ᠠ ᠶᠢ ᠡᠷᠭᠦᠭᠰᠡᠨ ᠡᠳᠦᠷ ᠲᠡᠭᠡᠨ ᠢᠳᠡᠬᠦ ᠶᠣᠰᠣᠲᠠᠢ᠃ ᠥᠷᠯᠥᠭᠡ ᠪᠣᠯᠲᠠᠯ᠎ᠠ ᠲᠡᠭᠦᠨ ᠡᠴᠡ ᠶᠠᠭᠤ ᠶᠢ ᠴᠤ ᠦᠯᠡᠳᠡᠭᠡᠵᠦ ᠪᠣᠯᠬᠤ ᠦᠭᠡᠢ᠃ 16 ᠬᠠᠷᠢᠨ ᠡᠷᠭᠦᠯ ᠨᠢ ᠠᠮᠠᠨ ᠥᠴᠢᠭ ᠪᠤᠶᠤ ᠰᠠᠢᠨ ᠳᠤᠷ᠎ᠠ ᠶᠢᠨ ᠪᠠᠢᠬᠤ ᠲᠣᠬᠢᠶᠠᠯᠳᠤᠯ ᠳᠤ᠂ ᠲᠡᠭᠦᠨ ᠢ ᠡᠷᠭᠦᠭᠰᠡᠨ ᠡᠳᠦᠷ ᠲᠤᠨᠢ ᠢᠳᠡᠬᠦ ᠶᠣᠰᠣᠲᠠᠢ ᠪᠣᠯᠪᠠᠴᠤ ᠦᠯᠡᠳᠡᠪᠦᠷᠢ ᠶᠢ ᠨᠢ ᠮᠠᠷᠭᠠᠰᠢ ᠨᠢ ᠢᠳᠡᠵᠦ ᠪᠣᠯᠣᠨ᠎ᠠ᠃ 17 ᠭᠡᠪᠡᠴᠦ ᠭᠤᠷᠪᠠᠳᠠᠬᠢ ᠡᠳᠦᠷ ᠨᠢ ᠪᠣᠯᠲᠠᠯ᠎ᠠ ᠦᠯᠡᠳᠡᠭᠰᠡᠨ ᠮᠢᠬ᠎ᠠ ᠶᠢ ᠭᠠᠯ ᠳᠤ ᠰᠢᠲᠠᠭᠠᠬᠤ ᠶᠣᠰᠣᠲᠠᠢ᠃ 18 ᠡᠪ ᠦᠨ ᠲᠠᠬᠢᠯ ᠤᠨ ᠶᠠᠮᠠᠷ ᠴᠤ ᠮᠢᠬ᠎ᠠ ᠶᠢ ᠭᠤᠷᠪᠠᠳᠠᠬᠢ ᠡᠳᠦᠷ ᠢᠳᠡᠬᠦ ᠲᠣᠬᠢᠶᠠᠯᠳᠤᠯ ᠳᠤ᠂ ᠡᠷᠭᠦᠯ ᠨᠢ ᠬᠦᠯᠢᠶᠡᠨ ᠠᠪᠤᠭᠳᠠᠬᠤ ᠦᠭᠡᠢ᠂ ᠮᠥᠨ ᠡᠷᠭᠦᠭᠰᠡᠨ ᠬᠥᠮᠦᠨ ᠳᠦ ᠴᠤ ᠲᠤᠰᠠ ᠪᠣᠯᠬᠤ ᠦᠭᠡᠢ᠂ ᠪᠤᠵᠠᠷ ᠵᠦᠢᠯ ᠪᠣᠯᠬᠤ ᠪᠥᠭᠡᠳ ᠲᠡᠭᠦᠨ ᠡᠴᠡ ᠢᠳᠡᠬᠦ ᠬᠥᠮᠦᠨ ᠥᠪᠡᠷ ᠦᠨ ᠢᠶᠠᠨ ᠭᠡᠮ ᠢ ᠡᠭᠦᠷᠬᠦ ᠪᠣᠯᠣᠨ᠎ᠠ᠃
19 ᠠᠯᠢᠪᠠ ᠪᠤᠵᠠᠷ ᠵᠦᠢᠯ ᠳᠤ ᠬᠦᠷᠦᠭᠰᠡᠨ ᠮᠢᠬ᠎ᠠ ᠶᠢ ᠢᠳᠡᠵᠦ ᠪᠣᠯᠬᠤ ᠦᠭᠡᠢ᠃ ᠲᠡᠭᠦᠨ ᠢ ᠭᠠᠯ ᠳᠤ ᠰᠢᠲᠠᠭᠠᠬᠤ ᠶᠣᠰᠣᠲᠠᠢ᠃ ᠪᠤᠰᠤᠳ ᠮᠢᠬ᠎ᠠ ᠶᠢ ᠴᠡᠪᠡᠷ ᠬᠥᠮᠦᠨ ᠪᠣᠯᠭᠠᠨ ᠢᠳᠡᠵᠦ ᠪᠣᠯᠣᠨ᠎ᠠ᠃ 20 ᠬᠠᠷᠢᠨ ᠪᠤᠵᠠᠷᠲᠤᠭᠰᠠᠨ ᠪᠠᠢᠲᠠᠯ᠎ᠠ ᠪᠠᠨ ᠶᠣᠬᠣᠸᠠ ᠶᠢᠨ ᠬᠢ ᠪᠣᠯᠬᠤ ᠡᠪ ᠦᠨ ᠲᠠᠬᠢᠯ ᠤᠨ ᠮᠢᠬᠠᠨ ᠠᠴᠠ ᠢᠳᠡᠭᠰᠡᠨ ᠬᠥᠮᠦᠨ ᠠᠷᠠᠳ ᠣᠯᠠᠨ ᠠᠴᠠ ᠪᠠᠨ ᠲᠠᠰᠤᠯᠤᠭᠳᠠᠨ᠎ᠠ᠃ 21 ᠮᠥᠨ ᠬᠥᠮᠦᠨ ᠦ ᠪᠤᠵᠠᠷ᠂ ᠪᠤᠵᠠᠷ ᠠᠮᠢᠲᠠᠨ᠂ ᠡᠰᠡᠪᠡᠯ ᠠᠯᠢᠪᠠ ᠵᠢᠭ᠍ᠰᠢᠮᠡᠷ ᠪᠤᠵᠠᠷ ᠵᠦᠢᠯ ᠵᠡᠷᠭᠡ ᠠᠯᠢᠪᠠ ᠪᠤᠵᠠᠷ ᠲᠤ ᠬᠦᠷᠦᠭᠰᠡᠨ ᠪᠠᠢᠲᠠᠯ᠎ᠠ ᠪᠠᠨ ᠶᠣᠬᠣᠸᠠ ᠶᠢᠨ ᠬᠢ ᠪᠣᠯᠬᠤ ᠡᠪ ᠦᠨ ᠲᠠᠬᠢᠯ ᠤᠨ ᠮᠢᠬᠠᠨ ᠠᠴᠠ ᠢᠳᠡᠭᠰᠡᠨ ᠬᠥᠮᠦᠨ ᠠᠷᠠᠳ ᠣᠯᠠᠨ ᠠᠴᠠ ᠪᠠᠨ ᠲᠠᠰᠤᠯᠤᠭᠳᠠᠨ᠎ᠠ》 ᠭᠡᠪᠡ᠃
ᠥᠭᠡᠬᠦ ᠪᠣᠯᠣᠨ ᠴᠢᠰᠤ ᠶᠢ ᠢᠳᠡᠵᠦ ᠪᠣᠯᠬᠤ ᠦᠭᠡᠢ
22 ᠶᠣᠬᠣᠸᠠ ᠮᠣᠰᠧ ᠳᠤ ᠠᠢᠯᠠᠳᠤᠨ᠄ 23 《ᠢᠰᠷᠧᠯᠴᠦᠳ ᠲᠦ ᠵᠠᠬᠢ᠄ ᠲᠠ ᠨᠠᠷ ᠦᠬᠡᠷ᠂ ᠬᠣᠨᠢ᠂ ᠢᠮᠠᠭᠠᠨ ᠤ ᠠᠯᠢᠪᠠ ᠥᠭᠡᠬᠦ ᠶᠢ ᠪᠦᠦ ᠢᠳᠡ᠃ 24 ᠠᠶᠠᠨᠳᠠᠭᠠᠨ ᠦᠬᠦᠭᠰᠡᠨ ᠠᠮᠢᠲᠠᠨ᠂ ᠡᠰᠡᠪᠡᠯ ᠠᠷᠢᠶᠠᠲᠠᠨ ᠳᠤ ᠲᠠᠰᠤᠳᠠᠭᠤᠯᠤᠭᠰᠠᠨ ᠠᠮᠢᠲᠠᠨ ᠤ ᠥᠭᠡᠬᠦ ᠶᠢ ᠶᠠᠩᠵᠤ ᠪᠦᠷᠢ ᠪᠠᠷ ᠠᠰᠢᠭᠯᠠᠵᠤ ᠪᠣᠯᠬᠤ ᠪᠣᠯᠪᠠᠴᠤ ᠲᠡᠭᠦᠨ ᠢ ᠢᠳᠡᠵᠦ ᠣᠭᠲᠣ ᠪᠣᠯᠬᠤ ᠦᠭᠡᠢ᠃ 25 ᠶᠣᠬᠣᠸᠠ ᠳᠤ ᠭᠠᠯ ᠤᠨ ᠲᠠᠬᠢᠯ ᠪᠣᠯᠭᠠᠭᠰᠠᠨ ᠲᠠᠬᠢᠯ ᠤᠨ ᠠᠮᠢᠲᠠᠨ ᠤ ᠥᠭᠡᠬᠦ ᠶᠢ ᠢᠳᠡᠭᠰᠡᠨ ᠬᠥᠮᠦᠨ ᠪᠣᠯᠭᠠᠨ ᠥᠪᠡᠷ ᠦᠨ ᠢᠶᠠᠨ ᠠᠷᠠᠳ ᠣᠯᠠᠨ ᠠᠴᠠ ᠲᠠᠰᠤᠯᠤᠭᠳᠠᠨ᠎ᠠ᠃ 26 ᠮᠥᠨ ᠰᠢᠪᠠᠭᠤᠨ ᠤ ᠬᠢ ᠶᠢ ᠴᠤ ᠭᠡᠰᠡᠨ᠂ ᠠᠮᠢᠲᠠᠨ ᠤ ᠬᠢ ᠶᠢ ᠴᠤ ᠭᠡᠰᠡᠨ᠂ ᠶᠠᠮᠠᠷ ᠴᠤ ᠴᠢᠰᠤ ᠶᠢ ᠲᠠ ᠨᠠᠷ ᠠᠮᠢᠳᠤᠷᠠᠵᠤ ᠪᠤᠢ ᠠᠯᠢ ᠴᠤ ᠭᠠᠵᠠᠷ ᠲᠠᠭᠠᠨ ᠢᠳᠡᠵᠦ ᠪᠣᠯᠬᠤ ᠦᠭᠡᠢ᠃ 27 ᠶᠠᠮᠠᠷ ᠴᠤ ᠴᠢᠰᠤ ᠶᠢ ᠢᠳᠡᠭᠰᠡᠨ ᠬᠥᠮᠦᠨ ᠪᠣᠯᠭᠠᠨ ᠥᠪᠡᠷ ᠦᠨ ᠢᠶᠠᠨ ᠠᠷᠠᠳ ᠣᠯᠠᠨ ᠠᠴᠠ ᠲᠠᠰᠤᠯᠤᠭᠳᠠᠨ᠎ᠠ》 ᠭᠡᠪᠡ᠃
ᠲᠠᠬᠢᠯᠴᠢᠳ ᠤᠨ ᠬᠤᠪᠢ
28 ᠶᠣᠬᠣᠸᠠ ᠮᠣᠰᠧ ᠳᠤ ᠠᠢᠯᠠᠳᠤᠨ᠄ 29 《ᠢᠰᠷᠧᠯᠴᠦᠳ ᠲᠦ ᠵᠠᠬᠢ᠄ ᠶᠣᠬᠣᠸᠠ ᠳᠤ ᠡᠪ ᠦᠨ ᠲᠠᠬᠢᠯ ᠡᠷᠭᠦᠬᠦ ᠭᠡᠪᠡᠯ᠂ ᠲᠡᠭᠦᠨ ᠡᠴᠡ ᠬᠡᠰᠡᠭ ᠢ ᠨᠢ ᠶᠣᠬᠣᠸᠠ ᠳᠤ ᠡᠷᠭᠦᠬᠦ ᠬᠠᠨᠳᠢᠪ ᠪᠣᠯᠭᠠᠨ ᠠᠪᠴᠢᠷᠠ᠃ 30 ᠲᠡᠷᠡ ᠬᠥᠮᠦᠨ ᠶᠣᠬᠣᠸᠠ ᠳᠤ ᠡᠷᠭᠦᠬᠦ ᠭᠠᠯ ᠤᠨ ᠲᠠᠬᠢᠯ ᠢ ᠥᠪᠡᠷ ᠦᠨ ᠢᠶᠠᠨ ᠭᠠᠷ ᠢᠶᠠᠷ ᠠᠪᠴᠢᠷᠠᠬᠤ ᠶᠣᠰᠣᠲᠠᠢ᠃ ᠥᠭᠡᠬᠦ ᠶᠢ ᠡᠪᠴᠢᠭᠦᠨ ᠦ ᠬᠠᠮᠲᠤ ᠠᠪᠴᠢᠷᠠᠪᠠᠯ ᠲᠠᠬᠢᠯᠴᠢ ᠡᠭᠦᠨ ᠢ ᠳᠠᠯᠠᠯᠬᠤ ᠲᠠᠬᠢᠯ ᠪᠣᠯᠭᠠᠨ ᠶᠣᠬᠣᠸᠠ ᠶᠢᠨ ᠡᠮᠦᠨ᠎ᠡ ᠳᠠᠯᠠᠯᠬᠤ ᠪᠣᠯᠣᠨ᠎ᠠ᠃ 31 ᠲᠠᠬᠢᠯᠴᠢ ᠥᠭᠡᠬᠦ ᠶᠢ ᠨᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠬᠠᠷᠢᠨ ᠡᠪᠴᠢᠭᠦᠦ ᠨᠢ ᠠᠷᠣᠨ ᠪᠣᠯᠣᠨ ᠲᠡᠭᠦᠨ ᠦ ᠬᠥᠪᠡᠭᠦᠳ ᠦᠨ ᠬᠤᠪᠢ ᠪᠣᠯᠣᠨ᠎ᠠ᠃ 32 ᠪᠠᠷᠠᠭᠤᠨ ᠭᠤᠶ᠎ᠠ ᠶᠢ ᠨᠢ ᠲᠠ ᠨᠠᠷ ᠡᠪ ᠦᠨ ᠲᠠᠬᠢᠯ ᠠᠴᠠ ᠪᠠᠨ ᠠᠪᠴᠤ ᠬᠠᠨᠳᠢᠪ ᠪᠣᠯᠭᠠᠨ ᠲᠠᠬᠢᠯᠴᠢ ᠳᠤ ᠥᠭᠬᠦ ᠶᠣᠰᠣᠲᠠᠢ᠃ 33 ᠡᠨᠡ ᠭᠤᠶ᠎ᠠ ᠨᠢ ᠠᠷᠣᠨ ᠤ ᠬᠥᠪᠡᠭᠦᠳ ᠦᠨ ᠳᠣᠲᠣᠷ᠎ᠠ ᠠᠴᠠ ᠡᠪ ᠦᠨ ᠲᠠᠬᠢᠯ ᠤᠨ ᠴᠢᠰᠤ ᠪᠤᠶᠤ ᠥᠭᠡᠬᠦ ᠡᠷᠭᠦᠳᠡᠭ ᠬᠥᠮᠦᠨ ᠦ ᠬᠤᠪᠢ ᠪᠣᠯᠣᠨ᠎ᠠ᠃ 34 ᠤᠴᠢᠷ ᠨᠢ ᠪᠢ ᠳᠠᠯᠠᠯᠬᠤ ᠡᠷᠭᠦᠯ ᠦᠨ ᠡᠪᠴᠢᠭᠦᠦ ᠪᠣᠯᠣᠨ ᠭᠤᠶ᠎ᠠ ᠶᠢ ᠢᠰᠷᠧᠯᠴᠦᠳ ᠡᠴᠡ᠂ ᠲᠡᠳᠡᠨ ᠦ ᠡᠪ ᠦᠨ ᠲᠠᠬᠢᠯ ᠠᠴᠠ ᠠᠪᠴᠤ ᠲᠠᠬᠢᠯᠴᠢ ᠠᠷᠣᠨ ᠪᠣᠯᠣᠨ ᠲᠡᠭᠦᠨ ᠦ ᠬᠥᠪᠡᠭᠦᠳ ᠲᠦ ᠪᠠᠢᠩ᠋ᠭᠤ ᠶᠢᠨ ᠬᠤᠪᠢ ᠪᠣᠯᠭᠠᠨ ᠥᠭᠭᠥᠭᠰᠡᠨ ᠶᠤᠮ᠃ 35 ᠠᠷᠣᠨ ᠪᠣᠯᠣᠨ ᠲᠡᠭᠦᠨ ᠦ ᠬᠥᠪᠡᠭᠦᠳ ᠶᠣᠬᠣᠸᠠ ᠳᠤ ᠦᠢᠯᠡᠴᠢᠯᠡᠬᠦ ᠲᠠᠬᠢᠯᠴᠢ ᠶᠢᠨ ᠠᠯᠪᠠᠨ ᠳᠤ ᠳᠠᠭᠤᠳᠠᠭᠳᠠᠭᠰᠠᠨ ᠡᠳᠦᠷ ᠲᠦ ᠡᠳᠡᠭᠡᠷ ᠨᠢ ᠲᠡᠳᠡᠨ ᠦ ᠬᠤᠪᠢ ᠪᠣᠯᠵᠤ᠂ ᠶᠣᠬᠣᠸᠠ ᠳᠤ ᠡᠷᠭᠦᠬᠦ ᠭᠠᠯ ᠤᠨ ᠲᠠᠬᠢᠯ ᠤᠳ ᠤᠨ ᠳᠤᠮᠳᠠ ᠠᠴᠠ ᠲᠤᠰᠠᠭᠠᠷᠯᠠᠭᠳᠠᠭᠰᠠᠨ ᠶᠤᠮ᠃ 36 ᠲᠡᠳᠡ ᠨᠠᠷ ᠲᠤ ᠡᠳᠡᠭᠡᠷ ᠢ ᠦᠶ᠎ᠡ ᠶᠢᠨ ᠦᠶ᠎ᠡ ᠳᠦ ᠪᠠᠢᠩ᠋ᠭᠤ ᠶᠢᠨ ᠬᠤᠪᠢ ᠪᠣᠯᠭᠠᠨ ᠥᠭᠭᠥᠭᠡᠷᠡᠢ ᠭᠡᠵᠦ ᠶᠣᠬᠣᠸᠠ ᠲᠡᠳᠡᠨ ᠢ ᠲᠣᠰᠣᠯᠠᠭᠰᠠᠨ ᠡᠳᠦᠷ ᠲᠡᠭᠡᠨ ᠢᠰᠷᠧᠯᠴᠦᠳ ᠲᠦ ᠲᠤᠰᠢᠶᠠᠭᠰᠠᠨ ᠶᠤᠮ》 ᠭᠡᠯᠡ᠃
37 ᠡᠳᠡᠭᠡᠷ ᠨᠢ ᠰᠢᠲᠠᠭᠠᠯᠭᠠᠲᠤ ᠲᠠᠬᠢᠯ᠂ ᠢᠳᠡᠭᠡᠨ ᠲᠠᠬᠢᠯ᠂ ᠨᠢᠭᠦᠯ ᠦᠨ ᠲᠠᠬᠢᠯ᠂ ᠭᠡᠮ ᠦᠨ ᠲᠠᠬᠢᠯ᠂ ᠲᠣᠮᠢᠯᠠᠬᠤ ᠶᠣᠰᠣᠯᠠᠯ ᠤᠨ ᠲᠠᠬᠢᠯ᠂ ᠡᠪ ᠦᠨ ᠲᠠᠬᠢᠯ ᠤᠨ ᠬᠠᠤᠯᠢ ᠪᠥᠭᠡᠳ 38 ᠰᠢᠨᠠᠢ ᠶᠢᠨ ᠴᠥᠯ ᠳᠤ ᠮᠣᠰᠧ ᠢᠰᠷᠧᠯᠴᠦᠳ ᠲᠦ ᠶᠣᠬᠣᠸᠠ ᠳᠤ ᠡᠷᠭᠦᠯ ᠠᠪᠴᠢᠷᠠᠬᠤ ᠶᠢ ᠲᠤᠰᠢᠶᠠᠭᠰᠠᠨ ᠦᠶ᠎ᠡ ᠳᠦ ᠰᠢᠨᠠᠢ ᠠᠭᠤᠯᠠᠨ ᠳᠤ ᠡᠳᠡᠭᠡᠷ ᠬᠠᠤᠯᠢ ᠶᠢ ᠶᠣᠬᠣᠸᠠ ᠲᠡᠭᠦᠨ ᠳᠦ ᠥᠭᠭᠥᠭᠰᠡᠨ ᠶᠤᠮ᠃