1 2 3 4 5 6 7 8 9 10 11 12 13 14 15 16 17 18 19 20 21 22 23 24 25 26 27


ᠯᠧᠸᠢ ᠬᠣᠷᠢᠨ ᠲᠠᠪᠤ
 ᠠᠮᠠᠷᠠᠯ ᠤᠨ ᠵᠢᠯ

1 ᠶᠣᠬᠣᠸᠠ ᠰᠢᠨᠠᠢ ᠠᠭᠤᠯᠠᠨ ᠳᠡᠭᠡᠷ᠎ᠡ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠲᠠ ᠨᠠᠷ ᠮᠢᠨᠦ ᠥᠭᠬᠦ ᠭᠠᠵᠠᠷ ᠨᠤᠲᠤᠭ ᠲᠤ ᠣᠷᠣᠪᠠᠯ ᠲᠡᠷᠡ ᠭᠠᠵᠠᠷ ᠶᠣᠬᠣᠸᠠ ᠶᠢᠨ ᠡᠮᠦᠨ᠎ᠡ ᠠᠮᠠᠷᠠᠯᠲᠠ ᠶᠢ ᠰᠠᠬᠢᠬᠤ ᠶᠣᠰᠣᠲᠠᠢ᠃ 3 ᠴᠢ ᠵᠢᠷᠭᠤᠭᠠᠨ ᠵᠢᠯ ᠲᠠᠯᠠᠪᠠᠢ ᠳᠠᠭᠠᠨ ᠲᠠᠷᠢᠶᠠᠯᠠᠵᠤ᠂ ᠵᠢᠷᠭᠤᠭᠠᠨ ᠵᠢᠯ ᠦᠵᠦᠮ ᠦᠨ ᠮᠣᠳᠣ ᠪᠠᠨ ᠠᠷᠠᠴᠢᠯᠠᠨ᠂ ᠤᠷᠭᠤᠴᠠ ᠶᠢ ᠨᠢ ᠴᠤᠭᠯᠠᠭᠤᠯ᠂ 4 ᠬᠠᠷᠢᠨ ᠳᠣᠯᠣᠳᠠᠬᠢ ᠵᠢᠯ ᠳᠤ ᠭᠠᠵᠠᠷ ᠤᠨ ᠲᠥᠯᠥᠭᠡ ᠲᠡᠭᠦᠰ ᠠᠮᠠᠷᠠᠯᠲᠠ᠂ ᠶᠣᠬᠣᠸᠠ ᠶᠢᠨ ᠠᠮᠠᠷᠠᠯᠲᠠ ᠪᠠᠢᠬᠤ ᠶᠣᠰᠣᠲᠠᠢ᠃ ᠴᠢ ᠲᠠᠯᠠᠪᠠᠢ ᠳᠠᠭᠠᠨ ᠴᠤ ᠪᠦᠦ ᠲᠠᠷᠢᠶᠠᠯᠠ᠂ ᠦᠵᠦᠮ ᠦᠨ ᠮᠣᠳᠣ ᠪᠠᠨ ᠴᠤ ᠪᠦᠦ ᠠᠷᠠᠴᠢᠯᠠ᠂ 5 ᠬᠤᠷ ᠲᠠᠷᠢᠶ᠎ᠠ ᠶᠢ ᠪᠦᠦ ᠬᠥᠮᠥᠷᠭᠡᠯᠡ᠂ ᠠᠷᠠᠴᠢᠯᠠᠭ᠎ᠠ ᠦᠭᠡᠢ ᠮᠣᠳᠣᠨ ᠤ ᠦᠵᠦᠮ ᠢ ᠪᠦᠦ ᠬᠥᠮᠥᠷᠭᠡᠯᠡ᠃ ᠭᠠᠵᠠᠷ ᠲᠤ ᠡᠢᠮᠦ ᠠᠮᠠᠷᠠᠯ ᠤᠨ ᠵᠢᠯ ᠪᠠᠢᠬᠤ ᠶᠣᠰᠣᠲᠠᠢ᠃ 6 ᠬᠠᠷᠢᠨ ᠠᠮᠠᠷᠠᠯ ᠤᠨ ᠵᠢᠯ ᠢᠶᠠᠷ ᠭᠠᠵᠠᠷ ᠠᠴᠠ ᠥᠪᠡᠷ ᠢᠶᠡᠨ ᠤᠷᠭᠤᠬᠤ ᠦᠷ᠎ᠡ ᠰᠢᠮ᠎ᠡ ᠶᠢ ᠲᠠ ᠨᠠᠷ ᠢᠳᠡᠵᠦ ᠪᠣᠯᠣᠨ᠎ᠠ᠃ ᠴᠢ ᠪᠣᠯᠣᠨ ᠴᠢᠨᠦ ᠵᠠᠷᠤᠴᠠ ᠰᠢᠪᠡᠭᠴᠢᠨ᠂ ᠬᠥᠯᠥᠰᠥᠨ ᠦ ᠬᠥᠮᠦᠨ ᠬᠢᠭᠡᠳ ᠲᠠ ᠨᠠᠷ ᠤᠨ ᠳᠤᠮᠳᠠ ᠠᠮᠢᠳᠤᠷᠠᠵᠤ ᠪᠤᠢ ᠴᠠᠭᠠᠴᠢᠨ᠂ 7 ᠲᠠᠨ ᠤ ᠭᠠᠵᠠᠷ ᠲᠤ ᠪᠤᠢ ᠮᠠᠯ ᠰᠦᠷᠦᠭ ᠪᠣᠯᠣᠨ ᠵᠡᠷᠯᠢᠭ ᠠᠮᠢᠲᠠᠳ ᠬᠦᠷᠲᠡᠯ᠎ᠡ ᠭᠠᠵᠠᠷ ᠤᠨ ᠦᠷ᠎ᠡ ᠰᠢᠮ᠎ᠡ ᠶᠢ ᠢᠳᠡᠬᠦ ᠪᠣᠯᠣᠨ᠎ᠠ᠃
 ᠡᠪᠡᠷ ᠪᠦᠷᠢᠶᠡᠳᠡᠯᠲᠡ ᠶᠢᠨ ᠵᠢᠯ

8 ᠲᠡᠢᠨ ᠬᠦ ᠴᠢ ᠠᠮᠠᠷᠠᠯ ᠤᠨ ᠵᠢᠯ ᠢ ᠳᠣᠯᠣᠭᠠᠨ ᠤᠳᠠᠭ᠎ᠠ᠂ ᠥᠭᠡᠷ᠎ᠡ ᠪᠡᠷ ᠬᠡᠯᠡᠪᠡᠯ᠂ ᠳᠣᠯᠣᠭ᠎ᠠ ᠤᠳᠠᠭ᠎ᠠ ᠳᠣᠯᠣᠭᠠᠨ ᠵᠢᠯ ᠤᠨ ᠬᠤᠭᠤᠴᠠᠭ᠎ᠠ ᠶᠢ ᠲᠡᠮᠳᠡᠭᠯᠡ᠃ ᠲᠡᠭᠡᠭᠡᠳ ᠳᠥᠴᠢ ᠶᠢᠰᠦᠨ ᠵᠢᠯ ᠤᠨ ᠬᠤᠭᠤᠴᠠᠭ᠎ᠠ ᠥᠩᠭᠡᠷᠡᠪᠡᠯ 9 ᠳᠣᠯᠣᠳᠤᠭᠠᠷ ᠰᠠᠷ᠎ᠠ ᠶᠢᠨ ᠠᠷᠪᠠᠨ ᠤ ᠡᠳᠦᠷ ᠬᠤᠴᠠ ᠶᠢᠨ ᠡᠪᠡᠷ ᠦᠨ ᠪᠦᠷᠢᠶ᠎ᠡ ᠶᠢ ᠦᠯᠢᠶᠡ᠂ ᠭᠡᠮ ᠦᠨ ᠬᠡᠯᠲᠦᠷᠢᠭᠦᠯᠦᠯᠭᠡ ᠶᠢ ᠬᠢᠬᠦ ᠡᠨᠡ ᠡᠳᠦᠷ ᠡᠪᠡᠷ ᠪᠦᠷᠢᠶ᠎ᠡ ᠶᠢ ᠨᠤᠲᠤᠭ ᠳᠠᠶᠠᠭᠠᠷ ᠢᠶᠠᠨ ᠦᠯᠢᠶᠡ᠃ 10 ᠲᠠ ᠨᠠᠷ ᠲᠠᠪᠢᠳᠠᠬᠢ ᠵᠢᠯ ᠢ ᠠᠷᠢᠭᠤᠨ ᠬᠡᠮᠡᠨ ᠲᠤᠰᠠᠭᠠᠷᠯᠠᠵᠤ ᠨᠤᠲᠤᠭ ᠳᠠᠶᠠᠭᠠᠷ ᠤᠨ ᠪᠦᠬᠦ ᠰᠠᠭᠤᠭᠠᠯᠢᠴᠢᠳ ᠲᠤ ᠡᠷᠬᠡ ᠴᠢᠯᠥᠭᠡ ᠶᠢ ᠵᠠᠷᠯᠠ᠃ ᠡᠨᠡ ᠨᠢ ᠲᠠ ᠨᠠᠷ ᠤᠨ ᠡᠪᠡᠷ ᠪᠦᠷᠢᠶᠡᠳᠡᠯᠲᠡ ᠶᠢᠨ ᠵᠢᠯ ᠶᠤᠮ᠃ ᠲᠠ ᠨᠠᠷ ᠤᠨ ᠬᠥᠮᠦᠨ ᠪᠦᠷᠢ ᠡᠵᠡᠮᠰᠢᠯ ᠭᠠᠵᠠᠷ ᠤᠷᠤᠭᠤ ᠪᠠᠨ᠂ ᠬᠥᠮᠦᠨ ᠪᠦᠷᠢ ᠠᠢᠮᠠᠭ ᠤᠷᠤᠭᠤ ᠪᠠᠨ ᠪᠤᠴᠠᠬᠤ ᠪᠣᠯᠣᠨ᠎ᠠ᠃ 11 ᠲᠠᠪᠢᠳᠠᠬᠢ ᠵᠢᠯ ᠨᠢ ᠲᠠ ᠨᠠᠷ ᠤᠨ ᠡᠪᠡᠷ ᠪᠦᠷᠢᠶᠡᠳᠡᠯᠲᠡ ᠶᠢᠨ ᠵᠢᠯ ᠪᠣᠯᠣᠨ᠎ᠠ᠃ ᠲᠠ ᠨᠠᠷ ᠪᠦᠦ ᠲᠠᠷᠢᠶᠠᠯᠠ᠂ ᠥᠪᠡᠷ ᠢᠶᠡᠨ ᠤᠷᠭᠤᠭᠰᠠᠨ ᠢ ᠴᠤ ᠪᠦᠦ ᠬᠤᠷᠢᠶᠠ᠂ ᠠᠷᠠᠴᠢᠯᠠᠭ᠎ᠠ ᠦᠭᠡᠢ ᠮᠣᠳᠣᠨ ᠠᠴᠠ ᠦᠵᠦᠮ ᠪᠦᠦ ᠴᠤᠭᠯᠠᠭᠤᠯ᠃ 12 ᠡᠢᠮᠦᠷᠬᠦ ᠡᠪᠡᠷ ᠪᠦᠷᠢᠶᠡᠳᠡᠯᠲᠡ ᠶᠢᠨ ᠵᠢᠯ ᠢ ᠲᠠ ᠨᠠᠷ ᠠᠷᠢᠭᠤᠨ ᠢᠶᠠᠷ ᠰᠠᠬᠢᠬᠤ ᠶᠣᠰᠣᠲᠠᠢ᠃ ᠬᠠᠷᠢᠨ ᠲᠠᠯᠠᠪᠠᠢ ᠠᠴᠠ ᠥᠪᠡᠷ ᠢᠶᠡᠨ ᠤᠷᠭᠤᠭᠰᠠᠨ ᠦᠷ᠎ᠡ ᠰᠢᠮ᠎ᠡ ᠶᠢ ᠨᠢ ᠢᠳᠡᠵᠦ ᠪᠣᠯᠣᠨ᠎ᠠ᠃

13 ᠡᠪᠡᠷ ᠪᠦᠷᠢᠶᠡᠳᠡᠯᠲᠡ ᠶᠢᠨ ᠡᠨᠡ ᠵᠢᠯ ᠳᠤ ᠲᠠ ᠨᠠᠷ ᠤᠨ ᠬᠥᠮᠦᠨ ᠪᠦᠷᠢ ᠡᠵᠡᠮᠰᠢᠯ ᠭᠠᠵᠠᠷ ᠤᠷᠤᠭᠤ ᠪᠠᠨ ᠪᠤᠴᠠᠬᠤ ᠶᠣᠰᠣᠲᠠᠢ᠃ 14 ᠲᠠ ᠨᠠᠷ ᠬᠥᠷᠰᠢ ᠳᠡᠭᠡᠨ ᠶᠠᠭᠤᠮ᠎ᠠ ᠬᠤᠳᠠᠯᠳᠤᠬᠤ᠂ ᠡᠰᠡᠪᠡᠯ ᠬᠥᠷᠰᠢ ᠡᠴᠡ ᠪᠡᠨ ᠶᠠᠭᠤᠮ᠎ᠠ ᠬᠤᠳᠠᠯᠳᠤᠨ ᠠᠪᠬᠤ ᠨᠥᠬᠥᠴᠡᠯ ᠳᠦ ᠪᠡᠶ᠎ᠡ ᠪᠡᠶ᠎ᠡ ᠪᠡᠨ ᠪᠦᠦ ᠮᠥᠯᠵᠢ᠂ 15 ᠬᠠᠷᠢᠨ ᠬᠥᠷᠰᠢ ᠡᠴᠡ ᠪᠡᠨ ᠭᠠᠵᠠᠷ ᠬᠤᠳᠠᠯᠳᠤᠨ ᠠᠪᠬᠤ ᠳᠠᠭᠠᠨ ᠡᠪᠡᠷ ᠪᠦᠷᠢᠶᠡᠳᠡᠯᠲᠡ ᠶᠢᠨ ᠵᠢᠯ ᠡᠴᠡ ᠬᠣᠢᠰᠢ ᠬᠡᠳᠦᠨ ᠵᠢᠯ ᠪᠣᠯᠣᠭᠰᠠᠨ ᠢ ᠲᠣᠭᠠᠯᠠᠬᠤ ᠪᠥᠭᠡᠳ ᠲᠡᠷᠡ ᠬᠥᠮᠦᠨ ᠦᠯᠡᠳᠡᠭᠰᠡᠨ ᠤᠷᠭᠤᠴᠠ ᠬᠤᠷᠢᠶᠠᠯᠲᠠ ᠶᠢᠨ ᠵᠢᠯ ᠤᠨ ᠲᠣᠭ᠎ᠠ ᠶᠢ ᠪᠣᠳᠣᠵᠤ ᠴᠢᠮ᠎ᠠ ᠳᠤ ᠬᠤᠳᠠᠯᠳᠤᠬᠤ ᠶᠣᠰᠣᠲᠠᠢ᠃ 16 ᠣᠯᠠᠨ ᠵᠢᠯ ᠦᠯᠡᠳᠡᠪᠡᠯ ᠦᠨ᠎ᠡ ᠶᠢ ᠨᠢ ᠥᠰᠭᠡᠵᠦ᠂ ᠴᠥᠭᠡᠨ ᠵᠢᠯ ᠦᠯᠡᠳᠡᠪᠡᠯ ᠦᠨ᠎ᠡ ᠶᠢ ᠨᠢ ᠪᠠᠭᠤᠷᠠᠭᠤᠯᠬᠤ ᠪᠣᠯᠣᠨ᠎ᠠ᠃ ᠦᠨᠡᠨ ᠳᠡᠭᠡᠨ ᠲᠡᠷᠡ ᠴᠢᠮ᠎ᠠ ᠳᠤ ᠬᠤᠷᠢᠶᠠᠯᠲᠠ ᠶᠢᠨ ᠵᠢᠯ ᠤᠨ ᠲᠣᠭ᠎ᠠ ᠶᠢ ᠦᠨᠳᠦᠰᠦᠯᠡᠵᠦ ᠬᠤᠳᠠᠯᠳᠤᠵᠤ ᠪᠠᠢᠭ᠎ᠠ ᠶᠤᠮ᠃ 17 ᠲᠠ ᠨᠠᠷ ᠪᠡᠶ᠎ᠡ ᠪᠡᠶ᠎ᠡ ᠪᠡᠨ ᠪᠦᠦ ᠬᠠᠭᠤᠷ᠂ ᠬᠠᠷᠢᠨ ᠪᠤᠷᠬᠠᠨ ᠠᠴᠠ ᠡᠮᠢᠶᠡ᠃ ᠲᠠ ᠨᠠᠷ ᠤᠨ ᠪᠤᠷᠬᠠᠨ ᠪᠣᠯ ᠶᠣᠬᠣᠸᠠ ᠪᠢ᠃

18 ᠵᠢᠷᠤᠮ ᠤᠳ ᠢ ᠮᠢᠨᠢ ᠳᠠᠭ᠎ᠠ᠂ ᠲᠣᠭᠲᠠᠭᠠᠯ ᠤᠳ ᠢ ᠮᠢᠨᠢ ᠰᠠᠬᠢᠵᠤ ᠪᠡᠶᠡᠯᠡᠭᠦᠯ᠃ ᠲᠡᠭᠡᠪᠡᠯ ᠲᠠ ᠨᠠᠷ ᠲᠡᠷᠡ ᠭᠠᠵᠠᠷ ᠲᠤ ᠠᠶᠤᠯ ᠦᠭᠡᠢ ᠠᠮᠢᠳᠤᠷᠠᠨ᠎ᠠ᠂ 19 ᠭᠠᠵᠠᠷ ᠴᠤ ᠦᠷ᠎ᠡ ᠰᠢᠮ᠎ᠡ ᠪᠡᠨ ᠭᠠᠷᠭᠠᠨ᠎ᠠ᠃ ᠲᠠ ᠨᠠᠷ ᠴᠠᠳᠲᠠᠯ᠎ᠠ ᠢᠳᠡᠵᠦ᠂ ᠲᠡᠨᠳᠡ ᠠᠶᠤᠯ ᠦᠭᠡᠢ ᠠᠮᠢᠳᠤᠷᠠᠬᠤ ᠪᠣᠯᠣᠨ᠎ᠠ᠃ 20 ᠬᠠᠷᠢᠨ ᠲᠠ ᠨᠠᠷ᠄ 〈ᠲᠠᠷᠢᠶᠠᠯᠠᠵᠤ ᠪᠣᠯᠬᠤ ᠦᠭᠡᠢ᠂ ᠤᠷᠭᠤᠴᠠ ᠬᠤᠷᠢᠶᠠᠵᠤ ᠴᠤ ᠪᠣᠯᠬᠤ ᠦᠭᠡᠢ ᠭᠡᠪᠡᠯ ᠪᠢᠳᠡ ᠳᠣᠯᠣᠳᠠᠬᠢ ᠵᠢᠯ ᠳᠤ ᠶᠠᠭᠤ ᠢᠳᠡᠬᠦ ᠪᠤᠢ︖〉 ᠭᠡᠵᠦ ᠠᠰᠠᠭᠤᠬᠤ ᠪᠣᠯᠣᠨ᠎ᠠ᠃ 21 ᠬᠠᠷᠢᠨ ᠵᠢᠷᠭᠤᠳᠠᠬᠢ ᠵᠢᠯ ᠳᠤ ᠪᠢ ᠲᠠ ᠨᠠᠷ ᠲᠤ ᠢᠪᠡᠭᠡᠯ ᠢᠶᠡᠨ ᠪᠠᠭᠤᠯᠭᠠᠬᠤ ᠪᠠᠷ ᠰᠢᠢᠳᠦᠭᠰᠡᠨ ᠤᠴᠢᠷ ᠠᠴᠠ ᠭᠠᠵᠠᠷ ᠨᠢ ᠭᠤᠷᠪᠠᠨ ᠵᠢᠯ ᠤᠨ ᠤᠷᠭᠤᠴᠠ ᠶᠢ ᠭᠠᠷᠭᠠᠬᠤ ᠪᠣᠯᠣᠨ᠎ᠠ᠃ 22 ᠨᠠᠢ᠌ᠮᠠᠳᠠᠬᠢ ᠵᠢᠯ ᠳᠤ ᠲᠠ ᠨᠠᠷ ᠲᠠᠷᠢᠶᠠᠯᠠᠵᠤ ᠪᠠᠢᠬᠤ ᠳᠠᠭᠠᠨ᠂ ᠬᠠᠭᠤᠴᠢᠨ ᠤᠷᠭᠤᠴᠠ ᠠᠴᠠ ᠢᠳᠡᠬᠦ ᠪᠥᠭᠡᠳ ᠶᠢᠰᠦᠳᠡᠬᠢ ᠵᠢᠯ ᠤᠨ ᠤᠷᠭᠤᠴᠠ ᠭᠠᠷᠬᠤ ᠬᠦᠷᠲᠡᠯ᠎ᠡ ᠬᠠᠭᠤᠴᠢᠨ ᠢᠶᠠᠨ ᠢᠳᠡᠭᠰᠡᠭᠡᠷ ᠪᠠᠢᠬᠤ ᠪᠣᠯᠣᠨ᠎ᠠ᠃
 ᠵᠣᠯᠢᠨ ᠠᠪᠬᠤ ᠲᠣᠭᠲᠠᠭᠠᠯ

23 ᠭᠠᠵᠠᠷ ᠢᠶᠠᠨ ᠪᠦᠷᠢᠮᠦᠰᠦᠨ ᠬᠤᠳᠠᠯᠳᠤᠵᠤ ᠦᠯᠦ ᠪᠣᠯᠣᠨ᠎ᠠ᠃ ᠤᠴᠢᠷ ᠨᠢ ᠭᠠᠵᠠᠷ ᠨᠢ ᠮᠢᠨᠦᠬᠢ ᠪᠥᠭᠡᠳ ᠲᠠ ᠨᠠᠷ ᠪᠣᠯ ᠴᠠᠭᠠᠴᠢᠨ᠂ ᠮᠢᠨᠦᠬᠢ ᠶᠢ ᠲᠦᠷᠢᠶᠡᠰᠦᠯᠡᠭᠴᠢ ᠶᠤᠮ᠃ 24 ᠲᠠ ᠨᠠᠷ ᠡᠵᠡᠮᠰᠢᠬᠦ ᠭᠠᠵᠠᠷ ᠪᠦᠷᠢ ᠳᠡᠭᠡᠨ ᠵᠣᠯᠢᠨ ᠠᠪᠬᠤ ᠡᠷᠬᠡ ᠶᠢ ᠵᠥᠪᠰᠢᠶᠡᠷᠡᠬᠦ ᠶᠣᠰᠣᠲᠠᠢ᠃

25 ᠬᠡᠷᠪᠡ ᠠᠬ᠎ᠠ ᠳᠡᠭᠦᠦ ᠴᠢᠨᠢ ᠶᠠᠳᠠᠭᠤᠷᠠᠭᠰᠠᠨ ᠠᠴᠠ ᠪᠣᠯᠵᠤ᠂ ᠡᠵᠡᠮᠰᠢᠯ ᠭᠠᠵᠠᠷ ᠠᠴᠠ ᠪᠠᠨ ᠬᠤᠳᠠᠯᠳᠤᠬᠤ ᠲᠣᠬᠢᠶᠠᠯᠳᠤᠯ ᠳᠤ᠂ ᠬᠠᠮᠤᠭ ᠤᠨ ᠣᠢᠷ᠎ᠠ ᠶᠢᠨ ᠬᠠᠮᠢᠶᠠᠲᠠᠨ ᠨᠢ ᠵᠣᠯᠢᠬᠤ ᠪᠠᠷ ᠢᠷᠡᠵᠦ᠂ ᠠᠬ᠎ᠠ ᠳᠡᠭᠦᠦ ᠶᠢᠨ ᠢᠶᠠᠨ ᠬᠤᠳᠠᠯᠳᠤᠭᠰᠠᠨ ᠢ ᠨᠢ ᠵᠣᠯᠢᠬᠤ ᠤᠴᠢᠷ ᠲᠠᠢ᠃ 26 ᠬᠠᠷᠢᠨ ᠵᠣᠯᠢᠬᠤ ᠬᠠᠮᠢᠶᠠᠲᠠᠨ ᠦᠭᠡᠢ ᠪᠠᠢᠪᠠᠴᠤ ᠲᠡᠷᠡ ᠥᠪᠡᠷ ᠢᠶᠡᠨ ᠪᠠᠶᠠᠵᠢᠵᠤ ᠵᠣᠯᠢᠨ ᠠᠪᠬᠤ ᠴᠢᠳᠠᠯ ᠲᠠᠢ ᠪᠣᠯᠬᠤ ᠲᠣᠬᠢᠶᠠᠯᠳᠤᠯ ᠳᠤ᠂ 27 ᠭᠠᠵᠠᠷ ᠬᠤᠳᠠᠯᠳᠤᠭᠳᠠᠭᠰᠠᠨ ᠠᠴᠠ ᠬᠣᠢᠰᠢᠬᠢ ᠵᠢᠯ ᠤᠳ ᠢ ᠲᠣᠭᠠᠯᠠᠵᠤ᠂ ᠨᠥᠭᠥᠭᠡ ᠠᠪᠤᠭᠰᠠᠨ ᠬᠥᠮᠦᠨ ᠳᠡᠭᠡᠨ ᠵᠥᠷᠢᠶ᠎ᠡ ᠶᠢ ᠨᠢ ᠪᠤᠴᠠᠭᠠᠨ ᠲᠥᠯᠥᠵᠦ᠂ ᠥᠪᠡᠷ ᠦᠨ ᠡᠵᠡᠮᠰᠢᠯ ᠭᠠᠵᠠᠷ ᠲᠠᠭᠠᠨ ᠪᠤᠴᠠᠵᠤ ᠢᠷᠡᠬᠦ ᠪᠣᠯᠣᠨ᠎ᠠ᠃ 28 ᠭᠠᠵᠠᠷ ᠢᠶᠠᠨ ᠪᠤᠴᠠᠭᠠᠵᠤ ᠠᠪᠬᠤ ᠴᠢᠳᠠᠯ ᠦᠭᠡᠢ ᠪᠠᠢᠪᠠᠯ᠂ ᠬᠤᠳᠠᠯᠳᠤᠭᠰᠠᠨ ᠥᠮᠴᠢ ᠨᠢ ᠡᠪᠡᠷ ᠪᠦᠷᠢᠶᠡᠳᠡᠯᠲᠡ ᠶᠢᠨ ᠵᠢᠯ ᠬᠦᠷᠲᠡᠯ᠎ᠡ ᠬᠤᠳᠠᠯᠳᠤᠨ ᠠᠪᠤᠭᠴᠢ ᠶᠢᠨ ᠭᠠᠷ ᠲᠤ ᠦᠯᠡᠳᠡᠬᠦ ᠪᠣᠯᠪᠠᠴᠤ᠂ ᠡᠪᠡᠷ ᠪᠦᠷᠢᠶᠡᠳᠡᠯᠲᠡ ᠶᠢᠨ ᠵᠢᠯ ᠳᠤ ᠲᠡᠭᠦᠨ ᠦ ᠭᠠᠷ ᠠᠴᠠ ᠭᠠᠷᠬᠤ ᠪᠥᠭᠡᠳ ᠬᠠᠭᠤᠴᠢᠨ ᠡᠵᠡᠨ ᠨᠢ ᠡᠵᠡᠮᠰᠢᠯ ᠭᠠᠵᠠᠷ ᠲᠠᠭᠠᠨ ᠪᠤᠴᠠᠵᠤ ᠢᠷᠡᠨ᠎ᠡ᠃

29 ᠬᠠᠷᠢᠨ ᠬᠡᠷᠡᠮ ᠲᠡᠢ ᠬᠣᠲᠠ ᠳᠣᠲᠣᠷᠠᠬᠢ ᠣᠷᠣᠨ ᠰᠠᠭᠤᠴᠠ ᠶᠢᠨ ᠬᠤᠪᠢ ᠳᠤ ᠬᠤᠳᠠᠯᠳᠤᠭᠰᠠᠨ ᠬᠥᠮᠦᠨ ᠬᠤᠳᠠᠯᠳᠤᠭᠰᠠᠨ ᠠᠴᠠ ᠪᠠᠨ ᠬᠣᠢᠰᠢᠬᠢ ᠪᠦᠲᠦᠨ ᠵᠢᠯ ᠤᠨ ᠲᠤᠷᠰᠢ ᠳᠤ ᠡᠭᠦᠨ ᠢ ᠪᠠᠨ ᠵᠣᠯᠢᠬᠤ ᠡᠷᠬᠡ ᠲᠠᠢ᠂ ᠡᠨᠡ ᠬᠤᠭᠤᠴᠠᠭᠠᠨ ᠳᠤ ᠵᠣᠯᠢᠵᠤ ᠪᠣᠯᠣᠨ᠎ᠠ᠃ 30 ᠪᠦᠲᠦᠨ ᠵᠢᠯ ᠤᠨ ᠬᠤᠭᠤᠴᠠᠭᠠᠨ ᠳᠤ ᠡᠰᠡ ᠵᠣᠯᠢᠪᠠᠯ ᠬᠡᠷᠡᠮ ᠲᠡᠢ ᠬᠣᠲᠠ ᠳᠤ ᠪᠠᠢᠭ᠎ᠠ ᠲᠡᠷᠡ ᠰᠠᠭᠤᠴᠠ ᠦᠶ᠎ᠡ ᠶᠢᠨ ᠦᠶ᠎ᠡ ᠳᠦ ᠬᠤᠳᠠᠯᠳᠤᠨ ᠠᠪᠤᠭᠴᠢ ᠪᠣᠯᠣᠨ ᠲᠡᠭᠦᠨ ᠦ ᠦᠷ᠎ᠡ ᠤᠳᠤᠮ ᠤᠨ ᠬᠢ ᠪᠣᠯᠬᠤ ᠪᠥᠭᠡᠳ ᠡᠪᠡᠷ ᠪᠦᠷᠢᠶᠡᠳᠡᠯᠲᠡ ᠶᠢᠨ ᠵᠢᠯ ᠳᠤ ᠴᠤ ᠭᠠᠷ ᠠᠴᠠ ᠨᠢ ᠭᠠᠷᠬᠤ ᠦᠭᠡᠢ᠃ 31 ᠬᠠᠷᠢᠨ ᠬᠦᠷᠢᠶᠡᠯᠡᠭᠰᠡᠨ ᠬᠡᠷᠡᠮ ᠦᠭᠡᠢ ᠲᠣᠰᠬᠣᠳ ᠤᠨ ᠣᠷᠣᠨ ᠰᠠᠭᠤᠴᠠ ᠨᠤᠭᠤᠳ ᠤᠨ ᠬᠤᠪᠢ ᠳᠤ᠂ ᠬᠡᠭᠡᠷ᠎ᠡ ᠲᠠᠯ᠎ᠠ ᠶᠢᠨ ᠲᠠᠯᠠᠪᠠᠢ ᠲᠠᠢ ᠠᠳᠠᠯᠢ ᠲᠣᠭᠠᠴᠠᠭᠳᠠᠨ᠎ᠠ᠃ ᠡᠳᠡᠭᠡᠷ ᠢ ᠬᠥᠮᠦᠨ ᠵᠣᠯᠢᠵᠤ ᠪᠣᠯᠣᠨ᠎ᠠ᠂ ᠮᠥᠨ ᠡᠪᠡᠷ ᠪᠦᠷᠢᠶᠡᠳᠡᠯᠲᠡ ᠶᠢᠨ ᠵᠢᠯ ᠳᠤ ᠪᠤᠴᠠᠭᠠᠨ ᠠᠪᠴᠤ ᠪᠣᠯᠣᠨ᠎ᠠ᠃ 32 ᠯᠧᠸᠢᠴᠦᠳ ᠦᠨ ᠬᠤᠪᠢ ᠳᠤ᠂ ᠲᠡᠳᠡ ᠡᠵᠡᠮᠰᠢᠭᠰᠡᠨ ᠬᠣᠲᠠ ᠶᠢᠨ ᠢᠶᠠᠨ ᠳᠣᠲᠣᠷᠠᠬᠢ ᠣᠷᠣᠨ ᠰᠠᠭᠤᠴᠠ ᠪᠠᠨ ᠬᠡᠵᠢᠶ᠎ᠡ ᠴᠤ ᠵᠣᠯᠢᠨ ᠠᠪᠬᠤ ᠡᠷᠬᠡ ᠲᠠᠢ᠃ 33 ᠡᠢᠮᠦ ᠡᠴᠡ ᠯᠧᠸᠢ ᠬᠥᠮᠦᠨ ᠯᠧᠸᠢᠴᠦᠳ ᠦᠨ ᠡᠵᠡᠮᠰᠢᠭᠰᠡᠨ ᠬᠣᠲᠠ ᠳᠤ ᠵᠣᠯᠢᠬᠤ ᠡᠷᠬᠡ ᠪᠡᠨ ᠬᠡᠷᠡᠭᠯᠡᠵᠦ᠂ ᠬᠤᠳᠠᠯᠳᠤᠭᠰᠠᠨ ᠣᠷᠣᠨ ᠰᠠᠭᠤᠴᠠ ᠪᠠᠨ ᠡᠪᠡᠷ ᠪᠦᠷᠢᠶᠡᠳᠡᠯᠲᠡ ᠶᠢᠨ ᠵᠢᠯ ᠳᠤ ᠪᠤᠴᠠᠭᠠᠨ ᠠᠪᠴᠤ ᠪᠣᠯᠣᠨ᠎ᠠ᠃ ᠤᠴᠢᠷ ᠨᠢ ᠢᠰᠷᠧᠯᠴᠦᠳ ᠦᠨ ᠳᠤᠮᠳᠠ ᠯᠧᠸᠢᠴᠦᠳ ᠦᠨ ᠬᠣᠲᠠ ᠨᠤᠭᠤᠳ ᠤᠨ ᠳᠣᠲᠣᠷᠠᠬᠢ ᠣᠷᠣᠨ ᠰᠠᠭᠤᠴᠠ ᠨᠢ ᠲᠡᠷᠡ ᠣᠪᠣᠭ ᠤᠨ ᠡᠵᠡᠮᠰᠢᠯ ᠶᠤᠮ᠃ 34 ᠲᠡᠳᠡᠨ ᠦ ᠬᠣᠲᠠ ᠨᠤᠭᠤᠳ ᠢ ᠲᠣᠭᠣᠷᠢᠭᠰᠠᠨ ᠪᠡᠯᠴᠢᠭᠡᠷ ᠴᠤ ᠲᠡᠳᠡᠨ ᠦ ᠮᠥᠩᠬᠡ ᠶᠢᠨ ᠡᠵᠡᠮᠰᠢᠯ ᠪᠣᠯᠬᠣᠷ ᠬᠤᠳᠠᠯᠳᠤᠭᠳᠠᠵᠤ ᠪᠣᠯᠬᠤ ᠦᠭᠡᠢ᠃
 ᠶᠠᠳᠠᠭᠤ ᠠᠬ᠎ᠠ ᠳᠡᠭᠦᠦᠰ ᠢᠶᠡᠨ ᠵᠣᠯᠢᠨ ᠠᠪᠬᠤ

35 ᠬᠡᠷᠪᠡ ᠠᠬ᠎ᠠ ᠳᠡᠭᠦᠦ ᠴᠢᠨᠢ ᠶᠠᠳᠠᠭᠤᠷᠠᠵᠤ᠂ ᠴᠢᠨᠦ ᠳᠡᠷᠭᠡᠳᠡ ᠭᠠᠷ ᠬᠣᠭᠣᠰᠣᠨ ᠪᠠᠢᠪᠠᠯ ᠴᠢ ᠬᠠᠷᠢ ᠬᠥᠮᠦᠨ ᠪᠤᠶᠤ ᠲᠦᠷ ᠰᠠᠭᠤᠭᠴᠢᠳ ᠢᠶᠠᠨ ᠲᠤᠰᠠᠯᠠᠬᠤ ᠮᠡᠲᠦ ᠲᠡᠭᠦᠨ ᠳᠦ ᠲᠤᠰᠠᠯᠠᠵᠤ᠂ ᠥᠪᠡᠷ ᠦᠨ ᠢᠶᠠᠨ ᠳᠡᠷᠭᠡᠳᠡ ᠠᠮᠢᠳᠤᠷᠠᠭᠤᠯ᠃ 36 ᠲᠡᠭᠦᠨ ᠡᠴᠡ ᠤᠷᠢᠳᠴᠢᠯᠠᠭᠰᠠᠨ ᠲᠥᠯᠥᠪᠥᠷᠢ ᠪᠤᠶᠤ ᠵᠢᠭᠡᠯᠡᠯᠭᠡ ᠶᠢᠨ ᠬᠦᠦ ᠪᠦᠦ ᠠᠪ᠂ ᠪᠤᠷᠬᠠᠨ ᠠᠴᠠ ᠪᠠᠨ ᠡᠮᠢᠶᠡᠵᠦ ᠲᠡᠷᠡ ᠬᠦ ᠠᠬ᠎ᠠ ᠳᠡᠭᠦᠦ ᠪᠡᠨ ᠥᠪᠡᠷ ᠦᠨ ᠢᠶᠠᠨ ᠳᠡᠷᠭᠡᠳᠡ ᠠᠮᠢᠳᠤᠷᠠᠭᠤᠯ᠃ 37 ᠴᠢ ᠲᠡᠭᠦᠨ ᠡᠴᠡ ᠤᠷᠢᠳᠴᠢᠯᠠᠭᠰᠠᠨ ᠲᠥᠯᠥᠪᠥᠷᠢ ᠠᠪᠤᠭᠠᠳ ᠮᠥᠩᠭᠥ ᠵᠢᠭᠡᠯᠡᠭᠦᠯᠬᠦ᠂ ᠡᠰᠡᠪᠡᠯ ᠬᠦᠦ ᠠᠪᠬᠤ ᠵᠣᠷᠢᠯᠭ᠎ᠠ ᠪᠠᠷ ᠬᠦᠨᠡᠰᠦ ᠥᠭᠴᠦ ᠪᠣᠯᠬᠤ ᠦᠭᠡᠢ᠃ 38 ᠪᠢ ᠪᠣᠯ ᠶᠣᠬᠣᠸᠠ᠂ ᠲᠠ ᠨᠠᠷ ᠲᠤ ᠺᠠᠨᠠᠨ ᠨᠤᠲᠤᠭ ᠢ ᠥᠭᠴᠦ᠂ ᠲᠠ ᠨᠠᠷ ᠤᠨ ᠪᠤᠷᠬᠠᠨ ᠪᠣᠯᠬᠤ ᠶᠢᠨ ᠲᠤᠯᠠᠳᠠ ᠲᠠ ᠨᠠᠷ ᠢ ᠶᠧᠵᠢᠫᠲ ᠡᠴᠡ ᠭᠠᠷᠭᠠᠭᠰᠠᠨ ᠲᠠ ᠨᠠᠷ ᠤᠨ ᠪᠤᠷᠬᠠᠨ ᠪᠢᠯᠡ᠃

39 ᠳᠡᠷᠭᠡᠳᠡ ᠴᠢᠨᠢ ᠪᠠᠢᠭ᠎ᠠ ᠠᠬ᠎ᠠ ᠳᠡᠭᠦᠦ ᠴᠢᠨᠢ ᠶᠠᠳᠠᠭᠤᠷᠠᠭᠠᠳ ᠴᠢᠮ᠎ᠠ ᠳᠤ ᠬᠤᠳᠠᠯᠳᠤᠭᠳᠠᠪᠠᠯ᠂ ᠴᠢ ᠲᠡᠭᠦᠨ ᠢ ᠪᠣᠭᠣᠯ ᠤᠨ ᠠᠵᠢᠯ ᠢᠶᠠᠷ ᠵᠠᠷᠤᠴᠠᠯᠠᠵᠤ ᠪᠣᠯᠬᠤ ᠦᠭᠡᠢ᠂ 40 ᠲᠡᠷᠡ ᠬᠥᠯᠥᠰᠥᠨ ᠦ ᠬᠥᠮᠦᠨ ᠪᠤᠶᠤ ᠲᠦᠷ ᠰᠠᠭᠤᠭᠴᠢ ᠮᠡᠲᠦ ᠴᠢᠨᠦ ᠳᠡᠷᠭᠡᠳᠡ ᠪᠠᠢᠭᠰᠠᠭᠠᠷ ᠡᠪᠡᠷ ᠪᠦᠷᠢᠶᠡᠳᠡᠯᠲᠡ ᠶᠢᠨ ᠵᠢᠯ ᠬᠦᠷᠲᠡᠯ᠎ᠡ ᠴᠢᠮ᠎ᠠ ᠳᠤ ᠵᠠᠷᠤᠴᠠᠯᠠᠭᠳᠠᠬᠤ ᠤᠴᠢᠷᠲᠠᠢ᠃ 41 ᠲᠡᠷᠡ ᠦᠶ᠎ᠡ ᠳᠦ᠂ ᠲᠡᠷᠡ ᠪᠡᠷ ᠬᠡᠦᠬᠡᠳ ᠤᠳ ᠲᠠᠢ ᠪᠠᠨ ᠬᠠᠮᠲᠤ ᠥᠪᠡᠷ ᠡᠴᠡ ᠴᠢᠨᠢ ᠰᠠᠯᠵᠤ ᠶᠠᠪᠤᠬᠤ ᠪᠣᠯᠣᠨ᠎ᠠ᠂ ᠠᠢᠮᠠᠭ ᠤᠷᠤᠭᠤ ᠪᠠᠨ ᠡᠷᠭᠢᠵᠦ ᠡᠴᠢᠭᠡ ᠡᠪᠦᠭᠡᠳ ᠦᠨ ᠢᠶᠠᠨ ᠥᠮᠴᠢ ᠶᠢ ᠪᠤᠴᠠᠭᠠᠨ ᠣᠯᠬᠤ ᠪᠣᠯᠣᠨ᠎ᠠ᠃ 42 ᠲᠡᠳᠡ ᠪᠣᠯ ᠮᠢᠨᠦ ᠵᠠᠷᠤᠴᠠ᠂ ᠲᠡᠳᠡᠨ ᠢ ᠪᠢ ᠶᠧᠵᠢᠫᠲ ᠡᠴᠡ ᠭᠠᠷᠭᠠᠭᠰᠠᠨ ᠲᠤᠯᠠ ᠲᠡᠳᠡᠨ ᠢ ᠪᠣᠭᠣᠯ ᠬᠤᠳᠠᠯᠳᠤᠬᠤ ᠰᠢᠭ᠋ ᠬᠤᠳᠠᠯᠳᠤᠵᠤ ᠪᠣᠯᠬᠤ ᠦᠭᠡᠢ᠃ 43 ᠲᠡᠳᠡᠨ ᠢ ᠬᠠᠲᠠᠭᠤ ᠰᠢᠷᠦᠭᠦᠨ ᠢᠶᠡᠷ ᠪᠦᠦ ᠳᠠᠷᠤᠯᠠ᠂ ᠬᠠᠷᠢᠨ ᠪᠤᠷᠬᠠᠨ ᠠᠴᠠ ᠪᠠᠨ ᠡᠮᠢᠶᠡ᠃ 44 ᠴᠢᠮ᠎ᠠ ᠳᠤ ᠡᠷᠡᠭᠲᠡᠢ ᠪᠤᠶᠤ ᠡᠮᠡᠭᠲᠡᠢ ᠪᠣᠭᠣᠯ ᠬᠡᠷᠡᠭ ᠲᠡᠢ ᠪᠠᠢᠪᠠᠯ ᠲᠠ ᠨᠠᠷ ᠤᠨ ᠡᠷᠭᠢᠨ ᠲᠣᠭᠣᠷᠢᠨ ᠤ ᠬᠠᠷᠢᠴᠤᠳ ᠠᠴᠠ ᠣᠯᠬᠤ ᠶᠣᠰᠣᠲᠠᠢ᠃ ᠡᠷᠡᠭᠲᠡᠢ ᠪᠤᠶᠤ ᠡᠮᠡᠭᠲᠡᠢ ᠪᠣᠭᠣᠯ ᠢ ᠲᠡᠳᠡᠨ ᠡᠴᠡ ᠬᠤᠳᠠᠯᠳᠤᠨ ᠠᠪ᠃ 45 ᠲᠡᠭᠦᠨᠴᠢᠯᠡᠨ ᠲᠠ ᠨᠠᠷ ᠤᠨ ᠳᠡᠷᠭᠡᠳᠡ ᠰᠠᠭᠤᠷᠢᠰᠢᠭᠰᠠᠨ ᠬᠠᠷᠢᠴᠤᠳ ᠤᠨ ᠦᠷ᠎ᠡ ᠤᠳᠤᠮ ᠠᠴᠠ᠂ ᠮᠥᠨ ᠨᠤᠲᠤᠭ ᠲᠤ ᠴᠢᠨᠢ ᠲᠥᠷᠥᠭᠡᠳ ᠴᠢᠨᠦ ᠳᠡᠷᠭᠡᠳᠡ ᠠᠮᠢᠳᠤᠷᠠᠳᠠᠭ ᠲᠡᠳᠡᠨ ᠦ ᠭᠡᠷ ᠪᠦᠯᠢ ᠶᠢᠨ ᠬᠢᠨ ᠡᠴᠡ ᠴᠤ ᠥᠪᠡᠷ ᠦᠨ ᠢᠶᠠᠨ ᠥᠮᠴᠢ ᠪᠣᠯᠭᠠᠵᠤ ᠬᠤᠳᠠᠯᠳᠤᠨ ᠠᠪᠴᠤ ᠪᠣᠯᠣᠨ᠎ᠠ᠃ 46 ᠲᠡᠳᠡ ᠨᠠᠷ ᠢ ᠦᠷ᠎ᠡ ᠬᠣᠢᠴᠢ ᠳᠠᠭᠠᠨ ᠥᠪᠯᠡᠭᠦᠯᠦᠨ᠂ ᠪᠠᠢᠩ᠋ᠭᠤ ᠶᠢᠨ ᠥᠮᠴᠢ ᠪᠣᠯᠭᠠᠨ ᠡᠵᠡᠮᠰᠢᠭᠦᠯᠵᠦ᠂ ᠪᠣᠭᠣᠯ ᠪᠣᠯᠭᠠᠵᠤ ᠪᠣᠯᠣᠨ᠎ᠠ᠃ ᠬᠠᠷᠢᠨ ᠥᠪᠡᠷᠰᠡᠳ ᠦᠨ ᠴᠢᠨᠢ ᠠᠬ᠎ᠠ ᠳᠡᠭᠦᠦ ᠪᠣᠯᠬᠤ ᠢᠰᠷᠧᠯᠴᠦᠳ ᠢᠶᠡᠨ ᠳᠠᠷᠤᠯᠠᠵᠤ᠂ ᠪᠡᠶ᠎ᠡ ᠪᠡᠶ᠎ᠡ ᠳᠡᠭᠡᠨ ᠬᠠᠲᠠᠭᠤ ᠰᠢᠷᠦᠭᠦᠨ ᠪᠠᠢᠵᠤ ᠪᠣᠯᠬᠤ ᠦᠭᠡᠢ᠃

47 ᠲᠠ ᠨᠠᠷ ᠤᠨ ᠳᠡᠷᠭᠡᠳᠡ ᠪᠠᠢᠭ᠎ᠠ ᠬᠠᠷᠢ ᠶᠢᠨ ᠬᠥᠮᠦᠨ᠂ ᠡᠰᠡᠪᠡᠯ ᠲᠦᠷ ᠰᠠᠭᠤᠭᠴᠢ ᠨᠢ ᠪᠠᠶᠠᠵᠢᠵᠤ᠂ ᠲᠡᠭᠦᠨ ᠦ ᠳᠡᠷᠭᠡᠳᠡᠬᠢ ᠠᠬ᠎ᠠ ᠳᠡᠭᠦᠦ ᠴᠢᠨᠢ ᠶᠠᠳᠠᠭᠤᠷᠠᠵᠤ ᠲᠠ ᠨᠠᠷ ᠤᠨ ᠳᠡᠷᠭᠡᠳᠡ ᠲᠦᠷ ᠰᠠᠭᠤᠵᠤ ᠪᠤᠢ ᠬᠠᠷᠢ ᠶᠢᠨ ᠬᠥᠮᠦᠨ ᠳᠦ᠂ ᠡᠰᠡᠪᠡᠯ ᠬᠠᠷᠢ ᠶᠢᠨ ᠠᠢᠮᠠᠭ ᠲᠤ ᠪᠣᠭᠣᠯᠴᠢᠯᠠᠭᠤᠯᠬᠤ ᠪᠣᠯᠣᠭᠰᠠᠨ ᠲᠣᠬᠢᠶᠠᠯᠳᠤᠯ ᠳᠤ᠂ 48 ᠬᠤᠳᠠᠯᠳᠤᠭᠳᠠᠭᠰᠠᠨ ᠤ ᠬᠢᠨᠢ ᠳᠠᠷᠠᠭ᠎ᠠ ᠴᠤ ᠲᠡᠭᠦᠨ ᠢ ᠵᠣᠯᠢᠵᠤ ᠪᠣᠯᠣᠨ᠎ᠠ᠃ ᠠᠬ᠎ᠠ ᠳᠡᠭᠦᠦ ᠨᠠᠷ ᠤᠨ ᠬᠢᠨᠢ ᠳᠤᠮᠳᠠ ᠠᠴᠠ ᠨᠢᠭᠡ ᠬᠥᠮᠦᠨ᠂ 49 ᠡᠰᠡᠪᠡᠯ ᠲᠡᠭᠦᠨ ᠦ ᠠᠪᠠᠭ᠎ᠠ᠂ ᠡᠰᠡᠪᠡᠯ ᠲᠡᠭᠦᠨ ᠦ ᠠᠪᠠᠭ᠎ᠠ ᠶᠢᠨ ᠬᠦᠦ᠂ ᠡᠰᠡᠪᠡᠯ ᠲᠡᠭᠦᠨ ᠦ ᠠᠢᠮᠠᠭ ᠠᠴᠠ ᠨᠢᠭᠡᠨ ᠣᠢᠷ᠎ᠠ ᠶᠢᠨ ᠬᠠᠮᠢᠶᠠᠲᠠᠨ ᠨᠢ ᠲᠡᠭᠦᠨ ᠢ ᠵᠣᠯᠢᠬᠤ ᠤᠴᠢᠷ ᠲᠠᠢ᠃ ᠡᠰᠡᠪᠡᠯ ᠲᠡᠷᠡ ᠥᠪᠡᠷ ᠢᠶᠡᠨ ᠪᠠᠶᠠᠵᠢᠵᠤ ᠥᠪᠡᠷ ᠢ ᠪᠠᠨ ᠵᠣᠯᠢᠵᠤ ᠴᠤ ᠪᠣᠯᠣᠨ᠎ᠠ᠃ 50 ᠲᠡᠢᠮᠦ ᠲᠣᠬᠢᠶᠠᠯᠳᠤᠯ ᠳᠤ᠂ ᠲᠡᠷᠡ ᠪᠡᠷ ᠥᠪᠡᠷ ᠢ ᠨᠢ ᠬᠤᠳᠠᠯᠳᠤᠨ ᠠᠪᠤᠭᠴᠢ ᠲᠠᠢ ᠬᠠᠮᠲᠤ ᠬᠤᠳᠠᠯᠳᠤᠭᠳᠠᠭᠰᠠᠨ ᠲᠡᠷᠡ ᠵᠢᠯ ᠡᠴᠡ ᠡᠪᠡᠷ ᠪᠦᠷᠢᠶᠡᠳᠡᠯᠲᠡ ᠶᠢᠨ ᠵᠢᠯ ᠬᠦᠷᠲᠡᠯᠡᠬᠢ ᠬᠤᠭᠤᠴᠠᠭ᠎ᠠ ᠶᠢ ᠲᠣᠭᠠᠯᠠᠬᠤ ᠬᠡᠷᠡᠭᠲᠡᠢ᠃ ᠦᠨ᠎ᠡ ᠶᠢ ᠨᠢ ᠲᠥᠯᠥᠬᠦ ᠳᠡᠭᠡᠨ ᠲᠡᠷᠡ ᠬᠤᠭᠤᠴᠠᠭᠠᠨ ᠳᠠᠬᠢ ᠬᠥᠯᠥᠰᠥᠨ ᠦ ᠬᠥᠮᠦᠨ ᠦ ᠣᠯᠬᠤ ᠬᠥᠯᠥᠰᠥ ᠶᠢ ᠦᠨᠳᠦᠰᠦᠯᠡᠨ᠎ᠡ᠃ 51 ᠬᠡᠷᠪᠡ ᠣᠯᠠᠨ ᠵᠢᠯ ᠦᠯᠡᠳᠡᠭᠰᠡᠨ ᠪᠠᠢᠪᠠᠯ᠂ ᠬᠤᠳᠠᠯᠳᠤᠭᠳᠠᠬᠤ ᠳᠠᠭᠠᠨ ᠦᠨᠡᠯᠡᠭᠦᠯᠦᠭᠰᠡᠨ ᠮᠥᠩᠭᠥᠨ ᠦ ᠬᠠᠷᠢᠴᠠᠯ ᠢᠶᠠᠷ ᠵᠣᠯᠢᠶᠠᠰᠤ ᠶᠢ ᠲᠥᠯᠥᠬᠦ ᠶᠣᠰᠣᠲᠠᠢ᠃ 52 ᠬᠡᠷᠪᠡ ᠡᠪᠡᠷ ᠪᠦᠷᠢᠶᠡᠳᠡᠯᠲᠡ ᠶᠢᠨ ᠵᠢᠯ ᠬᠦᠷᠲᠡᠯ᠎ᠡ ᠴᠥᠭᠡᠨ ᠵᠢᠯ ᠦᠯᠡᠳᠡᠭᠰᠡᠨ ᠪᠠᠢᠪᠠᠯ ᠲᠡᠷᠡ ᠵᠢᠯ ᠤᠳ ᠢ ᠲᠣᠭᠠᠯᠠᠵᠤ᠂ ᠵᠣᠬᠢᠰᠲᠠᠢ ᠦᠨ᠎ᠡ ᠶᠢ ᠵᠣᠯᠢᠶ᠎ᠠ ᠪᠣᠯᠭᠠᠨ ᠲᠥᠯᠥᠬᠦ ᠶᠣᠰᠣᠲᠠᠢ᠃ 53 ᠡᠵᠡᠨ ᠨᠢ ᠵᠢᠯ ᠪᠦᠷᠢ ᠲᠡᠭᠦᠨ ᠳᠦ ᠬᠥᠯᠥᠰᠥᠨ ᠦ ᠬᠥᠮᠦᠨ ᠳᠡᠭᠡᠨ ᠬᠠᠨᠳᠤᠬᠤ ᠰᠢᠭ᠋ ᠬᠠᠨᠳᠤᠬᠤ ᠶᠣᠰᠣᠲᠠᠢ᠃ ᠡᠵᠡᠨ ᠨᠢ ᠲᠠ ᠨᠠᠷ ᠤᠨ ᠨᠢᠳᠦᠨ ᠳᠡᠭᠡᠷ᠎ᠡ ᠲᠡᠭᠦᠨ ᠢ ᠬᠠᠲᠠᠭᠤ ᠰᠢᠷᠦᠭᠦᠨ ᠳᠠᠷᠤᠯᠠᠵᠤ ᠪᠣᠯᠬᠤ ᠦᠭᠡᠢ᠃ 54 ᠡᠳᠡᠭᠡᠷ ᠠᠷᠭ᠎ᠠ ᠪᠠᠷ ᠵᠣᠯᠢᠭᠳᠠᠭ᠎ᠠ ᠦᠭᠡᠢ ᠪᠠᠢᠭᠰᠠᠨ ᠴᠤ ᠡᠪᠡᠷ ᠪᠦᠷᠢᠶᠡᠳᠡᠯᠲᠡ ᠶᠢᠨ ᠵᠢᠯ ᠳᠤ ᠲᠡᠷᠡ ᠬᠡᠦᠬᠡᠳ ᠤᠳ ᠲᠠᠢ ᠪᠠᠨ ᠬᠠᠮᠲᠤ ᠭᠠᠷᠴᠤ ᠶᠠᠪᠤᠬᠤ ᠪᠣᠯᠣᠨ᠎ᠠ᠃ 55 ᠤᠴᠢᠷ ᠨᠢ ᠢᠰᠷᠧᠯᠴᠦᠳ ᠪᠣᠯ ᠮᠢᠨᠦ ᠵᠠᠷᠤᠴᠠ ᠶᠤᠮ᠃ ᠲᠡᠳᠡ ᠪᠣᠯ ᠮᠢᠨᠦ ᠵᠠᠷᠤᠴᠠ᠂ ᠲᠡᠳᠡᠨ ᠢ ᠪᠢ ᠶᠧᠵᠢᠫᠲ ᠡᠴᠡ ᠭᠠᠷᠭᠠᠭᠰᠠᠨ ᠪᠢᠯᠡ᠃ ᠲᠠ ᠨᠠᠷ ᠤᠨ ᠪᠤᠷᠬᠠᠨ ᠪᠣᠯ ᠶᠣᠬᠣᠸᠠ ᠪᠢ᠃